ᠲᠠᠳᠠᠳᠤᠩᠭ᠎ᠠ

ᠣᠩᠰᠢᠭᠰᠠᠨ ᠤᠳᠠᠭ᠎ᠠ ᠄ 9286     ᠨᠡᠶᠢᠳᠡᠯᠡᠭᠰᠡᠨ ᠴᠠᠭ ᠄ 2016/5/10 10:05:39


       ᠲᠠᠳᠠᠳᠤᠩᠭ᠎ᠠ ᠶ᠋ᠢᠨ ᠲᠦᠷᠦᠭᠰᠡᠨ ᠤᠨ ᠵᠢᠯ ᠲᠤᠳᠤᠷᠬᠠᠢ ᠦᠭᠡᠢ ᠃ ᠲᠡᠷᠡ ᠤᠤᠯ ‍ᠤᠨ ᠨᠠᠢᠮᠠᠨ ᠠᠶᠢᠮᠠᠭ ‍ᠤᠨ ᠲᠠᠶᠠᠨ ᠬᠠᠨ ᠠᠯᠳᠠᠨ ᠲᠠᠮᠠᠭ᠎ᠠ ᠶ᠋ᠢ ᠬᠠᠮᠢᠶᠠᠷᠴᠦ ᠪᠠᠶᠢᠭᠰᠠᠨ ᠶᠡᠬᠡ ᠲᠦᠰᠢᠮᠡᠯ ᠪᠠᠶᠢᠵᠠᠢ ᠃ ᠨᠠᠢᠮᠠᠨ ᠠᠶᠢᠮᠠᠭ ᠮᠦᠬᠦᠭᠡᠭᠳᠡᠭᠰᠡᠨ ᠤ ᠲᠠᠷᠠᠭ᠎ᠠ ᠲᠡᠷᠡ ᠴᠢᠩᠭᠢᠰ ᠬᠠᠭᠠᠨ ᠳ᠋ᠥ ᠦᠢᠯᠡᠴᠢᠯᠡᠪᠠ ᠃ ᠲᠡᠭᠦᠨ ᠤ ᠬᠠᠮᠤᠭ ᠶᠡᠬᠡ ᠭᠠᠪᠢᠶ᠎ᠠ ᠵᠢᠳᠭᠦᠯ ᠪᠤᠯ ᠤᠶᠢᠭᠤᠷ ᠦᠰᠦᠭ ‍ᠤᠨ ᠰᠠᠭᠤᠷᠢᠨ ᠪᠤᠰᠤᠭ᠎ᠠ ᠮᠤᠩᠭᠤᠯ ᠦᠰᠦᠭ ‍ᠢ ᠵᠤᠬᠢᠶᠠᠵᠠᠢ ᠃ ᠮᠤᠩᠭᠤᠯ ᠦᠰᠦᠭ ‍ᠢ ᠵᠤᠬᠢᠶᠠᠭᠰᠠᠨ ᠨᠢ ᠮᠤᠩᠭᠤᠯ ᠬᠠᠭᠠᠨᠳᠦ ᠤᠯᠤᠰ ‍ᠤᠨ ᠪᠠᠶᠢᠭᠤᠯᠤᠭᠳᠠᠬᠤ ᠪᠠ ᠬᠤᠵᠢᠮ ‍ᠤᠨ ᠶᠡᠬᠡ ᠶᠤᠸᠠᠨ ᠤᠯᠤᠰ ‍ᠤᠨ ᠪᠠᠶᠢᠭᠤᠯᠤᠭᠳᠠᠬᠤ ᠵᠢᠴᠢ ᠮᠤᠩᠭᠤᠯ ᠦᠨᠳᠦᠰᠦᠳᠡᠨ ᠤ ᠰᠤᠶᠤᠯ ‍ᠤᠨ ᠬᠦᠭᠵᠢᠯ ᠳ᠋ᠥ ᠠᠯᠤᠰ ᠬᠡᠳᠦ ᠶ᠋ᠢᠨ ᠠᠴᠢ ᠬᠤᠯᠪᠤᠭᠳᠠᠯ ᠲᠠᠢ  ᠃
