ᠨᠠᠢᠮᠠᠨ ᠬᠣᠰᠢᠭᠣᠨ ᠤ ᠠᠷᠪᠠᠨ ᠲᠦᠷᠪᠡᠳᠣᠭᠡᠷ ᠵᠠᠰᠠᠭ ᠸᠠᠡᠭ ᠊᠊᠊᠊᠊᠊ ᠰᠦᠵᠦᠭᠳᠣᠪᠠᠭᠠᠳᠣᠷ

ᠣᠩᠰᠢᠭᠰᠠᠨ ᠤᠳᠠᠭ᠎ᠠ ᠄ 7597     ᠨᠡᠶᠢᠳᠡᠯᠡᠭᠰᠡᠨ ᠴᠠᠭ ᠄ 2016/5/4 16:39:13

       ᠨᠠᠢᠮᠠᠨ ᠬᠣᠰᠢᠭᠣᠨ ᠤ ᠠᠷᠪᠠᠨ ᠭᠣᠷᠪᠠᠳᠣᠭᠠᠷ ᠸᠠᠡᠭ ᠮᠠᠰᠢᠪᠠᠭᠠᠳᠣᠷ ᠸᠠᠡᠭ ᠨᠠᠰᠣ ᠨᠦᠭᠴᠢᠭᠰᠡᠨ ᠤ ᠲᠠᠷᠠᠭ᠎ᠠ ᠂  ᠲᠡᠬᠦᠨ ᠤ ᠠᠪᠠᠯᠢ ᠬᠠᠳᠣᠨ ᠷᠢᠨᠴᠢᠨᠮᠸᠳᠦᠭ ᠡᠴᠠ ᠲᠦᠷᠦᠭᠰᠡᠨ ᠬᠦᠪᠡᠬᠦᠨ ᠰᠦᠵᠦᠭᠳᠣᠪᠠᠭᠠᠳᠣᠷ ᠲᠣᠰᠢᠶᠠᠯ ᠢ  ᠵᠠᠯᠭᠠᠮᠵᠢᠯᠠᠨ 17 ᠨᠠᠰᠣᠨ ᠳᠠᠭᠠᠨ ᠨᠠᠢᠮᠠᠨ ᠬᠣᠰᠢᠭᠣᠨ ᠤ 14 ᠳ᠋ᠣᠭᠡᠷ ᠵᠠᠰᠠᠭ ᠸᠠᠡᠭ ᠪᠣᠯᠵᠡᠢ ᠃  ᠰᠦᠵᠦᠭᠳᠣᠪᠠᠭᠠᠳᠣᠷ ᠪᠠᠳᠠᠷᠠᠭᠣᠯᠳᠣ ᠲᠦᠷᠣ ᠶ᠋ᠢᠨ ᠠᠷᠪᠠᠨ ᠲᠦᠷᠪᠡᠳᠣᠭᠡᠷ ᠣᠨ( 1888 ) ᠳ᠋ᠤ ᠮᠡᠨᠳᠣᠯᠡᠵᠡᠢ ᠃ 

       ᠰᠦᠵᠦᠭᠳᠣᠪᠠᠭᠠᠳᠣᠷ ᠡᠷᠳᠡᠮ ᠴᠢᠳᠠᠪᠣᠷᠢ ᠬᠣᠣᠰᠯᠠᠵᠣ ᠠᠷᠣᠤᠬᠠᠨ ᠬᠡᠬᠡᠮᠰᠦᠭ ᠪᠡᠶ᠎ᠡ  ᠪᠠᠶᠢᠳᠠᠯ ᠲᠠᠢ ᠂ ᠬᠡᠷᠡᠭ ᠶᠠᠪᠣᠳᠠᠯ  ᠰᠢᠢᠳᠪᠣᠷᠢᠯᠡᠬᠦ ᠳ᠋ᠤ ᠡᠷᠡᠰ ᠰᠢᠭᠣᠷᠬᠠᠢ ᠂ ᠣᠷᠠᠨ ᠰᠡᠳᠬᠢᠮᠵᠢ ᠲᠦᠷᠭᠡᠨ ᠪᠣᠯᠬᠣᠷ ᠬᠣᠰᠢᠭᠣᠨ ᠲᠣᠳᠣᠷᠠᠬᠢ ᠨᠣᠶᠠᠳ ᠲᠠᠶᠢᠵᠢ ᠪᠠ ᠰᠣᠮᠣᠨ ᠡᠷ᠎ᠡ ᠶ᠋ᠢᠨ ᠬᠦᠷᠢᠶᠡᠯᠡᠯ ᠢ ᠬᠦᠨ ᠬᠦᠷᠳᠡᠭᠰᠡᠨ ᠬᠦᠮᠣᠨ ᠪᠢᠯᠡ ᠃ ᠪᠠᠳᠠᠷᠠᠭᠣᠯᠳᠣ ᠲᠦᠷᠣ ᠶ᠋ᠢᠨ  ᠭᠣᠴᠢᠨ ᠲᠦᠷᠪᠡᠳᠣᠭᠡᠷ ᠣᠨ ( 190 ᠣᠨ ) ᠳ᠋ᠤ ᠂ 20 ᠨᠠᠰᠣᠳᠠᠢ ᠨᠠᠢᠮᠠᠨ ᠬᠣᠰᠢᠭᠣᠨ ᠤ ᠵᠠᠰᠠᠭ ᠲᠦᠷᠣ ᠶ᠋ᠢᠨ  ᠲᠠᠷᠬᠠᠨ ᠵᠢᠶᠦ᠋ᠨ ᠰᠦᠵᠦᠭᠳᠣᠪᠠᠭᠠᠳᠣᠷ ᠲᠦᠷᠣ ᠳ᠋ᠤ ᠰᠢᠳᠠᠷ ᠶᠠᠪᠣᠭᠴᠢ ᠪᠠᠷ ᠡᠷᠬᠦᠮᠵᠢᠯᠡᠭᠳᠡᠨ ᠂ ᠵᠢᠷᠭᠣᠭᠠᠨ  ᠰᠠᠷ᠎ᠠ ᠳ᠋ᠤᠨᠢ ᠂ ᠭᠣᠷᠪᠠᠨ ᠨᠢᠳᠣᠳᠣ ᠣᠳᠣᠭ᠎ᠠ ᠵᠡᠬᠦᠯᠬᠡᠪᠡ ᠃ ᠡᠬᠦᠨ ᠡᠴᠠ ᠲᠡᠷᠡ ᠬᠠᠳᠠᠭᠣ ᠪᠡᠷᠭᠡ ᠲᠠᠢ ᠡᠡᠭᠬᠦᠯ  ᠲᠣᠡᠭᠬᠣᠯ ᠣᠯᠣᠰ ᠲᠦᠷᠣ ᠶ᠋ᠢᠨ ᠠᠮᠢᠳᠣᠷᠠᠯ ᠢᠶᠡᠨ ᠡᠬᠢᠯᠡᠭᠰᠡᠨ  ᠪᠠᠶᠢᠨ᠎ᠠ ᠃ ᠲᠡᠬᠦᠨ ᠤ ᠣᠯᠣᠰ ᠲᠦᠷᠣ ᠶ᠋ᠢᠨ  ᠠᠮᠢᠳᠣᠷᠠᠯ ᠤᠨ ᠭᠠᠪᠢᠶ᠎ᠠ ᠵᠢᠳᠬᠦᠯ ᠤᠨ ᠲᠣᠬᠠᠢ ᠦᠨᠡᠯᠡᠯᠳᠡ ᠠᠳᠠᠯᠢ ᠪᠣᠰᠣ  ᠪᠠᠶᠢᠨ᠎ᠠ ᠃ ᠰᠦᠵᠦᠭᠳᠣᠪᠠᠭᠠᠳᠣᠷ  ᠸᠠᠡᠭ ᠤᠨ ᠲᠣᠬᠠᠢ ᠮᠠᠲ᠋ᠸᠷᠢᠶᠠᠯ ᠲᠡᠮᠡᠢ ᠠᠷᠪᠢᠨ ᠪᠣᠰᠣ ᠂ ᠬᠣᠪᠢ ᠬᠦᠮᠣᠨ ᠬᠣᠯᠪᠣᠭᠳᠠᠯ ᠪᠦᠬᠦᠢ ᠣᠯᠳᠠᠭᠰᠠᠨ  ᠮᠠᠲ᠋ᠸᠷᠢᠶᠠᠯ ᠢᠶᠡᠨ ᠦᠨᠳᠣᠰᠣᠯᠡᠵᠣ ᠡᠨᠡᠬᠦ ᠲᠣᠮᠣᠭᠳᠣ ᠸᠠᠡᠭ ᠤᠨ ᠲᠣᠬᠠᠢ ᠪᠢᠴᠢᠵᠣ ᠡᠷᠳᠡᠮᠳᠡᠨ ᠲᠡᠣᠭᠡᠴᠢ  ᠰᠣᠳᠣᠯᠣᠭᠴᠢᠳ ᠲᠤ  ᠴᠢᠨᠠᠭᠰᠢ ᠬᠠᠶᠢᠨ ᠰᠣᠳᠣᠯᠬᠣ ᠳ᠋ᠤ ᠰᠦᠪᠡᠭᠴᠢ ᠲᠠᠯᠪᠢᠰᠣᠭᠠᠢ ᠃

       ᠠᠷᠣ ᠮᠣᠡᠭᠭᠣᠯ ᠤᠨ ᠨᠡᠬᠦᠳᠡᠯᠴᠢᠨ ᠠᠷᠠᠳ ᠢ ᠦᠯᠳᠡᠨ ᠬᠦᠬᠡᠬᠡᠭᠰᠡᠨ ᠬᠡᠷᠡᠭ ᠢ ᠬᠣᠷᠢᠭᠯᠠᠭᠰᠠᠨ ᠨᠢ      ᠰᠦᠵᠦᠭᠳᠣᠪᠠᠭᠠᠳᠣᠷ ᠰᠢᠳᠠᠷ ᠶᠠᠪᠣᠭᠴᠢ ᠶ᠋ᠢᠨ ᠲᠣᠰᠢᠶᠠᠯ ᠲᠠᠢ ᠲᠣᠯᠠ ᠵᠢᠯ ᠲᠣᠵᠢ ᠳ᠋ᠤ ᠵᠢᠡᠭ ᠬᠤᠳᠠᠨ ᠳ᠋ᠤ ᠠᠯᠪᠠ  ᠬᠠᠭᠠᠵᠣ ᠂ ᠬᠣᠰᠢᠭᠣᠨ ᠤ ᠶᠠᠪᠣᠳᠠᠯ ᠢᠶᠡᠨ ᠭᠣᠣᠯᠳᠠᠭᠣ ᠲᠠᠮᠠᠭᠠᠨ ᠲᠣᠰᠠᠯᠠᠭᠴᠢ ᠷᠣᠯᠮᠠᠵᠠᠪ ᠪᠠ  ᠮᠠᠶᠢᠷᠡᠨ ᠦᠯᠢᠡᠭᠭ᠎ᠠ (  ᠰᠢᠪᠰᠢᠭᠣᠳ ᠣᠪᠣᠭᠳᠠᠨ - ᠰᠡᠬᠦᠯ ᠳ᠋ᠤᠨᠢ ᠵᠠᠬᠢᠷᠣᠭᠴᠢ ᠪᠣᠯᠪᠠ ) ᠵᠡᠷᠭᠡ ᠬᠦᠮᠣᠨ ᠤ  ᠰᠢᠢᠳᠬᠡᠬᠦ ᠳ᠋ᠤ ᠲᠦᠰᠢᠵᠣ ᠂  ᠵᠦᠪᠬᠡᠨ ᠴᠢᠬᠣᠯᠠ ᠶᠡᠬᠡ ᠬᠡᠷᠡᠭ ᠶᠠᠪᠣᠳᠠᠯ ᠪᠣᠯ  ᠰᠠᠶ᠋ᠢ ᠵᠢᠡᠭ ᠬᠣᠳᠠᠨ ᠳ᠋ᠤ ᠣᠴᠢᠵᠣ ᠵᠢᠶᠦ᠋ᠨ ᠸᠠᠡᠭ ᠳ᠋ᠤ ᠮᠡᠳᠡᠬᠦᠯᠣᠨ  ᠲᠣᠭᠳᠠᠭᠠᠳᠠᠭ  ᠪᠠᠶᠢᠵᠠᠢ᠃ ᠴᠢᠡᠭ ᠣᠯᠣᠰ ᠤᠨ ᠭᠡᠪᠳᠣ ᠶᠣᠰᠣᠨ ᠤ ᠬᠣᠶᠠᠳᠣᠭᠠᠷ ᠣᠨ ᠤ 3 ᠰᠠᠷ᠎ᠠ ᠳ᠋ᠤ ( 1910  ᠣᠨ ᠤ 4 ᠰᠠᠷ᠎ᠠ ) ᠮᠠᠶᠢᠷᠡᠨ ᠦᠯᠢᠡᠭᠭ᠎ᠠ ᠂ ᠨᠦᠡᠭᠨᠠᠢ ᠵᠡᠷᠭᠡ ᠬᠦᠮᠣᠨ ᠬᠠᠯᠬ᠎ᠠ ᠮᠣᠡᠭᠭᠣᠯ ᠤᠨ ᠲᠣᠰ ᠬᠣᠰᠢᠭᠣᠨ ᠳ᠋ᠤ  ᠠᠮᠢᠳᠣᠷᠠᠵᠣ  ᠪᠠᠶᠢᠭ᠎ᠠ ᠨᠡᠬᠦᠳᠡᠯᠴᠢᠨ ᠠᠷᠠᠳ ᠢ ᠬᠦᠬᠡᠬᠡᠵᠣ ᠶᠠᠪᠣᠭᠣᠯᠬᠣ ᠪᠠᠷ ᠲᠣᠭᠳᠠᠪᠠ ᠃ ᠲᠡᠳᠡᠨᠠᠷ ᠪᠠᠰᠠ ᠨᠢᠬᠡᠨᠳᠡ  ᠠᠵᠢᠯᠯᠠᠭ᠎ᠠ ᠪᠠᠨ ᠵᠣᠭᠰᠣᠭᠠᠳ 20 ᠢᠯᠡᠬᠦᠣ ᠵᠢᠯ ᠪᠣᠯᠣᠭ᠎ᠠ 《 ᠡᠪᠣᠭᠡᠳ ᠤᠨ ᠬᠣᠷᠠᠯ 》 ᠤᠨ ᠬᠡᠰᠢᠬᠦᠳ ᠢ  ᠴᠣᠭᠯᠠᠭᠣᠯᠣᠨ ᠵᠦᠪᠯᠡᠯᠳᠣᠪᠡ ᠂ ᠬᠣᠰᠢᠭᠣᠨ ᠲᠣᠳᠣᠷᠠᠬᠢ ᠣᠯᠠᠡᠭᠬᠢ ᠨᠣᠶᠠᠳ ᠲᠦᠰᠢᠮᠡᠳ ᠴᠦ ᠡᠨᠡ ᠲᠣᠭᠳᠠᠭᠠᠯ ᠢ  ᠲᠡᠮᠵᠢᠵᠡᠢ ᠃ ᠲᠡᠳᠡ 300 ᠢᠯᠡᠬᠦᠣ ᠬᠦᠮᠣᠨ ᠢ ᠵᠣᠬᠢᠶᠠᠨ  ᠪᠠᠶᠢᠭᠤᠯᠤᠨ ᠡᠯ᠎ᠡ ᠰᠣᠮᠣ ᠳ᠋ᠤ ᠣᠴᠢᠭᠣᠯᠣᠨ 《 ᠬᠡᠷᠪᠡ  ᠲᠣᠰ ᠬᠣᠰᠢᠭᠣᠨ ᠤ ᠬᠦᠮᠣᠨ ᠠᠷᠣ ᠮᠣᠡᠭᠭᠣᠯ ᠤᠨ ᠬᠦᠮᠣᠨ ᠢ ᠦᠯᠡᠳᠡᠬᠡᠨ ᠠᠪᠴᠣ ᠬᠦᠴᠣᠨ ᠤ ᠬᠦᠮᠣᠨ ᠪᠣᠯᠭᠠᠵᠣ  ᠬᠦᠬᠡᠬᠡᠨ ᠶᠠᠪᠣᠭᠣᠯᠬᠣ ᠦᠬᠡᠢ ᠪᠣᠯ ᠲᠠᠷᠣᠢ ᠳ᠋ᠤᠨᠢ ᠶᠠᠯᠠᠯᠠᠨ  ᠰᠢᠢᠳᠭᠡᠨ᠎ᠠ; ᠬᠡᠷᠪᠡ ᠠᠷᠣ ᠮᠣᠡᠭᠭᠣᠯ ᠤᠨ ᠬᠦᠮᠣᠨ  ᠵᠣᠷᠢᠭᠣᠳᠠ ᠶᠠᠪᠣᠬᠣ ᠦᠬᠡᠢ ᠪᠣᠯ ᠲᠡᠬᠦᠨ ᠤ ᠬᠡᠷ  ᠪᠠᠶᠢᠰᠢᠩ ᠢ ᠨᠢ ᠭᠠᠯᠳᠠᠵᠣ ᠠᠯᠪᠠᠳᠠᠨ ᠬᠦᠬᠡᠬᠡᠵᠣ ᠶᠠᠪᠣᠭᠣᠯᠣᠨ᠎ᠠ 》  ᠬᠡᠵᠣ  ᠨᠠᠶᠢᠳᠠᠯᠠᠪᠡ ᠃ ᠡᠬᠦᠨ ᠤ ᠲᠠᠷᠠᠭ᠎ᠠ ᠪᠦᠬᠦ ᠬᠣᠰᠢᠭᠣᠨ ᠦᠢᠮᠡᠬᠡᠨ ᠭᠠᠷᠴᠣ ᠲᠣᠭᠳᠠᠭᠣᠨ ᠪᠣᠰᠣ  ᠪᠠᠶᠢᠯ᠎ᠠ ᠃     

