ᠲᠤᠮᠳᠠᠳᠤ ᠤᠯᠤᠰ ‍ᠤᠨ ᠡᠪ ᠬᠠᠮᠳᠤ ᠨᠡᠮ ‍ᠤᠨ ᠲᠦᠷᠢᠮ (ᠲᠤᠪᠴᠢᠯᠠᠯ )

ᠣᠩᠰᠢᠭᠰᠠᠨ ᠤᠳᠠᠭ᠎ᠠ ᠄ 37063     ᠨᠡᠶᠢᠳᠡᠯᠡᠭᠰᠡᠨ ᠴᠠᠭ ᠄ 2016/5/1 16:41:46

                ᠨᠡᠮ ‍ᠤᠨ ᠭᠡᠰᠢᠬᠦᠨ ‍ᠤ ᠨᠠᠢᠮᠠᠨ ᠵᠦᠢᠯ ‍ᠤᠨ ᠡᠷᠭᠡ

( ᠨᠢᠭᠡ ) ᠨᠡᠮ ‍ᠤᠨ ᠬᠤᠯᠪᠤᠭᠳᠠᠯ ᠪᠦᠬᠦᠢ ᠬᠤᠷᠠᠯ ᠳ᠋ᠤ ᠤᠷᠤᠯᠴᠠᠵᠤ ᠂ ᠨᠡᠮ ‍ᠤᠨ ᠬᠤᠯᠪᠤᠭᠳᠠᠯ ᠪᠦᠬᠦᠢ ᠪᠢᠴᠢᠭ ᠮᠠᠲ᠋ᠸᠷᠢᠶᠠᠯ ‍ᠢ ᠦᠵᠡᠵᠤ ᠂ ᠨᠡᠮ ‍ᠤᠨ ᠭᠦᠮᠦᠵᠢᠬᠦᠯᠦᠯ ᠪᠡ ᠪᠤᠯᠪᠠᠰᠤᠷᠠᠭᠤᠯᠤᠯ ‍ᠢ ᠭᠦᠯᠢᠶᠡᠨ᠎ᠡ ᠃

 ( ᠬᠤᠶᠠᠷ ) ᠨᠡᠮ ‍ᠤᠨ ᠬᠤᠷᠠᠯ ᠪᠡ ᠨᠡᠮ ‍ᠤᠨ ᠰᠤᠨᠢᠨ ᠰᠡᠳᠭᠦᠯ ᠲᠡᠭᠡᠷ᠎ᠡ ᠶᠠᠪᠤᠭᠳᠠᠬᠤ ᠨᠡᠮ ‍ᠤᠨ ᠲᠦᠷᠦ ᠶ᠋ᠢᠨ ᠪᠤᠳᠤᠯᠭ᠎ᠠ ᠶ᠋ᠢᠨ ᠠᠰᠠᠭᠤᠳᠠᠯ ‍ᠤᠨ ᠲᠤᠬᠠᠢ ᠶᠠᠷᠢᠯᠴᠠᠭᠠᠨ ᠳ᠋ᠤ ᠤᠷᠤᠯᠴᠠᠨ᠎ᠠ ᠃
( ᠭᠤᠷᠪᠠ ) ᠨᠡᠮ ‍ᠤᠨ ᠠᠵᠢᠯ ᠳ᠋ᠤ ᠰᠠᠨᠠᠭᠤᠯᠭ᠎ᠠ ᠪᠡ ᠰᠠᠨᠠᠭᠠᠴᠢᠯᠠᠭ᠎ᠠ ᠭᠠᠷᠭᠠᠨ᠎ᠠ ᠃