     《 ᠶᠤᠸᠠᠨ ᠤ ᠲᠡᠤᠬᠡ》 ᠳᠤ ᠲᠡᠮᠳᠡᠭᠯᠡᠭᠰᠡᠨ ᠢᠶᠠᠷ ᠲᠠᠳᠠᠳᠤᠩᠭ᠎ᠠ ᠪᠤᠯ ᠮᠤᠩᠭᠤᠯ ‍ᠤᠨ ᠦᠨᠳᠦᠷᠯᠢᠭ ‍ᠤᠨ ᠪᠠᠷᠠᠭᠤᠨ ᠬᠡᠰᠡᠭ ‍ᠤᠨ ᠶᠡᠬᠡᠬᠡᠨ ᠠᠶᠢᠮᠠᠭ ᠨᠠᠢᠮᠠᠨ ᠠᠶᠢᠮᠠᠭ ‍ᠤᠨ ᠲᠠᠶᠠᠨ ᠬᠠᠨ ᠤ ᠠᠯᠳᠠᠨ ᠲᠠᠮᠠᠭ᠎ᠠ ᠂ ᠵᠤᠭᠤᠰ ᠮᠦᠩᠬᠦ ᠂ ᠠᠮᠤ ᠪᠤᠳᠠᠭ᠎ᠠ ᠶ᠋ᠢ ᠬᠠᠮᠢᠶᠠᠷᠠᠬᠤ ᠲᠦᠰᠢᠮᠡᠯ  ᠪᠠᠶᠢᠪᠠ ᠃ ᠲᠠᠳᠠᠳᠤᠩᠭ᠎ᠠ ᠡᠷᠳᠡᠮ  ᠴᠢᠳᠠᠪᠤᠷᠢ ᠶᠡᠬᠡᠳᠡᠢ ᠂ ᠬᠤᠷᠴᠠ ᠰᠡᠷᠭᠦᠯᠡᠩ ᠬᠤᠯᠠᠴᠢ ᠤᠬᠠᠭᠠᠨ ᠲᠠᠢ ᠂ ᠬᠡᠯᠡ ᠠᠮᠠ ᠬᠤᠷᠴᠠ ᠂ ᠤᠶᠢᠭᠤᠷ ᠦᠰᠦᠭ  ᠲᠦ ᠨᠡᠪᠳᠡᠷᠬᠡᠢ ᠪᠤᠯᠬᠤᠷ ᠨᠠᠢᠮᠠᠨ ᠤ ᠲᠠᠶᠠᠨ ᠬᠠᠨ ᠬᠦᠨᠳᠤᠳᠭᠡᠨ ᠬᠡᠷᠡᠭᠯᠡᠵᠦ ᠂ ᠤᠯᠤᠰ ‍ᠤᠨ ᠪᠠᠭᠰᠢ ᠡᠷᠭᠦᠮᠵᠢᠯᠡᠵᠡᠢ ᠃ 1204 ᠤᠨ ᠳ᠋ᠥ ᠴᠢᠩᠭᠢᠰ ᠬᠠᠭᠠᠨ ᠴᠢᠬᠢᠷᠠᠭ ᠮᠤᠷᠢᠳᠦ ᠴᠡᠷᠢᠭ  ᠢᠶᠠᠷ ᠢᠶᠡᠨ ᠨᠠᠢᠮᠠᠨ ᠠᠶᠢᠮᠠᠭ ‍ᠢ ᠴᠤᠬᠢᠵᠠᠢ ᠃ ᠲᠠᠳᠠᠳᠤᠩᠭ᠎ᠠ  ᠴᠢᠩᠭᠢᠰ ᠬᠠᠭᠠᠨ  ᠤ ᠦᠨᠡᠨᠴᠢ ᠰᠡᠳᠭᠢᠯ ᠪᠠ ᠠᠭᠤᠤ ᠬᠦᠮᠦᠨ ᠤ ᠰᠦᠷ ᠭᠡᠷᠡᠯ ᠳ᠋ᠥ ᠰᠡᠳᠭᠢᠯ ᠬᠦᠳᠡᠯᠦᠨ ᠲᠤᠷᠠᠳᠠᠶᠢᠶ᠎ᠠ ᠴᠢᠩᠭᠢᠰ ᠬᠠᠭᠠᠨ ᠳ᠋ᠥ ᠦᠢᠯᠡᠴᠢᠯᠡᠵᠡᠢ ᠃ ᠴᠢᠩᠭᠢᠰ ᠬᠠᠭᠠᠨ ᠴᠢᠳᠠᠪᠤᠷᠢᠳᠠᠨ ‍ᠢ ᠬᠦᠨᠳᠤᠳᠭᠡᠨ ᠬᠡᠷᠡᠭᠯᠡᠳᠡᠭ ᠪᠤᠯᠬᠤᠷ ᠲᠠᠳᠠᠳᠤᠩᠭ᠎ᠠ ᠶ᠋ᠢ ᠦᠪᠡᠷ ‍ᠤᠨ ᠪᠡᠶ᠎ᠡ ᠳ᠋ᠥ ᠪᠠᠨ ᠦᠢᠯᠡᠴᠢᠯᠡᠬᠦ ᠬᠠᠭᠠᠨ ᠤ ᠲᠡᠷᠭᠡᠳᠡᠬᠢ ᠰᠢᠳᠡᠷ ᠲᠦᠰᠢᠮᠡᠯ ᠪᠤᠯᠭᠠᠨ ᠤᠷᠳᠤᠨ ᠤ ᠬᠠᠰ ᠲᠠᠮᠠᠭ᠎ᠠ ᠶ᠋ᠢ ᠬᠠᠮᠢᠶᠠᠷᠠᠭᠤᠯᠵᠠᠢ ᠃ ᠲᠠᠳᠠᠳᠤᠩᠭ᠎ᠠ ᠤᠶᠢᠭᠤᠷ ᠬᠡᠯᠡᠨ ᠳ᠋ᠥ ᠨᠡᠪᠳᠡᠷᠬᠡᠢ ᠪᠦᠭᠡᠳ ᠮᠤᠩᠭᠤᠯ ᠬᠡᠯᠡ ᠶ᠋ᠢ ᠴᠦ ᠮᠡᠳᠡᠳᠡᠭ ᠲᠤᠯᠠ ᠴᠢᠩᠭᠢᠰ ᠬᠠᠭᠠᠨ ᠲᠡᠭᠦᠨ ᠢᠶᠠᠷ ᠮᠤᠩᠭᠤᠯ ᠦᠰᠦᠭ ‍ᠢ ᠵᠤᠬᠢᠶᠠᠯᠭᠠᠬᠤ ᠭᠡᠵᠡᠢ  ᠃ ᠲᠠᠳᠠᠳᠤᠩᠭ᠎ᠠ  ᠦᠪᠡᠷ ‍ᠤᠨ ᠭᠦᠨ ᠵᠤᠵᠠᠭᠠᠨ ᠤᠶᠢᠭᠤᠷ ᠬᠡᠯᠡᠨ ᠤ ᠮᠡᠳᠡᠯᠭᠡ ᠪᠠ ᠦᠷᠭᠡᠨ ᠲᠡᠯᠭᠡᠷ ᠮᠤᠩᠭᠤᠯ ᠬᠡᠯᠡᠨ ᠤ ᠮᠡᠳᠡᠯᠭᠡ ᠳ᠋ᠥ ᠪᠠᠨ ᠲᠦᠰᠢᠭᠯᠡᠨ ᠂ ᠤᠶᠤᠨ  ᠤᠬᠠᠭᠠᠨ ᠰᠤᠳᠤᠯᠭᠠᠨ ᠢᠶᠠᠷ ᠢᠶᠡᠨ ᠤᠶᠢᠭᠤᠷ ᠦᠰᠦᠭ ‍ᠤᠨ ᠰᠠᠭᠤᠷᠢᠨ ᠮᠤᠩᠭᠤᠯ ᠦᠰᠦᠭ ‍ᠢ ᠵᠤᠬᠢᠶᠠᠵᠠᠢ ᠃ ᠡᠨᠡᠬᠦ ᠮᠤᠩᠭᠤᠯ ᠦᠰᠦᠭ ᠨᠢ ᠵᠠᠯᠭᠠᠮᠠᠯ ᠦᠶᠡᠳᠦ ᠪᠤᠰᠤᠭ᠎ᠠ ᠪᠠᠷ ᠵᠡᠭᠦᠨ ᠡᠴᠠ ᠪᠠᠷᠠᠭᠤᠨᠰᠢ  ᠪᠢᠴᠢᠵᠦ ᠂ ᠮᠤᠩᠭᠤᠯᠴᠤᠳ ‍ᠤᠨ ᠦᠰᠦᠭ ᠪᠢᠴᠢᠭ ᠲᠡᠮᠳᠡᠭᠯᠡᠬᠦ ᠳ᠋ᠥ ᠮᠠᠰᠢ ᠲᠤᠬᠢᠷᠠᠵᠠᠢ ᠃ ᠮᠤᠩᠭᠤᠯ ᠦᠰᠦᠭ ‍ᠢ ᠰᠤᠳᠤᠯᠤᠨ ᠵᠤᠬᠢᠶᠠᠭᠰᠠᠨ ᠡᠴᠠ ᠴᠢᠩᠭᠢᠰ ᠬᠠᠭᠠᠨ ᠲᠠᠳᠠᠳᠤᠩᠭ᠎ᠠ  ᠶ᠋ᠢ ᠨᠡᠩ ᠢᠯᠡᠭᠦᠦ ᠢᠳᠡᠭᠡᠨ ᠂ ᠦᠪᠡᠷ ‍ᠤᠨ ᠬᠡᠤᠬᠡᠳ ᠠᠴᠢᠨᠠᠷ ᠵᠢᠴᠢ ᠤᠯᠠᠨ ᠲᠦᠰᠢᠮᠡᠳ ‍ᠢ ᠪᠠᠭᠳᠠᠭᠠᠭᠰᠠᠨ ᠢᠵᠠᠭᠤᠷᠳᠠᠨ ᠤ ᠬᠡᠤᠬᠡᠳᠷ ᠲᠦ ᠰᠢᠨ᠎ᠡ ᠵᠤᠬᠢᠶᠠᠭᠰᠠᠨ  ᠮᠤᠩᠭᠤᠯ ᠦᠰᠦᠭ ᠢᠶᠡᠨ ᠵᠢᠭᠠᠭᠠᠯᠭᠠᠵᠠᠢ ᠃ ᠲᠠᠳᠠᠳᠤᠩᠭ᠎ᠠ ᠢᠩᠬᠢᠵᠦ ᠮᠤᠩᠭᠤᠯ ᠦᠨᠳᠦᠰᠦᠳᠡᠨ ᠤ ᠠᠩᠬᠠᠨ ᠤ ᠦᠶ᠎ᠡ ᠶ᠋ᠢᠨ ᠰᠤᠶᠤᠯ ᠮᠡᠳᠡᠯᠭᠡᠳᠡᠨ ‍ᠢ ᠬᠦᠮᠦᠵᠢᠭᠦᠯᠦᠨ ᠭᠠᠷᠭᠠᠵᠠᠢ ᠃  ᠲᠡᠭᠡᠭᠡᠳ ᠮᠤᠩᠭᠤᠯ ᠦᠰᠦᠭ ᠮᠠᠰᠢ ᠲᠦᠷᠭᠡᠨ ᠢᠶᠠᠷ ᠮᠤᠩᠭᠤᠯᠴᠤᠳ ‍ᠤᠨ ᠲᠤᠮᠳᠠ ᠲᠠᠷᠬᠠᠨ ᠲᠡᠯᠭᠡᠷᠡᠭᠡᠳ ᠤᠳᠤ ᠪᠤᠯᠳᠠᠯ᠎ᠠ 800 ᠭᠠᠷᠤᠢ ᠵᠢᠯ ᠬᠡᠷᠡᠭᠯᠡᠭᠰᠡᠭᠡᠷ ᠪᠠᠶᠢᠨ᠎ᠠ ᠃ ᠡᠶᠢᠮᠦ ᠡᠴᠠ ᠲᠠᠳᠠᠳᠤᠩᠭ᠎ᠠ ᠶ᠋ᠢᠨ ᠵᠤᠬᠢᠶᠠᠭᠰᠠᠨ ᠮᠤᠩᠭᠤᠯ ᠦᠰᠦᠭ  ᠲᠤᠮᠳᠠᠳᠦ ᠤᠯᠤᠰ ᠪᠠ ᠲᠡᠯᠡᠬᠡᠢ  ᠳ᠋ᠠᠬᠢᠨ ᠳ᠋ᠥ ᠬᠡᠴᠢᠨᠡᠨ ᠶᠡᠬᠡ ᠨᠦᠯᠦᠭᠡ ᠲᠠᠢ ᠭᠡᠳᠡᠭ ‍ᠢ ᠦᠵᠡᠵᠦ ᠭᠠᠷᠴᠦ ᠪᠤᠯᠤᠨ᠎ᠠ ᠃                                                      ᠦᠯᠵᠡᠢ ᠤᠷᠴᠢᠭᠤᠯᠪᠠ
ᠢᠷᠡᠯᠳᠡ᠄ 《 ᠡᠯᠢᠭᠡᠨ ᠬᠠᠶᠢᠷᠠᠳᠤ ᠨᠠᠢᠮᠠᠨ 》 ᠬᠡᠬᠦ ᠨᠤᠮ ᠡᠴᠡ ᠨᠠᠶᠢᠷᠠᠭᠤᠯᠤᠭᠴᠢ᠄ ᠪᠤᠤ ᠵᠢᠨ ᠯᠢᠶᠠᠨ