      ᠲᠣᠬᠠᠢ ᠶ᠋ᠢᠨ ᠦᠶ᠎ᠡ ᠳ᠋ᠤ ᠰᠦᠢ ᠳ᠋ᠦᠡᠭ ᠰᠢᠶᠠᠨ ( 1908 ᠣᠨ ᠳ᠋ᠤ ᠬᠦᠷᠢᠶ᠎ᠡ ᠪᠠᠯᠭᠠᠰᠣᠨ ᠳ᠋ᠤ  ᠪᠠᠶᠢᠭᠤᠯᠵᠦ ᠂  ᠨᠠᠢᠮᠠᠨ ᠬᠦᠷᠢᠶ᠎ᠡ ᠬᠣᠶᠠᠷ ᠬᠣᠰᠢᠭᠣ ᠪᠠ ᠬᠠᠯᠬ᠎ᠠ ᠵᠡᠬᠦᠨ ᠬᠣᠰᠢᠭᠣ ᠶ᠋ᠢᠨ ᠬᠡᠰᠡᠭ ᠭᠠᠵᠠᠷ ᠢ ᠬᠠᠷᠢᠶᠠᠯᠠᠵᠡᠢ ) ᠤ ᠬᠡᠷᠡᠭ  ᠮᠡᠳᠡᠭᠴᠢ ᠰᠦᠨ ᠿᠦ ᠺᠠᠢ ᠲᠡᠷᠡ ᠲᠠᠷᠣᠢ ᠳ᠋ᠤ ᠡᠨᠡ  ᠪᠠᠶᠢᠳᠠᠯ ᠢ ᠴᠣᠤᠶᠠᠡᠭ ᠹᠦ᠋ ᠶ᠋ᠢᠨ ᠮᠡᠳᠡᠭᠴᠢ ᠸᠠᠡᠭ ᠨᠠᠢ ᠪᠢᠨ (  ᠦᠬᠡᠷ᠎ᠡ ᠨᠡᠷ᠎ᠡ ᠨᠢ ᠸᠠᠡᠭ ᠱᠸᠤ ᠶᠣᠸᠠᠨ ) ᠤ ᠲᠡᠨᠳᠡ ᠮᠡᠳᠡᠬᠦᠯᠪᠠ ᠃ ᠡᠬᠦᠨ ᠤ ᠵᠡᠷᠭᠡᠪᠡᠷ ᠂ ᠠᠷᠣ ᠮᠣᠡᠭᠭᠣᠯ ᠤᠨ  ᠨᠡᠬᠦᠳᠡᠯᠴᠢᠨ ᠠᠷᠠᠳ ᠦᠯᠵᠡᠢ ᠂ ᠳᠢᠶᠧ ᠭᠠᠡᠭ ᠂ ᠬᠦᠯᠦᠭ ᠵᠡᠷᠭᠡ ᠠᠷᠪᠠ ᠭᠠᠷᠣᠢ ᠬᠦᠮᠣᠨ ᠪᠠᠰᠠ ᠴᠣᠣᠶᠠᠡᠭ ᠹᠦ᠋ ᠳ᠋ᠤ  ᠣᠴᠢᠵᠣ ᠵᠠᠭᠠᠯᠳᠣᠭᠰᠠᠨ  ᠪᠠᠶᠢᠨ᠎ᠠ ᠃        ᠴᠣᠣᠶᠠᠡᠭ ᠹᠦ᠋ ᠶ᠋ᠢᠨ ᠮᠡᠳᠡᠭᠴᠢ ᠨᠣᠶᠠᠨ ᠰᠣᠨᠣᠰᠣᠭᠠᠳ ᠂ ᠬᠡᠷᠡᠭ ᠣᠴᠢᠷ ᠦᠷᠭᠡᠳᠴᠣ ᠵᠢᠨᠳᠠᠨ ᠱᠠᠰᠢᠨ ᠤ  ᠦᠢᠮᠡᠭᠡᠨ ᠤ ᠵᠠᠮ ᠢᠶᠠᠷ ᠲᠡᠬᠢᠨ ᠣᠷᠣᠵᠣ ᠠᠷᠭᠠᠴᠠᠵᠣ  ᠳᠠᠶᠢᠯᠬᠦ ᠦᠬᠡᠢ ᠪᠣᠯᠬᠣ ᠡᠴᠠ ᠡᠮᠢᠶᠠᠵᠣ  ᠪᠠᠶᠢᠳᠠᠯ  ᠰᠢᠷᠣᠬᠦᠰᠬᠦ ᠶ᠋ᠢ ᠬᠢᠵᠠᠭᠠᠷᠯᠠᠬᠣ ᠶ᠋ᠢᠨ ᠲᠦᠯᠣᠭᠡ ᠂ ᠡᠡᠭ ᠲᠡᠷᠢᠬᠦᠨ ᠳ᠋ᠤ ᠵᠠᠷᠯᠢᠭ ᠭᠠᠷᠭᠠᠨ ᠰᠦᠢ ᠳ᠋ᠦ᠋ᠢᠡᠭ ᠰᠢᠶᠡᠨ ᠡᠴᠠ  ᠬᠣᠷᠴᠡ ᠴᠢᠳᠠᠮᠠᠭᠠᠢ ᠲᠣᠭᠣᠷᠢᠨ  ᠪᠠᠶᠢᠴᠠᠭᠠᠭᠴᠢ ᠲᠣᠮᠢᠯᠠᠨ ᠂ ᠴᠠᠭᠳᠠᠭ᠎ᠠ ᠲᠠᠢ ᠬᠠᠮᠵᠢᠯᠴᠠᠨ ᠲᠠᠷᠣᠯᠳᠠ ᠦᠵᠡᠬᠦᠯᠣᠨ᠎ᠡ  ᠃ ᠡᠬᠦᠨ ᠤ ᠬᠠᠮᠳᠣ ᠰᠣᠷᠭᠠᠭᠣᠯᠢᠯ ᠲᠠᠢ ᠴᠡᠷᠢᠭ ᠤᠨ ᠭᠣᠸᠠᠨᠳᠢ ( 官帯 ) ᠸᠠᠡᠭ ᠵᠸᠡᠭ ᠭᠠᠡᠭ ᠢ ᠨᠡᠷᠡᠳᠡᠨ  ᠲᠣᠮᠢᠯᠠᠵᠣ ᠂ ᠨᠠᠢᠮᠠᠨ ᠳ᠋ᠤ ᠰᠠᠭᠣᠯᠭᠠᠨ ᠂ ᠵᠡᠪᠰᠡᠭᠳᠣ ᠬᠦᠴᠣᠨ ᠢᠶᠠᠷ ᠰᠦᠷᠳᠡᠬᠦᠯᠣᠨ᠎ᠡ ᠬᠡᠵᠡᠢ ᠃ ᠡᠬᠦᠨ ᠤ ᠲᠠᠭᠠᠣ ᠂  ᠿᠤ ᠾᠧ ᠳ᠋ᠦ᠋ᠢᠲ᠋ᠦᠢᠡᠭ ᠴᠸᠡᠭ ᠰᠢᠶᠦ᠋ᠨ ᠳ᠋ᠤ ᠮᠡᠳᠡᠬᠦᠯᠣᠨ ᠂ ᠭᠠᠳᠠᠭᠠᠳᠣ ᠮᠣᠡᠭᠭᠣᠯ ᠤᠨ ᠲᠦᠷᠣ ᠶ᠋ᠢ ᠵᠠᠰᠠᠬᠣ  ᠶᠠᠮᠣᠨ ᠢᠶᠠᠷ ᠲᠡᠮᠵᠢᠨ ᠨᠠᠢᠮᠠᠨ ᠵᠢᠶᠦ᠋ᠨ ᠸᠠᠡᠭ ᠰᠦᠵᠦᠭᠳᠣᠪᠠᠭᠠᠳᠣᠷ ᠲᠤ 《 ᠲᠣᠰ ᠬᠣᠰᠢᠭᠣᠨ ᠤ ᠨᠣᠶᠠᠳ  ᠲᠦᠰᠢᠮᠡᠳ ᠢᠶᠡᠨ ᠴᠢᠡᠭᠭ᠎ᠠ ᠵᠠᠷᠯᠢᠭᠳᠡᠨ ᠠᠷᠣ ᠮᠣᠡᠭᠭᠣᠯ ᠤᠨ ᠨᠡᠬᠦᠳᠡᠯᠴᠢᠨ ᠠᠷᠠᠳ ᠢ ᠦᠯᠳᠡᠨ ᠬᠦᠬᠡᠬᠡᠬᠦ ᠶ᠋ᠢ  ᠵᠣᠭᠰᠣᠭᠠᠵᠣ < ᠡᠪᠣᠭᠡᠳ ᠤᠨ ᠬᠣᠷᠠᠯ > ᠢ ᠬᠦᠴᠣᠨ ᠦᠬᠡᠢ ᠪᠣᠯᠭᠠᠬᠣ ᠬᠡᠷᠡᠭᠲᠠᠢ 》 ᠬᠡᠵᠣ ᠲᠡᠮᠵᠢᠭᠣᠯᠪᠠ ᠃ ᠿᠤ  ᠾᠧ ᠳ᠋ᠦᠲ᠋ᠦ᠋ᠡᠭ ᠤᠨ ᠵᠠᠷᠯᠢᠭ ᠢ ᠵᠢᠷᠣᠮᠯᠡᠨ ᠂ ᠴᠣᠣᠶᠠᠡᠭ ᠹᠦ᠋ ᠶ᠋ᠢᠨ ᠮᠡᠳᠡᠭᠴᠢ ᠸᠠᠡᠭ ᠨᠠᠢ ᠪᠢᠨ 4 ᠳ᠋ᠣᠭᠡᠷ ᠰᠠᠷ᠎ᠠ ᠶ᠋ᠢᠨ  18 ᠤ ᠡᠳᠣᠷ ᠨᠠᠢᠮᠠᠨ ᠳ᠋ᠤ ᠢᠷᠡᠵᠣ ᠂ ᠰᠦᠢ ᠳ᠋ᠦᠡᠭ ᠰᠢᠶᠠᠨ ᠤ ᠮᠡᠳᠡᠭᠴᠢ ᠰᠦᠨ ᠿᠦ ᠺᠠᠢ ᠲᠠᠢ ᠬᠠᠮᠳᠣᠪᠡᠷ 21 ᠤ  ᠡᠳᠣᠷ ᠲᠠᠮᠠᠭᠠᠨ ᠲᠣᠰᠠᠯᠠᠭᠴᠢ ᠷᠣᠯᠮᠠᠵᠠᠪ ᠵᠡᠷᠭᠡ ᠲᠦᠷᠪᠡᠨ ᠨᠣᠶᠠᠳ ᠢ ᠴᠣᠭᠯᠠᠭᠣᠯᠣᠨ ᠂ ᠭᠡᠷᠡᠭ ᠶᠠᠪᠣᠳᠠᠯ ᠤᠨ ᠦᠨᠡᠨ   ᠪᠠᠶᠢᠳᠠᠯ ᠢ  ᠪᠠᠶᠢᠴᠠᠭᠠᠵᠠᠢ ᠃ ᠷᠣᠯᠮᠠᠵᠠᠪ ᠨᠠᠷ ᠡᠴᠠ ᠂ ᠬᠦᠬᠡᠬᠡᠵᠣ ᠶᠠᠪᠣᠭᠣᠯᠬᠣ ᠬᠡᠰᠡᠨ ᠬᠦᠮᠣᠰ ᠨᠢ ᠴᠦᠮ ᠲᠡᠳᠡᠭᠡᠷ  ᠬᠡᠪ ᠢᠶᠡᠨ ᠰᠠᠬᠢᠬᠣ ᠦᠬᠡᠢ ᠠᠷᠣ ᠮᠣᠡᠭᠭᠣᠯ ᠤᠨ ᠨᠡᠬᠦᠳᠡᠯᠴᠢᠨ ᠠᠷᠠᠳ ᠪᠣᠯᠣᠨ᠎ᠠ ᠭᠡᠪᠡ ᠂ ᠵᠠᠰᠠᠭ ᠸᠠᠡᠭ  ᠰᠦᠵᠦᠭᠳᠣᠪᠠᠭᠠᠳᠣᠷ ᠤᠨ ᠵᠠᠷᠯᠢᠭ ᠢ ᠣᠯᠣᠭᠰᠠᠨ ᠤ ᠲᠠᠷᠠᠭ᠎ᠠ ᠂ ᠬᠣᠰᠢᠭᠣᠨ ᠲᠣᠳᠣᠷ᠎ᠠ ᠦᠯᠳᠡᠨ ᠬᠦᠬᠡᠬᠡᠬᠦ  ᠠᠵᠢᠯᠯᠠᠭ᠎ᠠ ᠲᠠᠬᠢᠵᠣ ᠭᠠᠷᠤᠭᠰᠠᠨ ᠦᠬᠡᠢ ᠭᠡᠪᠡ ᠃ ᠡᠴᠣᠰ ᠲᠤ ᠴᠣᠤᠶᠠᠡᠭ ᠹᠦ᠋ ᠶ᠋ᠢᠨ ᠮᠡᠳᠡᠭᠴᠢ ᠨᠣᠶᠠᠨ ᠄ 《 ᠣᠨᠴᠠ  ᠵᠠᠷᠢᠮ ᠬᠡᠪ ᠢᠶᠡᠨ ᠰᠠᠬᠢᠬᠣ ᠦᠬᠡᠢ ᠨᠡᠬᠦᠳᠡᠯᠴᠢᠨ ᠠᠷᠠᠳ ᠢ ᠶᠠᠮᠣᠨ ᠤ ᠭᠠᠵᠠᠷ ᠬᠦᠷᠭᠡᠵᠣ ᠬᠠᠣᠯᠢ ᠴᠠᠭᠠᠵᠠ ᠶᠣᠰᠣᠭᠠᠷ  ᠶᠠᠯᠠᠯᠠᠨ ᠰᠢᠢᠳᠭᠡᠨ᠎ᠠ ᠂ ᠬᠠᠷᠢᠨ ᠪᠦᠬᠦᠳᠡ ᠶ᠋ᠢ ᠦᠯᠳᠡᠨ ᠬᠦᠬᠡᠬᠡᠵᠣ ᠪᠣᠯᠬᠣ ᠦᠬᠡᠢ 》 ᠭᠡᠵᠣ ᠵᠢᠭᠠᠵᠣ ᠭᠠᠷᠭᠠᠪᠠ ᠃  ᠢᠡᠭᠬᠢᠭᠡᠳ ᠬᠡᠷᠡᠭ ᠶᠠᠪᠣᠳᠠᠯ  ᠰᠠᠶ᠋ᠢ ᠨᠠᠮᠳᠠᠭᠰᠠᠨ  ᠪᠠᠶᠢᠨ᠎ᠠ ᠃