( ᠲᠦᠷᠪᠡ )  ᠨᠡᠮ ‍ᠤᠨ ᠬᠤᠷᠠᠯ ᠲᠡᠭᠡᠷ᠎ᠡ ᠨᠡᠮ ‍ᠤᠨ ᠶᠠᠮᠠᠷ ᠴᠤ ᠵᠤᠬᠢᠶᠠᠨ ᠪᠠᠶᠢᠭᠤᠯᠤᠯᠳᠠ ᠪᠡ
ᠨᠡᠮ ‍ᠤᠨ ᠶᠠᠮᠠᠷ ᠴᠤ ᠭᠡᠰᠢᠭᠦᠨ ‍ᠢ ᠦᠨᠳᠦᠰᠦ ᠪᠠᠷᠢᠮᠳᠠ ᠲᠡᠢ ᠪᠡᠷ ᠰᠢᠬᠦᠮᠵᠢᠯᠡᠵᠤ ᠂ ᠨᠡᠮ ‍ᠤᠨ ᠶᠠᠮᠠᠷ ᠴᠤ
ᠵᠤᠬᠢᠶᠠᠨ ᠪᠠᠶᠢᠭᠤᠯᠤᠯᠳᠠ ᠪᠡ ᠨᠡᠮ ‍ᠤᠨ ᠶᠠᠮᠠᠷ ᠴᠤ ᠭᠡᠰᠢᠭᠦᠨ ‍ᠤ ᠬᠠᠤᠯᠢ ᠵᠢ ᠵᠦᠷᠢᠴᠡᠵᠤ ᠰᠠᠬᠢᠯᠭ᠎ᠠ ᠵᠢ
ᠰᠠᠮᠠᠭᠤᠷᠠᠭᠤᠯᠤᠭᠰᠠᠨ ᠪᠤᠳᠠᠳᠤ ᠭᠡᠷᠡᠭ ‍ᠢ ᠨᠡᠮ ᠳ᠋ᠤ ᠬᠠᠷᠢᠭᠤᠴᠠᠬᠤ ᠤᠪᠤᠷ ‍ᠢᠶ᠋ᠡᠷ ᠢᠯᠡᠴᠢᠯᠡᠨ ᠵᠠᠭᠠᠯᠳᠤᠬᠤ
ᠪᠦᠭᠡᠳ ᠬᠠᠤᠯᠢ ᠵᠢ ᠵᠦᠷᠢᠴᠡᠵᠤ ᠰᠠᠬᠢᠯᠭ᠎ᠠ ᠵᠢ ᠰᠠᠮᠠᠭᠤᠷᠠᠭᠤᠯᠤᠭᠰᠠᠨ ᠨᠡᠮ ‍ᠤᠨ ᠭᠡᠰᠢᠬᠦᠨ ‍ᠢ ᠰᠢᠳᠭᠡᠭᠦᠯᠬᠦ ᠱᠠᠭᠠᠷᠳᠠᠯᠭ᠎ᠠ ᠭᠠᠷᠭᠠᠨ᠎ᠠ ᠂ ᠲᠤᠰᠢᠶᠠᠯ ᠳ᠋ᠠᠭᠠᠨ ᠦᠯᠦ ᠲᠡᠩᠴᠡᠬᠦ ᠺᠡᠳ᠋ᠷ ‍ᠢ ᠲᠤᠰᠢᠶᠠᠯ ᠡᠴᠡ ᠨᠢ ᠤᠭᠴᠠᠷᠠᠭᠤᠯᠬᠤ ᠪᠤᠶᠤ ᠰᠤᠯᠢᠬᠤ ᠱᠠᠭᠠᠷᠳᠠᠯᠭ᠎ᠠ ᠭᠠᠷᠭᠠᠨ᠎ᠠ ᠃

( ᠲᠠᠪᠤ᠋ ) ᠪᠠᠳᠤᠯᠠᠬᠤ ᠡᠷᠭᠡ ᠂ ᠰᠤᠩᠭᠤᠬᠤ ᠡᠷᠭᠡ ᠪᠡᠨ ᠭᠡᠷᠡᠭᠯᠡᠬᠦ ᠪᠦᠭᠡᠳ ᠰᠤᠩᠭᠤᠭᠳᠠᠬᠤ ᠡᠷᠭᠡ ᠲᠡᠢ ᠃

( ᠵᠢᠷᠭᠤᠭ᠎ᠠ ) ᠨᠡᠮ ‍ᠤᠨ ᠵᠤᠬᠢᠶᠠᠨ ᠪᠠᠶᠢᠭᠤᠯᠤᠯᠳᠠ ᠡᠴᠡ ᠨᠡᠮ ‍ᠤᠨ ᠭᠡᠰᠢᠭᠦᠨ ᠳ᠋ᠤ ᠨᠡᠮ ‍ᠤᠨ ᠰᠠᠬᠢᠯᠭ᠎ᠠ
ᠪᠠᠳᠤ ᠶ᠋ᠢᠨ ᠰᠢᠳᠭᠡᠯ ᠦᠭᠬᠦ ᠪᠡᠷ ᠶᠠᠷᠢᠯᠴᠠᠨ ᠲᠤᠭᠳᠠᠭᠠᠬᠤ ᠪᠤᠶᠤ ᠬᠢᠨᠡᠨ ᠲᠤᠭᠳᠠᠭᠠᠯᠳᠠ ᠬᠢᠬᠦ ᠦᠶ᠎ᠡ ᠳ᠋ᠤ
ᠲᠤᠰ ᠭᠦᠮᠦᠨ ᠨᠢ ᠪᠡᠶ᠎ᠡ ᠪᠡᠷ ‍ᠢᠶ᠋ᠡᠨ ᠤᠷᠤᠯᠴᠠᠬᠤ ᠪᠡ ᠦᠪᠡᠷ ‍ᠢ ᠪᠡᠨ ᠦᠮᠦᠭᠯᠡᠬᠦ ᠡᠷᠭᠡ ᠲᠡᠢ ᠂ ᠨᠡᠮ ‍ᠤᠨ
ᠪᠤᠰᠤᠳ ᠭᠡᠰᠢᠬᠦᠨ ᠴᠤ ᠲᠡᠭᠦᠨ ᠳ᠋ᠤ ᠭᠡᠷᠡᠴᠢ ᠪᠤᠯᠬᠤ ᠪᠤᠶᠤ ᠲᠡᠭᠦᠨ ‍ᠢ ᠦᠮᠦᠭᠯᠡᠵᠤ ᠪᠤᠯᠤᠨ᠎ᠠ ᠃

  ( ᠲᠤᠯᠤᠭ᠎ᠠ ) ᠨᠡᠮ ‍ᠤᠨ ᠰᠢᠢᠳᠪᠤᠷᠢ ᠪᠡ ᠲᠦᠷᠦ ᠶ᠋ᠢᠨ ᠪᠤᠳᠤᠯᠭ᠎ᠠ ᠳ᠋ᠤ ᠠᠳᠠᠯᠢ ᠪᠤᠰᠤ ᠰᠠᠨᠠᠯ ᠲᠡᠢ
ᠪᠠᠶᠢᠪᠠᠯ ᠡᠷᠡᠰ ᠭᠡᠷᠡᠭᠵᠢᠬᠦᠯᠬᠦ ᠤᠷᠢᠳᠠᠯ ᠲᠤᠤᠷ᠎ᠠ ᠰᠠᠨᠠᠯ ‍ᠢᠶ᠋ᠡᠨ ᠦᠯᠡᠳᠡᠭᠡᠬᠦ ᠪᠡᠷ ᠢᠯᠡᠷᠭᠡᠶᠢᠯᠡᠵᠤ
ᠪᠤᠯᠬᠤ ᠪᠦᠭᠡᠳ ᠨᠡᠮ ‍ᠤᠨ ᠲᠡᠭᠡᠳᠦ ᠱᠠᠳᠤᠨ ‍ᠤ ᠵᠤᠬᠢᠶᠠᠨ ᠪᠠᠶᠢᠭᠤᠯᠤᠯᠳᠠ ᠳ᠋ᠤ ᠴᠢᠨᠠᠭᠰᠢᠯᠠᠪᠠᠯ
ᠲᠦᠪ ᠬᠤᠷᠢᠶ᠎ᠠ ᠳ᠋ᠤ ᠭᠦᠷᠳᠡᠯ᠎ᠡ ᠦᠪᠡᠷ ‍ᠤᠨ ᠰᠠᠨᠠᠯ ‍ᠢᠶ᠋ᠡᠨ ᠭᠠᠷᠭᠠᠵᠤ ᠪᠤᠯᠤᠨ᠎ᠠ ᠃