      ᠴᠠᠭᠠᠭᠴᠢᠨ ᠭᠠᠬᠠᠢ ᠵᠢᠯ ᠤᠨ ᠬᠣᠪᠢᠰᠬᠠᠯ ᠢ ᠬᠦᠷᠢᠶᠡᠯᠡᠵᠣ ᠪᠦᠬᠦᠳᠡ  ᠨᠠᠶᠢᠷᠡᠠᠮᠳᠠᠬᠤ ᠶ᠋ᠢᠨ ᠲᠣᠬᠠᠢ ᠦᠪᠡᠷ ᠤᠨ  ᠦᠵᠡᠯᠳᠡ ᠵᠣᠷᠢᠯᠳᠠ ᠪᠠᠨ ᠢᠯᠡᠳᠭᠡᠭᠰᠡᠨ ᠨᠢ  :1911 ᠣᠨ ᠤ 11 ᠰᠠᠷ᠎ᠠ ᠳ᠋ᠤ ᠣᠷᠣᠰ ᠬᠠᠯᠬ᠎ᠠ ᠮᠣᠡᠭᠭᠣᠯ ᠤᠨ ᠵᠢᠪᠽᠣᠨᠳᠠᠮᠪᠠ ᠬᠡᠬᠡᠨ ᠢ ᠦᠳᠣᠭᠡᠵᠣ  ᠲᠣᠰᠠᠭᠠᠷ ᠲᠣᠭᠳᠠᠨᠢᠬᠣ ᠪᠠᠷ ᠲᠣᠡᠭᠬᠠᠬᠯᠠᠨ ᠂ ᠲᠣᠮᠳᠠᠳᠣ ᠣᠯᠣᠰ ᠡᠴᠠ ᠰᠠᠯᠭᠠᠬᠣ ᠪᠠᠷ ᠣᠷᠣᠯᠳᠣᠪᠠ ᠃  ᠰᠦᠵᠦᠭᠳᠣᠪᠠᠭᠠᠳᠣᠷ 《 ᠲᠣᠰᠠᠭᠠᠷ ᠲᠣᠭᠳᠠᠨᠢᠬᠣ 》 ᠬᠡᠳᠡᠭ ᠢ ᠡᠷᠡᠰ ᠢᠶᠠᠷ ᠡᠰᠡᠷᠬᠦᠴᠡᠵᠣ ᠂ ᠬᠠᠭᠠᠴᠠᠬᠣ ᠶ᠋ᠢ  ᠡᠰᠡᠷᠬᠦᠴᠡᠨ ᠂  ᠨᠢᠬᠡᠳᠣᠯ ᠢ ᠬᠠᠮᠠᠭᠠᠯᠠᠬᠣ ᠶ᠋ᠢ ᠵᠣᠷᠢᠵᠣ  ᠪᠠᠶᠢᠵᠠᠢ᠃     

      1912 ᠣᠨ ᠤ 9 ᠰᠠᠷ᠎ᠠ ᠳ᠋ᠤ ᠂ ᠶᠣᠸᠠᠨ ᠱᠢ ᠺᠠᠢ ᠢᠷᠭᠡᠨ ᠣᠯᠣᠰ ᠤᠨ ᠵᠠᠰᠠᠭ ᠤᠨ ᠣᠷᠳᠣᠨ ᠤ ᠨᠡᠷ᠎ᠡ ᠪᠠᠷ  ᠡᠯ᠎ᠡ ᠮᠣᠡᠭᠭᠣᠯ ᠬᠣᠰᠢᠭᠣᠨ ᠤ ᠸᠠᠡᠭ ᠬᠦᠡᠭ ᠲᠠᠶᠢᠵᠢ ᠶ᠋ᠢᠨ ᠬᠡᠷᠬᠡᠮ ᠵᠡᠷᠭᠡ ᠶ᠋ᠢ ᠦᠶ᠎ᠡ ᠣᠯᠠᠷᠢᠨ ᠵᠠᠯᠭᠠᠮᠵᠢᠯᠠᠬᠣ ᠶ᠋ᠢ  ᠣᠣᠯ ᠶᠣᠰᠣᠭᠠᠷ ᠨᠢ ᠶᠠᠪᠣᠭᠣᠯᠵᠤ ᠂ ᠪᠦᠬᠦᠳᠡ ᠨᠢᠬᠡ ᠲᠡᠰ ᠲᠡᠪᠰᠢᠬᠦᠯᠬᠦ ᠪᠠᠷ ᠲᠣᠭᠳᠠᠭᠰᠠᠨ 《 ᠮᠣᠡᠭᠭᠣᠯ ᠤᠨ ᠠᠰᠢᠭ  ᠬᠦᠷᠳᠡᠮᠵᠢ ᠶ᠋ᠢᠨ ᠲᠣᠭᠳᠠᠭᠠᠯ 》 ᠢ  ᠨᠠᠶᠢᠳᠡᠯᠡᠭᠰᠡᠨ  ᠪᠠᠶᠢᠨ᠎ᠠ ᠃ ᠡᠨᠡ ᠲᠣᠭᠳᠠᠭᠠᠯ ᠶᠣᠰᠣᠭᠠᠷ ᠰᠦᠵᠦᠭᠳᠣᠪᠠᠭᠠᠳᠣᠷ  ᠲᠦᠷᠣ ᠶ᠋ᠢᠨ ᠵᠢᠶᠦ᠋ᠨ ᠸᠠᠡᠭ  ᠪᠠᠶᠢᠭᠰᠠᠨ ᠡᠴᠠ ᠪᠠᠨ ᠲᠡᠪᠰᠢᠭᠠᠳ ᠬᠣᠰᠢᠭᠣ ᠴᠢᠨ ᠸᠠᠡᠭ ᠤᠨ ᠬᠡᠷᠬᠡᠮ ᠳ᠋ᠤ ᠬᠦᠷᠴᠣ ᠂  11 ᠳ᠋ᠣᠭᠡᠷ ᠰᠠᠷ᠎ᠠ ᠳ᠋ᠤ ᠬᠣᠶᠠᠳᠣᠭᠠᠷ ᠲᠡᠰ ᠤᠨ ᠵᠢᠶᠠ ᠾᠧ ᠲᠡᠮᠳᠡᠭᠳᠣ ᠱᠠᠡᠭᠨᠠᠯ ᠬᠦᠷᠳᠡᠪᠡ ᠃ ᠢᠷᠭᠡᠨ ᠣᠯᠣᠰ ᠤᠨ  2 ᠳ᠋ᠣᠭᠠᠷ ᠣᠨ ( 1913 ) ᠤ 10 ᠰᠠᠷ᠎ᠠ ᠳ᠋ᠤ ᠂ ᠰᠦᠵᠦᠭᠳᠣᠪᠠᠭᠠᠳᠣᠷ ᠵᠣᠰᠣᠳᠣ ᠂ ᠵᠣᠤ ᠣᠳᠠ ᠂ ᠵᠢᠷᠢᠮ ᠂  ᠰᠢᠯᠢᠨ ᠭᠣᠣᠯ ᠲᠦᠷᠪᠡᠨ ᠴᠢᠭᠣᠯᠭᠠᠨ ᠢ ᠣᠬᠠᠭᠣᠯᠣᠨ ᠡᠯᠴᠢᠨ ᠤ ᠲᠣᠰᠢᠶᠠᠯ ᠳ᠋ᠤ ᠲᠣᠮᠢᠯᠠᠭᠳᠠᠪᠠ ᠃ ᠲᠠᠷᠠᠭ᠎ᠠ  ᠵᠢᠯ ᠳ᠋ᠤᠨᠢ ᠂ ᠨᠠᠢᠮᠠᠨ ᠬᠣᠰᠢᠭᠣ ᠿᠤ ᠾᠧ ᠶ᠋ᠢᠨ ᠣᠨᠴᠠᠭᠠᠢ ᠵᠠᠬᠢᠷᠭᠠᠨ ᠤ ᠣᠷᠣᠨ ᠳ᠋ᠤ ᠬᠠᠷᠢᠶᠠᠯᠠᠭᠳᠠᠪᠠ ᠃  ᠲᠣᠬᠠᠢ ᠶ᠋ᠢᠨ ᠦᠶ᠎ᠡ ᠳ᠋ᠤ ᠂ ᠿᠤ ᠾᠧ ᠳ᠋ᠦ᠋ᠢᠲ᠋ᠦᠢᠡᠭ ᠯᠢᠶᠣᠤ ᠾᠧ ᠡᠴᠠ ᠡᠮᠣᠨᠡᠰᠢ ᠡᠯ᠎ᠡ ᠬᠣᠰᠢᠭᠣ ᠰᠢᠶᠠᠨ ᠳ᠋ᠤ 《  ᠨᠣᠳᠣᠭ ᠤᠨ ᠲᠦᠷᠢᠮ 》 ᠢ ᠶᠠᠪᠣᠭᠣᠯᠵᠣ  ᠪᠠᠶᠢᠵᠠᠢ ᠃  ᠡᠶᠢᠮᠤᠷᠬᠦ  ᠪᠠᠶᠢᠳᠠᠯ ᠲᠣᠣᠷ᠎ᠠ ᠂ ᠰᠦᠵᠦᠭᠳᠣᠪᠠᠭᠠᠳᠣᠷ ᠸᠠᠡᠭ  ᠨᠠᠢᠮᠠᠨ ᠬᠣᠰᠢᠭᠣ ᠶ᠋ᠢ 5 ᠬᠢᠳᠡᠳ ᠨᠣᠳᠣᠭ ᠪᠠ 7 ᠮᠣᠡᠭᠭᠣᠯ ᠨᠣᠳᠣᠭ ᠬᠣᠪᠢᠶᠠᠵᠣ ᠂  ᠨᠠᠶᠢᠳᠠ 12 ᠨᠣᠳᠣᠭ  ᠪᠣᠯᠭᠠᠵᠡᠢ ᠃ ᠡᠬᠦᠨ ᠳ᠋ᠤ 5 ᠬᠢᠳᠡᠳ ᠨᠣᠳᠣᠭ ᠨᠢ ᠰᠦᠢ ᠳ᠋ᠦᠡᠭ ᠰᠢᠶᠠᠨ ᠤ ᠵᠠᠬᠢᠷᠭ᠎ᠠ ᠳ᠋ᠤ ᠬᠠᠮᠢᠶᠠᠷᠣᠭᠳᠠᠵᠣ ᠂ 7  ᠮᠣᠡᠭᠭᠣᠯ ᠨᠣᠳᠣᠭ ᠨᠢ ᠨᠠᠢᠮᠠᠨ ᠬᠣᠰᠢᠭᠣᠨ ᠤ ᠸᠠᠡᠭ ᠤᠨ ᠣᠷᠳᠣᠨ ᠳ᠋ᠤ ᠬᠠᠮᠢᠶᠠᠷᠣᠭᠳᠠᠵᠡᠢ ᠃ ᠡᠬᠦᠨᠴᠡ 《 ᠬᠣᠰᠢᠭᠣ  ᠰᠢᠶᠠᠨ ᠵᠡᠷᠭᠡᠪᠡᠷ ᠣᠷᠣᠰᠢᠵᠣ ᠂ ᠬᠢᠳᠡᠳ ᠮᠣᠡᠭᠭᠣᠯ ᠢ ᠰᠠᠯᠭᠠᠨ ᠵᠠᠰᠠᠬᠣ ᠲᠣᠭᠳᠠᠴᠡ》 ᠪᠦᠷᠢᠯᠳᠣᠵᠡᠢ ᠃ 12  ᠨᠣᠳᠣᠭ ᠨᠢ ᠣᠣᠯ ᠤᠨ 12 ᠵᠠᠯᠠᠨ ᠢ ᠣᠷᠣᠯᠠᠵᠣ ᠂ ᠡᠯ᠎ᠡ ᠨᠣᠳᠣᠭ ᠤᠨ ᠨᠣᠳᠣᠭ ᠳ᠋ᠠ ᠨᠢ 《 ᠵᠠᠯᠠᠨ ᠵᠠᠡᠭᠬᠢ 》 ᠶ᠋ᠢᠨ  ᠲᠣᠰᠢᠶᠠᠯ ᠢ ᠣᠷᠣᠯᠠᠭᠰᠠᠨ ᠪᠠᠶ᠋ᠢᠨ᠎ᠠ ᠃ ᠬᠡᠳᠡᠯ᠎ᠡ ᠂ ᠮᠣᠡᠭᠭᠣᠯ ᠨᠣᠳᠣᠭ ᠤᠨ ᠶᠡᠬᠡᠡᠭᠬᠢ ᠭᠠᠵᠠᠷ ᠲᠤᠨᠢ ᠮᠣᠡᠭᠭᠣᠯ ᠬᠦᠮᠣᠨ  ᠰᠠᠭᠣᠷᠢᠰᠢᠵᠣ  ᠪᠠᠶᠢᠭᠰᠠᠨ ᠮᠦᠷᠳᠡᠬᠡᠨ ᠵᠠᠯᠠᠨ ᠰᠣᠮᠣ ᠶ᠋ᠢᠨ ᠲᠦᠷᠢᠮ ᠢ ᠶᠠᠪᠣᠭᠣᠯᠣᠭᠰᠠᠨ ᠲᠡᠣᠭᠡ ᠨᠢ ᠨᠡᠯᠢᠶᠡᠳ ᠣᠷᠳᠣ  ᠪᠣᠯᠬᠣᠷ 《 ᠵᠠᠯᠠᠨ ᠰᠣᠮᠣ ᠶ᠋ᠢᠨ ᠲᠦᠷᠢᠮ 》 ᠢ ᠢᠯᠡ ᠵᠠᠷᠯᠠᠵᠣ ᠣᠰᠠᠳᠬᠠᠭᠰᠠᠨ ᠪᠣᠯᠪᠠᠴᠣ ᠦᠨᠡᠨᠳᠡᠬᠡᠨ ᠨᠡᠷ᠎ᠡ ᠨᠢ  ᠣᠰᠠᠳᠣᠭᠰᠠᠨ ᠪᠣᠯᠪᠠᠴᠣ ᠨᠢᠳᠡᠷ ᠲᠡᠭᠡᠷ᠎ᠡ ᠪᠠᠨ ᠣᠷᠣᠰᠢᠵᠣ ᠂ ᠬᠣᠰᠢᠭᠣᠨ ᠲᠣᠳᠣᠷ᠎ᠠ ᠮᠦᠨ ᠯᠡ ᠣᠣᠯ ᠤᠨ ᠵᠠᠯᠠᠨ  ᠪᠠ ᠰᠣᠮᠣ ᠶ᠋ᠢᠨ  ᠪᠠᠶᠢᠭᠤᠯᠤᠮᠵᠢ ᠪᠠᠨ ᠬᠠᠳᠠᠭᠠᠯᠠᠭᠰᠠᠭᠠᠷ   ᠪᠠᠶᠢᠵᠠᠢ ᠃

      ᠬᠣᠰᠢᠭᠣᠨ ᠲᠣᠳᠣᠷᠠᠬᠢ ᠵᠠᠰᠠᠭ ᠵᠠᠬᠢᠷᠭᠠᠨ ᠤ  ᠬᠣᠪᠢᠷᠠᠯᠳᠠ ᠶ᠋ᠢ ᠲᠠᠭᠠᠯᠳᠣᠨ ᠂ ᠨᠠᠢᠮᠠᠨ ᠸᠠᠡᠭ ᠤᠨ ᠣᠷᠳᠣᠨ ᠤ ᠬᠠᠮᠠᠭᠠᠯᠠᠬᠣ ᠠᠡᠭᠬᠢ 25 ᠬᠦᠮᠣᠨ ᠡᠴᠠ ᠪᠠᠨ 100  ᠬᠦᠮᠣᠨ ᠪᠣᠯᠣᠨ ᠨᠡᠮᠡᠭᠳᠡᠵᠣ ᠂ ᠡᠯ᠎ᠡ ᠮᠣᠡᠭᠭᠣᠯ ᠬᠢᠳᠡᠳ ᠨᠣᠳᠣᠭ ᠪᠠᠰᠠ ᠴᠠᠭᠳᠠᠭᠠᠨ ᠴᠡᠷᠢᠭ ᠢ ᠨᠡᠮᠡᠭᠳᠡᠬᠦᠯᠵᠣ ᠂  ᠨᠡᠶᠢᠭᠡᠮ ᠤᠨ ᠠᠮᠣᠷ ᠲᠦᠪᠰᠢᠨ ᠶᠡᠬᠡᠪᠡᠷ ᠴᠢᠡᠭᠭᠠᠷᠠᠭᠰᠠᠨ ᠪᠠᠶ᠋ᠢᠨ᠎ᠠ ᠃ ᠢᠷᠭᠡᠨ ᠣᠯᠣᠰ ᠤᠨ 4 ᠳ᠋ᠣᠭᠡᠷ ᠣᠨ (  1915 ᠣᠨ ) ᠤ 8 ᠰᠠᠷ᠎ᠠ ᠳ᠋ᠤ ᠲᠣᠰᠠᠯᠠᠨ ᠬᠠᠮᠠᠭᠠᠯᠠᠬᠣ ᠡᠯᠴᠢᠨ ᠨᠠᠢᠮᠠᠨ ᠤ ᠵᠠᠰᠠᠭ ᠴᠢᠨ ᠸᠠᠡᠭ  ᠰᠦᠵᠦᠭᠳᠣᠪᠠᠭᠠᠳᠣᠷ ᠵᠣᠤ ᠣᠳᠠ ᠶ᠋ᠢᠨ ᠴᠢᠭᠣᠯᠭᠠᠨ ᠤ ᠲᠠᠷᠣᠭ᠎ᠠ ᠶ᠋ᠢᠨ ᠲᠣᠰᠢᠶᠠᠯ ᠳ᠋ᠤ ᠲᠣᠮᠢᠯᠠᠭᠳᠠᠵᠡᠢ ᠃ ᠡᠨᠡ  ᠦᠶ᠎ᠡ ᠳ᠋ᠤ ᠰᠦᠵᠦᠭᠳᠣᠪᠠᠭᠠᠳᠣᠷ ᠴᠣᠭ ᠵᠣᠯᠢ ᠪᠠᠳᠠᠷᠠᠡᠭᠭᠣᠢ 28 ᠨᠠᠰᠣᠳᠠᠢ   ᠪᠠᠶᠢᠵᠠᠢ ᠃    

       ᠰᠦᠵᠦᠭᠳᠣᠪᠠᠭᠠᠳᠣᠷ ᠵᠢᠪᠽᠣᠨᠳᠠᠮᠪᠠ ᠶ᠋ᠢᠨ 《 ᠲᠣᠰᠠᠭᠠᠷ ᠲᠣᠭᠳᠠᠨᠢᠬᠣ ᠬᠦᠳᠡᠯᠬᠡᠬᠡᠨ》 ᠢ ᠲᠡᠮᠡᠢ  ᠲᠣᠭᠣᠮᠰᠠᠷᠯᠠᠬᠣ ᠦᠬᠡᠢ ᠪᠦᠬᠡᠳ ᠪᠠᠪᠣᠵᠠᠪ ᠤᠨ ᠦᠢᠯᠡ ᠠᠵᠢᠯᠯᠠᠭ᠎ᠠ ᠳ᠋ᠤ ᠨᠡᠡᠭ ᠴᠤ  ᠲᠤᠶᠢᠯ ᠢᠶᠠᠷ ᠳᠤᠷ᠎ᠠ   ᠦᠭᠡᠶᠢᠴᠠᠵᠦ  ᠪᠠᠶᠢᠪᠠ( ᠪᠠᠪᠣᠵᠠᠪ ᠪᠣᠯ ᠵᠣᠰᠣᠳᠣ ᠶ᠋ᠢᠨ ᠴᠢᠭᠣᠯᠭᠠᠨ ᠤ ᠲᠦᠮᠡᠳ ᠵᠡᠬᠦᠨ ᠬᠣᠰᠢᠭᠣᠨ ᠤ (  ᠣᠳᠣ ᠶ᠋ᠢᠨ ᠯᠢᠶᠣᠣᠨᠢᠡᠭ ᠮᠣᠵᠢ ᠶ᠋ᠢᠨ ᠹᠦᠰᠢᠨ ᠤ ᠮᠣᠡᠭᠭᠣᠯ ᠦᠨᠳᠣᠰᠣᠳᠡᠨ ᠤ ᠦᠪᠡᠷᠳᠡᠭᠡᠨ ᠵᠠᠰᠠᠬᠣ ᠰᠢᠶᠠᠨ ) ᠤ  ᠬᠦᠮᠣᠨ ᠶᠣᠮ ᠃ ᠰᠡᠬᠦᠯ ᠳ᠋ᠤᠨᠢ ᠰᠦᠷᠦᠭ ᠬᠣᠰᠢᠭᠣ ᠳ᠋ᠤ (ᠣᠳᠣ ᠵᠠᠡᠭ ᠡᠣ ᠰᠢᠶᠠᠨ ) ᠨᠡᠬᠦᠨ ᠣᠴᠢᠪᠠ ᠃ ᠭᠡᠷ ᠨᠢ  ᠪᠠᠶᠠᠨ ᠴᠢᠨᠡᠬᠡᠯᠢᠭ ᠂ ᠶᠠᠫᠣᠨ ᠣᠷᠣᠰ ᠤᠨ  ᠲᠠᠶᠢᠨ ᠤ ᠦᠶ᠎ᠡ ᠳ᠋ᠤ ᠵᠠᠡᠭ  ᠽᠦᠸ᠋ᠸ ᠯᠢᠨ ᠂ ᠹᠸᠡᠭ ᠯᠢᠨ  ᠬᠡ ᠲᠠᠢ  ᠬᠠᠮᠳᠣᠪᠡᠷ 《ᠶᠠᠡᠭ ᠳ᠋ᠦᠢ 》 ᠬᠡᠮᠡᠬᠦ ᠶᠠᠫᠣᠨ ᠤ ᠵᠣᠬᠢᠶᠠᠨ ᠪᠠᠶ᠋ᠢᠭᠣᠯᠣᠯᠳᠠ ᠳ᠋ᠤ ᠡᠯᠰᠡᠭᠳᠡᠪᠡ ᠃ 1908 ᠣᠨ ᠳ᠋ᠤ  ᠵᠠᠡᠭ ᠡᠣ ᠰᠢᠶᠠᠨ ᠤ ᠴᠠᠭᠳᠠᠭ᠎ᠠ ᠶ᠋ᠢᠨ ᠠᠡᠭᠬᠢ ᠶ᠋ᠢᠨ ᠲᠠᠷᠣᠭ᠎ᠠ ᠪᠣᠯᠪᠠ ᠃ ᠲᠡᠬᠦᠨ ᠤ ᠰᠡᠬᠦᠯᠡᠷ ᠲᠡᠷᠡ ᠬᠡᠳᠣᠨ ᠵᠠᠭᠣᠨ  ᠬᠦᠮᠣᠨ ᠢ ᠴᠣᠭᠯᠠᠭᠣᠯᠣᠨ ᠣᠷᠣᠨ ᠨᠣᠳᠣᠭ ᠢ  ᠲᠦᠢᠪᠠᠭᠡᠵᠦ ᠂ ᠨᠡᠯᠢᠶᠡᠳ ᠶᠡᠭᠡ ᠰᠦᠷ ᠬᠦᠴᠣᠨ ᠲᠠᠢ   ᠪᠠᠶᠢᠵᠠᠢ ᠃  ᠪᠠᠪᠣᠵᠠᠪ ᠠᠷᠣ ᠮᠣᠡᠭᠭᠣᠯ ᠤᠨ 《 ᠲᠣᠰᠠᠭᠠᠷ ᠲᠣᠭᠳᠠᠨᠢᠯ 》 ᠢ ᠬᠦᠷᠢᠶᠡᠯᠡᠵᠣ ᠂ 1913 ᠣᠨ ᠤ ᠬᠠᠪᠣᠷ 2000  ᠬᠦᠮᠣᠨ ᠮᠣᠷᠢ ᠶ᠋ᠢ ᠲᠠᠭᠠᠭᠣᠯᠣᠨ ᠵᠢᠪᠽᠣᠨᠳᠠᠮᠪᠠ ᠶ᠋ᠢ ᠢᠯᠡ ᠪᠠᠷ ᠲᠦᠰᠢᠭᠯᠡᠭᠰᠡᠨ  ᠪᠠᠶᠢᠨ᠎ᠠ ᠃ ᠡᠬᠦᠨ ᠤ ᠲᠠᠷᠠᠭ᠎ᠠ ᠂  ᠲᠡᠷᠡ ᠶᠡᠬᠡ ᠪᠦᠯᠦᠭ ᠬᠦᠮᠣᠨ ᠢ ᠲᠠᠭᠠᠭᠣᠯᠣᠨ ᠵᠡᠬᠦᠨ  ᠬᠤᠶᠢᠳᠤ ᠣᠷᠣᠨ ᠤ ᠡᠯ᠎ᠡ ᠮᠣᠵᠢ ᠬᠢᠬᠡᠳ ᠵᠡᠬᠦᠨ  ᠮᠣᠡᠭᠭᠣᠯ ᠤᠨ ᠭᠠᠵᠠᠷ ᠣᠷᠣᠨ ᠢᠶᠠᠷ  ᠲᠦᠢᠪᠠᠭᠡᠵᠦ ᠂ ᠰᠡᠬᠦᠯ ᠳ᠋ᠤᠨᠢ ᠯᠢᠨ ᠰᠢ ᠶ᠋ᠢ ᠲᠠᠭᠠᠷᠢᠨ ᠡᠵᠡᠯᠡᠬᠦ  ᠪᠠᠶᠢᠯᠳᠤᠭᠠᠨ ᠳ᠋ᠤ  ᠠᠯᠠᠭᠳᠠᠪᠠ )᠃ ᠲᠡᠷᠡ ᠵᠣᠰᠣᠳᠣ ᠂ ᠵᠣᠤ ᠣᠳᠠ ᠂ ᠵᠢᠷᠢᠮ ᠂ ᠰᠢᠯᠢᠨ ᠭᠣᠣᠯ ᠲᠦᠷᠪᠡᠨ ᠴᠢᠭᠣᠯᠭᠠᠨ ᠤ ᠣᠬᠠᠭᠣᠯᠣᠨ  ᠲᠣᠬᠣᠨᠢᠭᠣᠯᠬᠣ ᠡᠯᠴᠢᠨ ᠪᠣᠯᠣᠨ ᠵᠣᠤ ᠣᠳᠠ ᠴᠢᠭᠣᠯᠭᠠᠨ ᠤ ᠲᠠᠷᠣᠭ᠎ᠠ ᠶ᠋ᠢᠨ ᠨᠡᠷ᠎ᠡ ᠲᠦᠷᠣ ᠪᠡ ᠡᠯ᠎ᠡ ᠬᠣᠰᠢᠭᠣ ᠶ᠋ᠢᠨ  ᠸᠠᠡᠭ ᠬᠦᠡᠭ ᠂ ᠢᠵᠠᠭᠣᠷᠳᠠᠨ ᠢ ᠠᠷᠣ ᠮᠣᠡᠭᠭᠣᠯ ᠤᠨ 《 ᠲᠣᠰᠠᠭᠠᠷ》 ᠬᠦᠳᠡᠯᠭᠡᠭᠡᠨ ᠢ ᠲᠠᠭᠠᠵᠣ ᠦᠯᠣ ᠪᠣᠯᠣᠨ᠎ᠠ  ᠬᠡᠵᠣ ᠢᠳᠬᠠᠨ ᠰᠣᠷᠭᠠᠪᠠ ᠃ ᠢᠡᠭᠬᠢᠬᠡᠳ ᠵᠠᠷᠢᠮ ᠬᠣᠰᠢᠭᠣᠨ ᠤ ᠵᠠᠰᠠᠭ ᠸᠠᠡᠭ ᠬᠦᠡᠭ ᠨᠠᠷ ᠢ ᠣᠯᠣᠰ ᠢᠶᠡᠨ  ᠬᠠᠭᠠᠴᠠᠭᠣᠯᠬᠣ ᠠᠵᠢᠯᠯᠠᠭ᠎ᠠ ᠳ᠋ᠤ ᠬᠦᠯ ᠠᠯᠳᠠᠭᠣᠯᠣᠭᠰᠠᠨ ᠦᠬᠡᠢ ᠪᠢᠯᠡ ᠃ ᠡᠬᠦᠨ ᠤ ᠵᠡᠷᠭᠡᠪᠡᠷ ᠂ ᠲᠡᠷᠡ ᠪᠠᠰᠠ  ᠬᠦᠴᠣ ᠪᠠᠷ ᠰᠦᠷᠳᠡᠬᠦᠯᠬᠦ ᠪᠠ ᠣᠬᠠᠭᠣᠯᠣᠨ ᠢᠯᠪᠢᠬᠦ ᠶ᠋ᠢ ᠣᠶᠠᠯᠳᠣᠭᠣᠯᠬᠣ ᠠᠷᠭ᠎ᠠ ᠶ᠋ᠢ ᠠᠪᠴᠣ ᠂ ᠪᠠᠪᠣᠵᠠᠪ ᠤᠨ  ᠨᠠᠮᠳᠠᠳ ᠢ  ᠴᠢᠳᠠᠬᠤᠶᠢᠴᠠ ᠲᠦᠷᠭᠡᠨ ᠢᠶᠠᠷ ᠮᠠᠳᠡᠷᠡᠨ ᠰᠡᠭᠡᠭᠡᠷᠡᠬᠦᠯᠵᠣ ᠬᠡᠮ ᠢ ᠨᠢ ᠲᠠᠶᠠᠭᠳᠠᠭᠣᠯᠵᠣ ᠬᠡᠬᠡᠨ ᠵᠠᠮ ᠳ᠋ᠤ  ᠣᠷᠣᠭᠣᠯᠬᠣ ᠪᠠᠷ  ᠴᠢᠷᠮᠠᠶᠢᠪᠠ ᠃ ᠡᠬᠦᠨᠴᠡ ᠣᠯᠣᠰ ᠣᠷᠣᠨ ᠤ ᠨᠢᠬᠡᠳᠣᠯ ᠢ ᠬᠠᠮᠠᠭᠠᠯᠠᠬᠣ ᠳ᠋ᠤ ᠵᠣᠬᠢᠬᠣ ᠬᠣᠪᠢ   ᠨᠠᠮᠡᠷᠢ ᠦᠵᠡᠬᠦᠯᠦᠭᠰᠡᠨ ᠪᠠᠶ᠋ᠢᠨ᠎ᠠ ᠃

       ᠢᠷᠭᠡᠨ ᠣᠯᠣᠰ ᠤᠨ 5 ᠳ᠋ᠣᠭᠠᠷ ᠣᠨ ( 1916 ᠣᠨ ) ᠳ᠋ᠤ ᠢᠷᠭᠡᠨ ᠣᠯᠣᠰ ᠤᠨ ᠵᠠᠰᠠᠭ ᠤᠨ ᠣᠷᠳᠣᠨ  ᠪᠠᠪᠣᠵᠠᠪ ᠤᠨ ᠨᠠᠮᠳᠠᠨ ᠢ  ᠳᠠᠷᠣᠩᠭᠤᠶᠢᠯᠠᠨ ᠢᠯᠪᠢᠬᠦ ᠳ᠋ᠤ ᠭᠠᠪᠢᠶᠠᠲᠠᠢ ᠬᠡᠳ ᠰᠦᠵᠦᠭᠳᠣᠪᠠᠭᠠᠳᠣᠷ ᠲᠤ ᠴᠢᠨ ᠸᠠᠡᠭ ᠤᠨ  ᠬᠣᠣᠰ ᠹᠦᠡᠭᠯᠣ ᠬᠦᠷᠳᠡᠭᠡᠪᠡ ᠃ ᠲᠣᠰ ᠵᠢᠯ ᠤᠨ 3 ᠰᠠᠷ᠎ᠠ ᠶ᠋ᠢᠨ 16 ᠤ ᠡᠳᠣᠷ ᠂ ᠨᠢᠬᠡᠳᠣᠭᠡᠷ ᠵᠡᠷᠭᠡ ᠶ᠋ᠢᠨ ᠸᠸᠨ  ᠬ᠊ ᠤ ᠲᠡᠮᠳᠡᠭᠳᠣ ᠱᠠᠡᠭᠨᠠᠯ ᠬᠦᠷᠳᠡᠪᠡ ᠃ 12 ᠳ᠋ᠣᠭᠠᠷ ᠰᠠᠷ᠎ᠠ ᠶ᠋ᠢᠨ 11 ᠤ ᠡᠳᠣᠷ ᠂ ᠵᠣᠤ ᠣᠳᠠ ᠶ᠋ᠢᠨ ᠴᠢᠭᠣᠯᠭᠠᠨ ᠤ  ᠪᠡᠯᠡᠳᠭᠡᠯ ᠲᠦᠰᠢᠮᠡᠯ ᠴᠡᠷᠢᠭ ᠤᠨ ᠵᠠᠰᠠᠭ ᠤᠨ ᠲᠣᠰᠢᠶᠠᠯ ᠳ᠋ᠤ ᠲᠣᠮᠢᠯᠠᠭᠳᠠᠪᠠ ᠃ ᠢᠷᠭᠡᠨ ᠣᠯᠣᠰ ᠤᠨ 6 ᠣᠨ ᠤ (  1917 ) 7 ᠰᠠᠷ᠎ᠠ ᠳ᠋ᠤ ᠂ ᠢᠷᠭᠡᠨ ᠣᠯᠣᠰ ᠤᠨ ᠵᠠᠰᠠᠭ ᠤᠨ ᠣᠷᠳᠣᠨ ᠤ ᠵᠦᠪᠯᠡᠯᠬᠡᠨ ᠤ ᠬᠣᠷᠢᠶ᠎ᠠ ᠶ᠋ᠢᠨ  ᠵᠦᠪᠯᠡᠭᠴᠢ ᠪᠠᠷ ᠰᠣᠡᠭᠭᠣᠭᠳᠠᠪᠠ ᠃ ᠲᠠᠷᠠᠭ᠎ᠠ ᠵᠢᠯ ᠨᠢ ᠪᠠᠰᠠ 《  ᠠᠶᠢᠶᠠᠨ ᠸᠸᠢ ᠵᠠᠡᠭᠵᠣᠨ 》 ᠴᠣᠯᠠ ᠬᠦᠷᠳᠡᠭᠰᠡᠨ  ᠪᠠᠶ᠋ᠢᠨ᠎ᠠ ᠃      

      ᠮᠣᠡᠭᠭᠣᠯ ᠤᠨ ᠶᠠᠪᠣᠳᠠᠯ ᠤᠨ ᠬᠣᠷᠠᠯ ᠳ᠋ᠤ ᠣᠷᠣᠯᠴᠠᠭᠰᠠᠨ ᠨᠢ ᠢᠷᠭᠡᠨ ᠣᠯᠣᠰ ᠤᠨ 13 ᠳ᠋ᠣᠭᠠᠷ ᠣᠨ ( 1924 ᠣᠨ ) ᠳ᠋ᠤ ᠂ ᠮᠣᠡᠭᠭᠣᠯ ᠤᠨ ᠠᠷᠠᠳ ᠲᠦᠮᠡᠨ ᠮᠣᠡᠭᠭᠣᠯ  ᠠᠷᠠᠳ ᠤᠨ ᠬᠣᠪᠢᠰᠬᠠᠯᠳᠣ ᠨᠠᠮ ᠤᠨ ᠣᠳᠣᠷᠢᠳᠣᠯᠭ᠎ᠠ ᠲᠣᠣᠷ᠎ᠠ ᠂ ᠸᠠᠡᠭ ᠬᠦᠡᠭ ᠢᠵᠠᠭᠣᠷᠳᠠᠨ ᠤ ᠹᠸᠣᠳᠠᠯ ᠤᠨ  ᠨᠣᠶᠠᠷᠬᠠᠯ ᠢ ᠲᠦᠯᠬᠢᠨ ᠣᠨᠠᠭᠠᠵᠣ ᠠᠷᠠᠳ ᠤᠨ ᠵᠠᠰᠠᠭᠳᠣ ᠲᠦᠷᠣ ᠶ᠋ᠢ  ᠪᠠᠶᠢᠭᠤᠯᠵᠠᠢ ᠃ ᠪᠸᠢ ᠶᠠᠡᠭ ᠤᠨ ᠵᠠᠰᠠᠭ ᠤᠨ  ᠭᠠᠵᠠᠷ ᠡᠬᠦᠨ ᠳ᠋ᠤ ᠰᠣᠴᠢᠨ ᠬᠡᠯᠮᠡᠭᠳᠡᠵᠣ ᠂ ᠦᠪᠣᠷ ᠮᠣᠡᠭᠭᠣᠯ ᠤᠨ ᠭᠠᠵᠠᠷ ᠣᠷᠣᠨ ᠪᠠᠰᠠ ᠨᠦᠯᠣᠭᠡᠯᠡᠭᠳᠡᠬᠦ ᠡᠴᠠ  ᠶᠡᠭᠡᠳᠡ ᠠᠶᠣᠭᠠᠳ ᠲᠠᠷᠣᠢ 《 ᠮᠣᠡᠭᠭᠣᠯ ᠤᠨ ᠶᠠᠪᠣᠳᠠᠯ ᠪᠠᠴᠢᠮ ᠲᠣᠯᠭᠠᠮ᠎ᠠ ᠂ ᠣᠯᠠᠭᠠᠨ ᠨᠠᠮᠳᠠᠨ ᠣᠯᠠᠮ ᠲᠡᠯᠬᠡᠷᠡᠵᠣ ᠂   ᠰᠠᠡᠷᠭᠡᠶᠢᠯᠡᠬᠦ ᠠᠷᠭ᠎ᠠ ᠶ᠋ᠢ ᠵᠦᠪᠯᠡᠯᠳᠣᠬᠦ ᠴᠢᠬᠣᠯᠠᠳᠠᠢ 》 ᠬᠡᠳᠡᠭ ᠰᠢᠯᠳᠠᠭ ᠢᠶᠠᠷ ᠢᠷᠭᠡᠨ ᠣᠯᠣᠰ ᠤᠨ 13 ᠳ᠋ᠣᠭᠠᠷ ᠣᠨ ( 1924 ᠣᠨ ) ᠤ 3 ᠰᠠᠷ᠎ᠠ ᠶ᠋ᠢᠨ 20 ᠤ ᠡᠳᠣᠷ ᠪᠠᠬᠡᠵᠢᠡᠭ ᠳ᠋ᠤ 《 ᠮᠣᠡᠭᠭᠣᠯ ᠤᠨ ᠶᠠᠪᠣᠳᠠᠯ ᠤᠨ ᠬᠣᠷᠠᠯ 》  ᠬᠣᠷᠠᠯᠳᠣᠭᠣᠯᠵᠡᠢ ᠃ ᠬᠣᠷᠠᠯ ᠳ᠋ᠤ ᠮᠣᠡᠭᠭᠣᠯ ᠲᠦᠪᠡᠳ ᠤᠨ ᠬᠡᠷᠡᠭ ᠶᠠᠪᠣᠳᠠᠯ ᠢ  ᠰᠢᠢᠳᠬᠡᠬᠦ ᠵᠣᠷᠭᠠᠨ ᠤ   ᠶᠡᠷᠤᠩᠭᠡᠶᠢᠯᠡᠭᠴᠢ ᠂ ᠵᠣᠰᠣᠳᠣ ᠶ᠋ᠢᠨ ᠴᠢᠭᠣᠯᠭᠠᠨ ᠤ ᠲᠠᠷᠣᠭ᠎ᠠ ᠬᠦᠨᠰᠠᠡᠭᠨᠣᠷᠪᠣ ᠂ ᠵᠢᠷᠢᠮ ᠤᠨ ᠴᠢᠭᠣᠯᠭᠠᠨ ᠂ ᠵᠣᠤ  ᠣᠳᠠ ᠶ᠋ᠢᠨ ᠴᠢᠭᠣᠯᠭᠠᠨ ᠤ ᠲᠠᠷᠣᠭ᠎ᠠ ᠂ ᠨᠠᠢᠮᠠᠨ ᠤ ᠴᠢᠨ ᠸᠠᠡᠭ ᠰᠦᠵᠦᠭᠳᠣᠪᠠᠭᠠᠳᠣᠷ ᠪᠠᠭᠠᠷᠢᠨ ᠴᠢᠨ ᠸᠠᠡᠭ  ᠣᠯᠠᠭᠠᠨᠴᠠᠪ ᠂ ᠶᠡᠬᠡ ᠵᠣᠤ ᠶ᠋ᠢᠨ ᠴᠢᠭᠣᠯᠭᠠᠨ ᠤ ᠲᠦᠯᠣᠭᠡᠯᠡᠭᠴᠢ ᠨᠠᠷ ᠣᠷᠣᠯᠴᠠᠪᠠ ᠃ ᠬᠣᠷᠠᠯ ᠳ᠋ᠤ 23  ᠲᠣᠷᠠᠳᠣᠯᠭ᠎ᠠ ᠶ᠋ᠢ ᠵᠦᠪᠯᠡᠨ ᠲᠣᠭᠳᠠᠪᠠ ᠃ ᠰᠦᠵᠦᠭᠳᠣᠪᠠᠭᠠᠳᠣᠷ ᠰᠠᠨᠠᠯ ᠵᠦᠪᠯᠡᠯᠬᠡ ᠬᠢᠨᠠᠨ  ᠪᠠᠶᠢᠴᠠᠭᠠᠭᠴᠢ ᠬᠡᠰᠢᠬᠦᠨ ᠤ  ᠬᠣᠪᠢ ᠪᠠᠷ ᠲᠣᠷᠠᠳᠣᠯᠭ᠎ᠠ ᠶ᠋ᠢ ᠬᠢᠨᠠᠨ ᠵᠦᠪᠯᠡᠬᠦ ᠪᠠ ᠬᠢᠨᠠᠨ  ᠪᠠᠶᠢᠴᠠᠭᠠᠭᠰᠠᠨ ᠮᠡᠳᠡᠬᠦᠯᠣᠯᠳᠡ ᠪᠢᠴᠢᠬᠦ ᠠᠵᠢᠯ ᠳ᠋ᠤ  ᠣᠷᠣᠯᠴᠠᠵᠡᠢ ᠃ ᠡᠬᠦᠨ ᠤ ᠬᠠᠮᠳᠣ ᠲᠡᠷᠡ ᠪᠠᠰᠠ ᠪᠣᠰᠣᠳ ᠲᠠᠢ ᠬᠠᠮᠳᠣᠪᠡᠷ 《 ᠠᠷᠣ ᠮᠣᠡᠭᠭᠣᠯ ᠢ ᠡᠬᠡᠬᠦᠯᠣᠨ ᠠᠪᠬᠣ  ᠰᠠᠨᠠᠯ ᠵᠦᠪᠯᠡᠯᠭᠡ 》 ᠵᠡᠷᠭᠡ ᠭᠣᠷᠪᠠᠨ ᠲᠣᠷᠠᠳᠣᠯᠭ᠎ᠠ ᠲᠣᠷᠠᠳᠣᠭᠰᠠᠨ ᠢ ᠬᠢᠨᠠᠨ  ᠪᠠᠶᠢᠴᠠᠭᠠᠭᠠᠳ ᠰᠠᠨᠠᠯ ᠨᠢᠬᠡᠳᠡᠢ  ᠵᠦᠪᠰᠢᠶᠠᠷᠡᠪᠡ ᠃ ᠰᠦᠵᠦᠭᠳᠣᠪᠠᠭᠠᠳᠣᠷ ᠬᠢᠬᠡᠳ ᠪᠠᠭᠠᠷᠢᠨ ᠵᠠᠰᠠᠭ ᠴᠢᠨ ᠸᠠᠡᠭ ᠵᠠᠭᠠᠷ ᠨᠠᠷ ᠤᠨ ᠨᠡᠷ᠎ᠡ ᠬᠣᠯᠪᠣᠭᠠᠯᠠᠨ  ᠲᠣᠷᠠᠳᠣᠭᠰᠠᠨ 《 ᠬᠦᠷᠢᠶ᠎ᠡ ᠵᠠᠭᠠᠭ ᠢ ᠣᠰᠠᠳᠬᠠᠵᠣ ᠮᠣᠡᠭᠭᠣᠯ ᠣᠷᠣᠨ ᠡᠯ᠎ᠡ ᠬᠣᠰᠢᠭᠣᠨ ᠳ᠋ᠤ ᠴᠢᠯᠣᠭᠡᠳᠡᠢ  ᠨᠣᠳᠣᠭᠰᠢᠵᠣ ᠠᠵᠣ ᠲᠦᠷᠣᠬᠦ ᠶ᠋ᠢ ᠵᠦᠪᠰᠢᠶᠡᠷᠡᠬᠦ 》 ᠲᠣᠬᠠᠢ ᠲᠣᠷᠠᠳᠣᠯᠭ᠎ᠠ ᠶ᠋ᠢ ᠶᠠᠷᠢᠯᠴᠠᠨ ᠵᠦᠪᠯᠡᠵᠣ  ᠵᠦᠪᠰᠢᠶᠡᠷᠡᠭᠰᠡᠨ ᠪᠠᠶ᠋ᠢᠨ᠎ᠠ ᠃       

      ᠬᠣᠰᠢᠭᠣ ᠨᠣᠳᠣᠭ ᠤᠨ ᠢᠶᠡᠨ ᠭᠠᠵᠠᠷ ᠰᠢᠷᠣᠢ ᠶ᠋ᠢ ᠬᠠᠮᠠᠭᠠᠯᠠᠬᠣ ᠶ᠋ᠢᠨ ᠲᠦᠯᠣᠭᠡ ᠵᠠᠡᠭ ᠽᠦᠧᠧ ᠯᠢᠨ ᠲᠠᠢ  ᠲᠡᠮᠡᠴᠡᠯᠳᠦᠭᠰᠡᠨ ᠨᠢ   ᠢᠷᠭᠡᠨ ᠣᠯᠣᠰ ᠤᠨ 6 ᠳ᠋ᠣᠭᠠᠷ ᠣᠨ ( 1917 ) ᠳ᠋ᠤ ᠂ ᠳ᠋ᠠ ᠽᠠᠡᠭ ᠬᠡᠮᠡᠭᠴᠢ ᠶᠠᠫᠣᠨ ᠬᠦᠮᠣᠨ ᠂ ᠹᠸᠡᠭ ᠸᠠᠨ  ᠯᠢᠶᠠᠡᠭ ᠂ ᠯᠢ ᠢᠣᠢ ᠱᠸᠡᠭ ᠵᠡᠷᠭᠡ ᠬᠦᠮᠣᠨ ᠲᠠᠢ ᠬᠠᠷᠢᠯᠴᠠᠨ ᠰᠦᠯᠪᠡᠭᠡᠯᠳᠣᠵᠣ ᠲᠦᠡᠭᠯᠢᠶᠣᠤ ᠰᠢᠶᠠᠨ ᠤ ᠵᠡᠬᠦᠨ  ᠡᠬᠦᠳᠡᠨ ᠭᠠᠳᠠᠨ᠎ᠠ《 ᠬᠣᠸᠠ ᠰᠢᠡᠭ ᠬᠦᠡᠭᠱᠧ 》 ᠭᠡᠵᠣ  ᠪᠠᠶᠢᠭᠤᠯᠤᠨ ᠂ ᠠᠮᠣ ᠪᠣᠳᠠᠭ᠎ᠠ ᠲᠠᠷᠢᠬᠣ ᠪᠠᠷ ᠭᠣᠣᠯ  ᠦᠢᠯᠡᠰ ᠪᠣᠯᠭᠠᠵᠡᠢ ᠃ ᠲᠡᠳᠡ ᠵᠣᠰᠣᠳᠣ ᠶ᠋ᠢᠨ ᠴᠢᠭᠣᠯᠭᠠᠨ ᠤ ᠲᠦᠮᠡᠳ ᠵᠡᠬᠦᠨ ᠬᠣᠰᠢᠭᠣᠨ ᠤ ᠸᠠᠡᠭ ᠳ᠋ᠤ  ᠬᠠᠷᠢᠶᠠᠯᠠᠭᠳᠠᠬᠤ ᠡᠳᠣᠢ ᠲᠡᠳᠣᠢ ᠠᠳᠠᠷ ᠭᠠᠵᠠᠷ ᠡᠵᠡᠯᠡᠭᠰᠡᠨ ᠡᠴᠠ ᠭᠠᠳᠠᠨ᠎ᠠ ᠂ ᠪᠠᠰᠠ ᠹᠸᠡᠭ ᠲᠢᠶᠠᠨ ᠳ᠋ᠤ ᠯᠤᠭ᠎ᠠ  ᠬᠡᠯᠡᠯᠴᠡᠭᠡᠷ ᠲᠣᠭᠳᠠᠵᠣ ᠂ 22 ᠲᠦᠮᠡᠨ ᠲᠦᠬᠦᠷᠢᠭ ᠤᠨ ᠪᠠᠷᠢᠴᠠᠭᠠᠳᠣ ᠦᠨ᠎ᠡ ᠪᠠᠷ ᠨᠠᠢᠮᠠᠨ ᠬᠣᠰᠢᠭᠣᠨ ᠤ  ᠪᠣᠷᠣᠬᠣᠰᠢᠭᠣ ᠰᠦᠮ᠎ᠡ ᠡᠴᠠ ᠵᠡᠬᠦᠨᠳᠡᠬᠢ ᠦᠡᠭ ᠰᠢᠮᠡᠯᠢᠭ ᠭᠠᠵᠠᠷ ᠢ 200 ᠹᠠᠡᠭ ( ᠪᠠᠷᠣᠭ 10 ᠲᠦᠮᠡ ᠪᠦᠬᠡᠳ  800 ᠮᠦ ᠪᠣᠢ ) ᠲᠦᠷᠢᠶᠡᠰᠣᠯᠡᠨ ᠲᠡᠨᠵᠢᠯᠡᠵᠣ ᠂ ᠬᠣᠪᠢᠶᠠᠷᠢ ᠬᠦᠩᠱᠧ  ᠪᠠᠶᠢᠭᠤᠯᠤᠭᠠᠳ ᠂ ᠨᠢᠬᠡ ᠪᠦᠯᠦᠭ  ᠰᠣᠯᠣᠡᠭᠭᠣᠰ ᠨᠡᠬᠦᠳᠡᠯᠴᠢᠨ ᠠᠷᠠᠳ ᠢ ᠲᠣᠮᠢᠯᠠᠨ ᠰᠠᠭᠣᠯᠭᠠᠵᠣ ᠂ ᠲᠣᠰ ᠭᠠᠵᠠᠷ ᠤᠨ ᠲᠣᠮᠳᠠᠳᠣ ᠶ᠋ᠢᠨ ᠬᠦᠮᠣᠨ ᠲᠠᠢ  ᠬᠠᠮᠳᠣᠪᠡᠷ ᠴᠢᠡᠭ ᠾᠧ ᠭᠣᠣᠯ ᠂ ᠨᠠᠷᠢᠳ ᠤᠨ ᠭᠣᠣᠯ ᠤᠨ ᠡᠯᠪᠡᠭ ᠪᠠᠶᠠᠯᠢᠭ ᠣᠰᠣᠨ ᠠᠰᠢᠭᠯᠠᠯᠳᠠ ᠶ᠋ᠢᠨ ᠡᠬᠢ  ᠰᠣᠷᠪᠣᠯᠵᠢ ᠶ᠋ᠢ ᠠᠰᠢᠭᠯᠠᠵᠣ ᠰᠣᠪᠠᠭ ᠲᠠᠳᠠᠵᠣ ᠬᠠᠰᠢᠯᠭ᠎ᠠ ᠪᠣᠰᠬᠠᠨ ᠂ ᠣᠰᠣᠨ ᠲᠣᠳᠣᠷᠭ᠎ᠠ ᠬᠢᠬᠡᠳ ᠪᠣᠰᠣᠳ   ᠵᠦᠢᠯ ᠤᠨ ᠠᠮᠣ ᠪᠣᠳᠠᠭᠠᠨ ᠤ ᠲᠠᠷᠢᠮᠠᠯ ᠢ ᠲᠠᠷᠢᠵᠣ ᠪᠠᠶ᠋ᠢᠵᠡᠢ ᠃ ᠪᠠᠰᠠ ᠮᠢᠬᠠᠨ ᠤ  ᠵᠦᠢᠯ᠂ ᠠᠷᠠᠰᠣ ᠰᠢᠷᠢ ᠵᠡᠷᠭᠡ  ᠲᠡᠷᠢᠶᠠᠯᠠᠡᠭ ᠲᠤᠰᠠᠯᠠᠬᠣ  ᠦᠢᠯᠡᠰ ᠡᠷᠬᠢᠯᠡᠵᠣ ᠪᠠᠶ᠋ᠢᠪᠠ ᠃ ᠵᠠᠡᠭ ᠽᠦᠧᠧ ᠯᠢᠨ ᠡᠨᠡᠬᠦ ᠡᠷᠭᠡ ᠠᠰᠢᠭ ᠢ  ᠦᠪᠡᠷ ᠤᠨ ᠢᠶᠡᠨ ᠪᠣᠯᠭᠠᠵᠣ ᠴᠢᠳᠠᠭᠰᠠᠨ ᠦᠬᠡᠢ ᠂ ᠬᠠᠷᠢᠨ ᠶᠠᠫᠣᠨ ᠬᠦᠮᠣᠨ ᠳ᠋ᠤ ᠪᠣᠯᠢᠶᠠᠭᠳᠠᠭᠰᠠᠨ ᠳᠠᠭᠠᠨ   ᠲᠦᠢᠯ ᠢᠶᠠᠷ ᠲᠣᠷ᠎ᠠ  ᠦᠭᠡᠶᠢᠴᠠᠨ 《 ᠭᠠᠳᠠᠭᠠᠳᠣ ᠶ᠋ᠢᠨ ᠬᠦᠮᠣᠨ ᠳ᠋ᠤ ᠣᠯᠣᠰ ᠤᠨ ᠭᠠᠵᠠᠷ ᠰᠢᠷᠣᠢ ᠶ᠋ᠢ ᠬᠣᠳᠠᠯᠳᠣᠭᠰᠠᠨ  》 ᠬᠡᠳᠡᠭ ᠶᠠᠯᠠᠳᠣ ᠨᠡᠷ᠎ᠡ ᠪᠠᠷ ᠰᠦᠵᠦᠭᠳᠣᠪᠠᠭᠠᠳᠣᠷ ᠢ ᠠᠶᠣᠯᠭᠠᠨ ᠡᠷᠭᠡᠰᠢᠶᠡᠯ ᠳ᠋ᠡᠭᠡᠨ ᠣᠷᠣᠭᠣᠯᠬᠣ ᠬᠡᠵᠡᠢ ᠃     

      ᠢᠷᠭᠡᠨ ᠣᠯᠣᠰ ᠤᠨ 12 ᠳ᠋ᠣᠭᠠᠷ ᠣᠨ ᠤ ( 1923 ) ᠤ 8 ᠳ᠋ᠣᠭᠠᠷ ᠰᠠᠷ᠎ᠠ ᠳ᠋ᠤ ᠂ ᠹᠸᠡᠭ ᠲᠢᠶᠠᠨ  ᠮᠣᠵᠢ ᠶ᠋ᠢᠨ ᠵᠠᠰᠠᠭ ᠤᠨ ᠣᠷᠳᠣᠨ ᠵᠠᠷᠯᠢᠭ ᠪᠠᠭᠣᠯᠭᠠᠵᠣ ᠂ ᠬᠣᠸᠠ ᠰᠢᠡᠭ ᠬᠦᠩᠱᠧ ᠶ᠋ᠢ ᠬᠦᠴᠣᠨ ᠦᠬᠡᠢ ᠪᠣᠯᠭᠠᠪᠠ ᠃  ᠬᠡᠪᠡᠴᠣ ᠿᠤ ᠾᠧ ᠮᠣᠵᠢ ᠶ᠋ᠢᠨ ᠰᠦᠢ ᠳ᠋ᠦᠡᠭ ᠰᠢᠶᠠᠨ ᠤ ᠬᠢᠯᠢ ᠲᠣᠳᠣᠷᠠᠬᠢ ᠬᠣᠸᠠ ᠰᠢᠡᠭ ᠬᠣᠪᠢᠶᠠᠷᠢ ᠬᠦᠩᠱᠧ ᠨᠢ  ᠡᠷᠬᠢᠯᠡᠬᠦ ᠪᠠᠨ ᠵᠣᠭᠰᠣᠭᠰᠠᠨ ᠦᠬᠡᠢ ᠃ ᠡᠬᠦᠨ ᠳ᠋ᠤ ᠵᠠᠡᠭ ᠽᠦᠧᠧ ᠯᠢᠨ  ᠂ ᠹᠸᠡᠭ ᠲᠢᠶᠠᠨ ᠤ ᠳᠣᠤ ᠲᠠᠢ ᠨᠣᠶᠠᠨ ᠢ  ᠨᠠᠢᠮᠠᠨ ᠳ᠋ᠤ ᠶᠠᠯ᠎ᠠ ᠠᠰᠠᠭᠣᠷ᠎ᠠ ᠢᠯᠡᠭᠡᠪᠡ ᠃ ᠳᠣᠤ ᠲᠠᠢ ᠡᠴᠠ ᠰᠦᠵᠦᠭᠳᠣᠪᠠᠭᠠᠳᠣᠷ ᠢ 《 ᠭᠠᠳᠠᠭᠠᠳᠣ ᠣᠯᠣᠰ ᠤᠨ  ᠡᠳ᠋ ᠮᠦᠡᠭᠬᠦ ᠶ᠋ᠢ ᠲᠦᠰᠢᠵᠣ ᠂ ᠣᠯᠣᠰ ᠤᠨ ᠭᠠᠵᠠᠷ ᠢ ᠬᠣᠪᠢᠨ ᠳᠠᠭᠠᠨ ᠰᠢᠡᠭᠭᠡᠨ ᠣᠯᠣᠰ ᠢ ᠭᠣᠳᠣᠭᠠᠪᠠ 》 ᠬᠡᠵᠣ  ᠵᠢᠮᠡᠯᠡᠨ ᠪᠣᠷᠣᠭᠣᠰᠢᠶᠠᠪᠠ ᠃ ᠰᠦᠵᠦᠭᠳᠣᠪᠠᠭᠠᠳᠣᠷ ᠬᠠᠷᠢᠭᠣ ᠳ᠋ᠤᠨᠢ 《 ᠬᠠᠷᠢᠶᠠᠳᠣ ᠭᠠᠵᠠᠷ ᠰᠢᠷᠣᠢ ᠪᠠᠨ  ᠲᠦᠷᠢᠶᠡᠰᠣᠯᠡᠭᠰᠡᠨ ᠡᠴᠠ ᠪᠣᠰᠣ ᠣᠯᠣᠰ ᠤᠨ ᠭᠠᠵᠠᠷ ᠰᠢᠷᠣᠢ ᠶ᠋ᠢ ᠬᠣᠳᠠᠯᠳᠣᠭᠠᠯᠠᠭᠰᠠᠨ ᠪᠢᠰᠢ 》 ᠬᠡᠵᠣ ᠬᠡᠯᠡᠭᠡᠳ  ᠬᠠᠨᠴᠣᠢ ᠬᠦᠪᠢᠨ ᠭᠠᠷᠴᠣ ᠶᠠᠪᠣᠪᠠ ᠃      ᠢᠷᠭᠡᠨ ᠣᠯᠣᠰ ᠤᠨ 13 ᠳ᠋ᠣᠭᠠᠷ ᠣᠨ ᠤ ( 1924 ᠣᠨ )8 ᠰᠠᠷ᠎ᠠ ᠳ᠋ᠤ ᠂ ᠣᠮᠠᠷᠠᠳᠣ ᠶ᠋ᠢᠨ ᠴᠡᠷᠢᠭ ᠤᠨ  ᠡᠷᠭᠡᠳᠡᠨ ᠼᠣᠤ ᠺᠦᠨ ᠂ ᠡᠣ ᠫᠸᠢ ᠹᠦ᠋ ᠰᠦᠵᠦᠭᠳᠣᠪᠠᠭᠠᠳᠣᠷ ᠢ ᠵᠣᠰᠣᠳᠣ ᠂ ᠵᠣᠤ ᠣᠳᠠ ᠂ ᠵᠢᠷᠢᠮ ᠂ ᠰᠢᠯᠢᠨ ᠭᠣᠣᠯ  ᠲᠦᠷᠪᠡᠨ ᠴᠢᠭᠣᠯᠭᠠᠨ ᠤ ᠰᠡᠷᠭᠡᠶ᠋ᠢᠯᠡᠯᠳᠡ ᠶ᠋ᠢᠨ ᠴᠡᠷᠢᠭ ᠤᠨ ᠰᠸᠯᠢᠡᠭ ᠂ ᠠᠣᠬᠠᠨ ᠵᠢᠶᠦ᠋ᠨ ᠸᠠᠡᠭ ᠳ᠋ᠤᠰᠷᠠᠶ᠋ᠢᠳᠣᠪ ᠢ ᠲᠡᠳ᠋  ᠰᠸᠯᠢᠡᠭ ᠢᠶᠠᠷ ᠲᠣᠮᠢᠯᠠᠨ ᠂ ᠰᠦᠵᠦᠭᠳᠣᠪᠠᠭᠠᠳᠣᠷ ᠢᠶᠠᠷ ᠪᠦᠬᠦ ᠴᠢᠭᠣᠯᠭᠠᠨ ᠲᠣᠳᠣᠷ᠎ᠠ ᠡᠴᠠ ᠴᠡᠷᠢᠭ ᠮᠣᠷᠢ ᠡᠯᠰᠡᠬᠦᠯᠣᠨ  ᠬᠦᠴᠣᠨ ᠢᠶᠡᠨ ᠦᠷᠭᠡᠳᠭᠡᠬᠦ ᠬᠡᠵᠡᠢ ᠃ ᠬᠡᠶ᠎ᠡ ᠲᠡᠮᠡᠢ ᠠᠷᠪᠢᠨ ᠴᠡᠷᠢᠭ ᠮᠣᠷᠢ ᠡᠯᠰᠡᠵᠣ ᠣᠯᠣᠭᠰᠠᠨ ᠦᠬᠡᠢ ᠂ ᠣᠳᠠᠯ  ᠦᠬᠡᠢ ᠬᠣᠶᠠᠳᠣᠭᠠᠷ ᠣᠳᠠᠭᠠᠨ ᠤ ᡁᠢ ᠹᠸᠡᠭ ᠤᠨ  ᠲᠠᠶᠢᠨ ᠡᠬᠦᠰᠴᠡᠢ ᠃ 10 ᠰᠠᠷ᠎ᠠ ᠳ᠋ᠤ ᠣᠮᠠᠷᠠᠳᠣ ᠶ᠋ᠢᠨ ᠿᠤ  ᠾᠧ ᠶ᠋ᠢᠨ ᠶᠡᠷᠣᠡᠭᠭᠡᠢ ᠰᠸᠯᠢᠡᠭ ᠹᠸᠡᠭ ᠢᠣᠢ ᠰᠢᠶᠠᠡᠭ 《 ᠪᠡᠭᠡᠵᠢᠡᠭ ᠤᠨ ᠲᠦᠷᠣ ᠶ᠋ᠢᠨ ᠬᠣᠪᠢᠰᠣᠯ 》 ᠢ  ᠭᠠᠷᠭᠠᠭᠰᠠᠨ ᠡᠴᠠ ᠣᠮᠠᠷᠠᠳᠣ ᠶ᠋ᠢᠨ ᠴᠡᠷᠢᠭ ᠪᠦᠷᠢᠮᠣᠰᠣᠨ ᠢᠯᠠᠭᠳᠠᠭᠠᠳ ᠪᠠᠬᠡᠵᠢᠡᠭ ᠤᠨ ᠵᠠᠰᠠᠭ ᠤᠨ ᠡᠷᠭᠡ ᠵᠠᠡᠭ  ᠽᠦᠧᠧ ᠯᠢᠨ ᠳ᠋ᠣᠸᠠᠨ ᠴᠢ ᠿᠦᠢ ᠶ᠋ᠢᠨ ᠭᠠᠷ ᠲᠤ ᠣᠷᠣᠪᠠ ᠃ ᠵᠠᠡᠭ ᠽᠦᠧᠧ ᠯᠢᠨ ᠰᠦᠵᠦᠭᠳᠣᠪᠠᠭᠠᠳᠣᠷ ᠂  ᠳ᠋ᠤᠰᠷᠠᠶ᠋ᠢᠳᠣᠪ ᠢ ᠲᠣᠰᠢᠶᠠᠯ ᠡᠴᠠ ᠨᠢ  ᠤᠭᠴᠠᠷᠠᠭᠤᠯᠪᠠ᠃ ᠵᠠᠯᠭᠠᠪᠡᠷ ᠰᠦᠵᠦᠭᠳᠣᠪᠠᠭᠠᠳᠣᠷ ᠪᠠᠰᠠ 《 ᠲᠡᠭᠡᠷᠡᠮ ᠢ  ᠲᠣᠷ᠎ᠠ ᠪᠠᠷ ᠨᠢ ᠲᠠᠯᠪᠢᠵᠣ ᠠᠷᠠᠳ ᠢ ᠭᠠᠰᠠᠯᠭᠠᠭᠰᠠᠨ 》 ᠭᠡᠳᠡᠭ ᠢᠶᠠᠷ ᠵᠠᠭᠠᠯᠳᠣᠭᠳᠠᠭᠠᠳ ᠴᠢᠭᠣᠯᠭᠠᠨ ᠤ ᠶᠠᠪᠣᠳᠠᠯ ᠤᠨ  ᠬᠠᠪᠰᠣᠷᠣᠭᠴᠢ ᠶ᠋ᠢᠨ ᠲᠣᠰᠢᠶᠠᠯ ᠢ ᠨᠢ ᠬᠠᠰᠣᠪᠠ ᠃ ᠬᠣᠶᠠᠳᠣᠭᠠᠷ ᠣᠳᠠᠭᠠᠨ ᠤ ᡁᠢ ᠹᠸᠡᠭ ᠤᠨ  ᠲᠠᠶᠢᠨ ᠳ᠋ᠤ ᠵᠡᠬᠦᠨ ᠬᠤᠶᠢᠳᠤ ᠶ᠋ᠢᠨ ᠴᠡᠷᠢᠭ ᠶᠡᠬᠡ ᠬᠡᠮᠵᠢᠶᠡᠨ ᠤ ᠬᠡᠷᠡᠭᠰᠡᠯ ᠵᠠᠷᠣᠴᠠᠭᠣᠯᠪᠠ ᠃ ᠵᠠᠡᠭ ᠽᠦᠧᠧ ᠯᠢᠨ ᠵᠠᠪᠰᠢᠶᠠᠨ ᠢ  ᠲᠣᠬᠢᠶᠠᠯᠳᠣᠭᠣᠯᠣᠨ ᠮᠣᠡᠭᠭᠣᠯ ᠬᠣᠰᠢᠭᠣᠳ ᠢ ᠵᠠᠷᠯᠢᠭᠳᠠᠵᠣ ᠬᠣᠬᠢᠷᠠᠯ ᠢ ᠨᠦᠬᠦᠪᠣᠷᠢᠯᠡᠬᠦᠯᠬᠦ ᠬᠡᠪᠡ ᠃ ᠵᠠᠡᠭ ᠽᠦᠧᠧ  ᠯᠢᠨ  ᠺᠠᠶᠢᠯᠤ ᠳ᠋ᠤ ᠰᠠᠭᠣᠭ᠎ᠠ ᠵᠡᠬᠦᠨ  ᠬᠤᠶᠢᠳᠤ ᠶ᠋ᠢᠨ ᠴᠡᠷᠢᠭ ᠤᠨ ᠪᠠᠲ᠋ᠯᠢᠶᠦᠢᠨ ᠤ ᠲᠠᠷᠣᠭ᠎ᠠ ᠵᠠᠡᠭ ᠯᠢᠶᠠᠨ ᠲᠠᠡᠭ ᠢᠶᠠᠷ  ᠲᠡᠮᠵᠢᠨ ᠰᠦᠵᠦᠭᠳᠣᠪᠠᠭᠠᠳᠣᠷ ᠢ ᠠᠯᠪᠠᠳᠠᠵᠣ ᠂ ᠯᠣᠣᠬ᠎ᠠ ᠶ᠋ᠢᠨ ᠭᠣᠣᠯ ᠂ ᠨᠠᠷᠢᠳ ᠤᠨ ᠭᠣᠣᠯ ᠤᠨ ᠰᠠᠪᠠ ᠭᠠᠵᠠᠷ ᠤᠨ  ᠶᠡᠬᠡ ᠬᠡᠰᠡᠭ ᠦᠡᠭ ᠰᠢᠮᠡᠯᠢᠭ ᠭᠠᠵᠠᠷ ᠰᠢᠷᠣᠢ ᠶ᠋ᠢ ᠬᠣᠳᠠᠯᠳᠣᠭᠣᠯᠵᠣ ᠂ ᠴᠡᠷᠢᠭ ᠤᠨ ᠵᠠᠷᠣᠳᠠᠯ ᠢ ᠭᠠᠷᠭᠠᠭᠣᠯᠬᠣ ᠭᠡᠪᠡ ᠃ ᠰᠦᠵᠦᠭᠳᠣᠪᠠᠭᠠᠳᠣᠷ ᠬᠣᠰᠢᠭᠣᠨ ᠤ ᠭᠠᠵᠠᠷ ᠢ ᠬᠣᠳᠠᠯᠳᠣᠬᠣ ᠶ᠋ᠢ ᠣᠭᠳᠣ ᠬᠦᠯᠢᠶᠡᠭᠰᠡᠨ ᠦᠬᠡᠢ ᠡᠷᠡᠰ ᠡᠰᠡᠷᠬᠦᠴᠡᠨ ᠂ ᠵᠠᠡᠭ  ᠽᠦᠸ᠋ᠸ ᠯᠢᠨ ᠬᠠᠳᠠᠭᠣ ᠵᠦᠬᠡᠯᠡᠨ ᠠᠷᠭ᠎ᠠ ᠶ᠋ᠢ ᠬᠣᠣᠰᠯᠠᠨ ᠬᠡᠷᠡᠭᠯᠡᠵᠣ ᠂ ᠬᠣᠶᠠᠷ ᠵᠢᠯ ᠢᠯᠡᠬᠦᠣ ᠬᠡᠯᠡᠯᠴᠡᠭᠡᠷ  ᠶᠠᠪᠣᠭᠣᠯᠣᠭᠠᠳ ᠂ ᠰᠦᠵᠦᠭᠳᠦᠪᠠᠭᠠᠳᠤᠷ ᠨᠠᠰᠣᠨ ᠡᠴᠣᠰᠯᠡᠳᠡᠯ᠎ᠡ ᠪᠠᠨ ᠶᠡᠷᠣ ᠡᠴᠠ ᠭᠠᠵᠠᠷ ᠨᠤᠳᠤᠭ ᠬᠤᠳᠠᠯᠳᠤᠬᠤ ᠶ᠋ᠢ  ᠵᠦᠪᠰᠢᠶᠡᠷᠡᠭᠰᠡᠨ ᠦᠬᠡᠢ ᠶᠣᠮ ᠃ ᠰᠦᠵᠦᠭᠳᠣᠪᠠᠭᠠᠳᠣᠷ 1926 ᠣᠨ ᠤ ᠣᠮᠠᠷᠠᠳᠣ ᠶ᠋ᠢᠨ   ᠲᠠᠶᠢᠨ ᠳ᠋ᠤ  ᠣᠷᠣᠯᠴᠠᠭᠰᠠᠨ ᠹᠸᠡᠭ ᠢᠤᠢ ᠰᠢᠶᠠᠡᠭ ᠤᠨ ᠠᠵᠢᠯᠯᠠᠭ᠎ᠠ ᠶ᠋ᠢ ᠬᠦᠷᠢᠶᠡᠯᠡᠵᠣ ᠵᠠᠡᠭ ᠽᠦᠧᠧ ᠯᠢᠨ ᠲᠠᠢ ᠪᠠᠰᠠ ᠵᠦᠷᠢᠴᠡᠯ  ᠡᠬᠦᠰᠴᠡᠢ ᠃ ᠵᠠᠡᠭ ᠽᠦᠧᠧ ᠯᠢᠨ ᠰᠦᠵᠦᠭᠳᠣᠪᠠᠭᠠᠳᠣᠷ ᠤᠨ ᠪᠡᠭᠡᠵᠢᠡᠭ ᠪᠣᠯᠣᠨ ᠡᠯ᠎ᠡ ᠴᠢᠭᠣᠯᠭᠠᠨ ᠂  ᠬᠣᠰᠢᠭᠣᠨ ᠳ᠋ᠠᠬᠢ ᠢᠳᠡᠭᠡᠯ ᠬᠦᠨᠳᠣ ᠶ᠋ᠢ ᠨᠢ ᠪᠣᠳᠣᠯᠬᠢᠯᠠᠭᠠᠳ ᠶᠠᠭᠠᠬᠢᠵᠣ ᠴᠦ ᠴᠢᠳᠠᠬᠣ ᠦᠬᠡᠢ ᠳ᠋ᠡᠭᠡᠨ 《 ᠵᠦᠪᠬᠡᠨ  ᠪᠡᠭᠡᠵᠢᠡᠭ ᠳ᠋ᠤ ᠰᠠᠭᠣᠵᠣ ᠪᠣᠯᠬᠣ ᠦᠬᠡᠢ ᠂ ᠬᠣᠭᠣᠴᠠᠭ᠎ᠠ ᠬᠢᠵᠠᠭᠠᠷᠯᠠᠨ ᠬᠣᠰᠢᠭᠣᠨ ᠳᠠᠭᠠᠨ ᠪᠣᠴᠠᠬᠣ ᠬᠡᠷᠡᠭᠲᠠᠢ 》  ᠭᠡᠵᠣ ᠬᠣᠰᠢᠭᠣᠨ ᠳ᠋ᠤᠨᠢ ᠶᠠᠪᠣᠭᠣᠯᠪᠠ ᠃ ᠡᠨᠡ ᠪᠣᠯ ᠰᠦᠵᠦᠭᠳᠣᠪᠠᠭᠠᠳᠣᠷ ᠸᠠᠡᠭ ᠤᠨ ᠮᠣᠡᠭᠭᠣᠯᠴᠣᠳ ᠤᠨ ᠬᠣᠰᠢᠭᠣ  ᠨᠣᠳᠣᠭ ᠭᠠᠵᠠᠷ ᠰᠢᠷᠣᠢ ᠶ᠋ᠢᠨ ᠲᠦᠯᠣᠭᠡ ᠲᠡᠮᠡᠴᠡᠭᠰᠡᠨ ᠨᠣᠭᠣᠷᠠᠰᠢ ᠦᠬᠡᠢ ᠬᠠᠳᠠᠨ ᠵᠣᠷᠢᠭ ᠰᠦᠯᠳᠡ ᠪᠣᠯᠣᠨ᠎ᠠ ᠃  1926 ᠣᠨ ᠤ 10 ᠰᠠᠷ᠎ᠠ ᠳ᠋ᠤ ᠂ ᠰᠦᠵᠦᠭᠳᠣᠪᠠᠭᠠᠳᠣᠷ ᠠᠷᠭ᠎ᠠ ᠦᠬᠡᠢ ᠬᠣᠶᠠᠷ ᠬᠠᠳᠣᠨ ᠲᠠᠢ ᠪᠠᠨ  ᠪᠡᠬᠡᠵᠢᠡᠭ ᠡᠴᠠ ᠰᠠᠯᠵᠣ ᠂ ᠹᠸᠡᠭ ᠲᠢᠶᠠᠨ ᠢᠶᠠᠷ ᠲᠠᠮᠵᠢᠨ ᠲᠠᠭᠠᠷᠢᠭᠠᠳ ᠨᠠᠢᠮᠠᠨ ᠬᠣᠰᠢᠭᠣᠨ ᠳᠠᠭᠠᠨ ᠪᠣᠴᠠᠵᠣ ᠢᠷᠡᠪᠡ ᠃ ᠰᠦᠵᠦᠭᠳᠣᠪᠠᠭᠠᠳᠣᠷ ᠸᠠᠡᠭ ᠰᠡᠳᠬᠢᠯ ᠰᠠᠨᠠᠭ᠎ᠠ ᠠᠮᠣᠷ ᠦᠬᠡᠢ ᠶ᠋ᠢᠨ ᠲᠡᠭᠡᠷ᠎ᠡ ᠠᠶᠠᠨ ᠵᠠᠮ ᠤᠨ ᠵᠦᠳᠡᠷᠡᠯ ᠡᠴᠠ  ᠪᠣᠯᠣᠭᠠᠳ ᠲᠣᠰ ᠬᠣᠰᠢᠭᠣᠨ ᠤ ᠰᠢᠷ᠎ᠠ ᠬᠣᠳᠳᠣᠭ  ᠠᠶᠢᠯ( ᡁᠢ ᠠᠨ ᠪᠠᠯᠭᠠᠰᠣ ᠶ᠋ᠢᠨ ᠵᠡᠬᠦᠨ ᠡᠮᠣᠨ᠎ᠡ ᠬᠡᠰᠡᠭ ᠲᠤ  ᠪᠣᠢ ) ᠬᠦᠷᠴᠣ ᠢᠷᠡᠭᠡᠳ ᠡᠪᠡᠳᠴᠢᠯᠡᠪᠡ ᠃ ᠲᠣᠬᠠᠢ ᠶ᠋ᠢᠨ ᠦᠶ᠎ᠡ ᠶ᠋ᠢᠨ ᠲᠡᠬᠦᠨ ᠤ ᠠᠬ᠎ᠠ ᠪᠣᠷᠣᠬᠣᠰᠢᠭᠣ ᠰᠦᠮ᠎ᠡ ᠶ᠋ᠢᠨ  ᠰᠤᠷᠡᠭᠸᠠᠡᠭᠪᠣᠤ ᠬᠡᠬᠡᠨ ᠲᠠᠷᠣᠢ ᠳ᠋ᠤᠨᠢ ᠬᠦᠮᠣᠨ ᠲᠣᠮᠢᠯᠠᠨ ᠲᠡᠬᠦᠣ ᠪᠠᠨ ᠰᠦᠮ᠎ᠡ ᠳ᠋ᠡᠭᠡᠨ ᠲᠣᠰᠴᠣ ᠠᠪᠠᠴᠢᠭᠠᠳ ᠂  ᠨᠡᠷᠡᠳᠣ ᠡᠮᠴᠢ ᠶ᠋ᠢ ᠵᠠᠯᠠᠵᠣ ᠡᠮᠨᠡᠬᠦᠯᠦᠭᠰᠡᠨ ᠪᠦᠬᠡᠳ ᠦᠪᠡᠷ ᠤᠨ ᠪᠡᠶ᠎ᠡ ᠪᠠᠷ ᠢᠶᠡᠨ ᠮᠦᠨ ᠨᠠᠷᠢᠨ ᠨᠢᠮᠪᠠᠢ ᠰᠣᠪᠢᠯᠠᠨ  ᠵᠠᠰᠠᠪᠠ ᠃ ᠬᠡᠪᠡᠴᠣ ᠡᠴᠣᠰ ᠲᠡᠭᠡᠨ ᠲᠣᠰᠠ ᠪᠣᠯᠣᠭᠰᠠᠨ ᠦᠬᠡᠢ ᠂ ᠢᠷᠭᠡᠨ ᠣᠯᠣᠰ ᠤᠨ 15 ᠳ᠋ᠣᠭᠠᠷ ᠣᠨ ᠤ 11  ᠳ᠋ᠣᠭᠡᠷ ᠰᠠᠷ᠎ᠠ ᠶ᠋ᠢᠨ 12 ᠤ ᠡᠳᠣᠷ ( 1926 ᠣᠨ ᠤ 12 ᠳ᠋ᠣᠭᠠᠷ ᠰᠠᠷ᠎ᠠ ᠶ᠋ᠢᠨ 26 ᠤ ᠡᠳᠣᠷ ) ᠪᠣᠷᠣᠬᠣᠰᠢᠭᠣᠨ  ᠰᠦᠮ᠎ᠡ ᠳ᠋ᠤ ᠨᠠᠰᠣ ᠪᠠᠷᠠᠪᠠ ᠃ ᠨᠠᠰᠣᠨ ᠰᠡᠬᠦᠳᠡᠷ 38 ᠨᠠᠰᠣᠳᠠᠢ ᠪᠦᠯᠣᠭᠡ ᠃ ᠨᠠᠢᠮᠠᠨ ᠬᠣᠰᠢᠭᠣᠨ ᠤ ᠠᠷᠪᠠᠨ  ᠲᠦᠷᠪᠡᠳᠣᠭᠡᠷ ᠵᠠᠰᠠᠭ ᠰᠦᠵᠦᠭᠳᠣᠪᠠᠭᠠᠳᠣᠷ ᠵᠢᠶᠦ᠋ᠨ ᠸᠠᠡᠭ ᠤᠨ ᠣᠬᠣᠷᠬᠠᠨ ᠨᠢᠬᠡ ᠨᠠᠰᠣ ᠪᠣᠯ ᠠᠣᠭ᠎ᠠ ᠶᠡᠬᠡ   ᠦᠢᠯᠡᠰ ᠢ ᠪᠦᠳᠣᠭᠡᠭᠰᠡᠨ  ᠭᠠᠶᠢᠬᠠᠮᠰᠢᠭᠳᠤ ᠲᠣᠮᠣᠭᠳᠣ ᠨᠢᠬᠡ ᠨᠠᠰᠣ ᠪᠣᠯᠣᠨ᠎ᠠ ᠃   (ᠮᠠ ᠪᠦᠬᠡ  ᠡᠮᠬᠢᠳᠭᠡᠪᠡ )


 

     
   

     

ᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