( ᠨᠠᠢᠮᠨ ) ᠨᠡᠮ ‍ᠤᠨ ᠲᠡᠭᠡᠳᠦ ᠱᠠᠳᠤᠨ ‍ᠤ ᠵᠤᠬᠢᠶᠠᠨ ᠪᠠᠶᠢᠭᠤᠯᠤᠯᠳᠠ ᠳ᠋ᠤ ᠴᠢᠨᠠᠭᠰᠢᠯᠠᠪᠠᠯ ᠲᠦᠪ
ᠬᠤᠷᠢᠶ᠎ᠠ ᠳ᠋ᠤ ᠭᠦᠷᠳᠡᠯ᠎ᠡ ᠭᠤᠶᠤᠳᠠᠯ ᠂ ᠭᠤᠮᠤᠳᠠᠯ ᠭᠠᠷᠭᠠᠬᠤ ᠪᠡ ᠵᠠᠭᠠᠯᠳᠤᠵᠤ ᠂ ᠲᠡᠷᠡᠴᠢᠯᠡᠨ
ᠬᠠᠷᠢᠭᠤᠴᠠᠯᠭᠠᠳᠤ ᠬᠠᠷᠢᠭᠤᠯᠳᠠ ᠦᠭᠭᠦᠭᠦᠯᠬᠦ ᠪᠡᠷ ᠬᠤᠯᠪᠤᠭᠳᠠᠯ ᠪᠦᠬᠦᠢ ᠵᠤᠬᠢᠶᠠᠨ ᠪᠠᠶᠢᠭᠤᠯᠤᠯᠳᠠ ᠳ᠋ᠤ
ᠱᠠᠭᠠᠷᠳᠠᠵᠤ ᠪᠤᠯᠤᠨ᠎ᠠ ᠃

 ᠨᠡᠮ ‍ᠤᠨ ᠭᠡᠰᠢᠬᠦᠨ ‍ᠤ ᠨᠠᠢᠮᠠᠨ ᠵᠦᠢᠯ ‍ᠤᠨ ᠡᠭᠦᠷᠭᠡ

  (ᠨᠢᠭᠡ ) ᠮᠠᠷᠺᠰ ᠯᠸᠨᠢᠨ ‍ᠤ ᠦᠵᠡᠯ ᠂ ᠮᠡᠤ ᠽᠸ ᠳ᠋ᠦᠩ ‍ᠤᠨ ᠦᠵᠡᠯ ᠰᠠᠨᠠᠭ᠎ᠠ ᠂ ᠳ᠋ᠸᠩ
ᠰᠢᠶᠦᠦ ᠫᠢᠩ ‍ᠤᠨ ᠤᠨᠤᠯ ᠂ 《 ᠭᠤᠷᠪᠠ ᠵᠢ ᠲᠦᠯᠦᠭᠡᠯᠡᠬᠦ 》 ᠴᠢᠬᠤᠯᠠ ᠦᠵᠡᠯ ᠰᠠᠨᠠᠭ᠎ᠠ ᠪᠡ
ᠰᠢᠨᠵᠢᠯᠡᠬᠦ ᠤᠬᠠᠭᠠᠨᠴᠢ ᠭᠦᠭᠵᠢᠯᠳᠡ ᠶ᠋ᠢᠨ ᠦᠵᠡᠯᠳᠡ ᠵᠢ ᠬᠢᠨᠠᠮᠠᠭᠠᠢ ᠰᠤᠷᠤᠯᠴᠠᠵᠤ ᠂ ᠨᠡᠮ ‍ᠤᠨ
ᠱᠤᠭᠤᠮ ᠂ ᠴᠢᠭᠯᠡᠯᠳᠡ ᠂ ᠲᠦᠷᠦ ᠶ᠋ᠢᠨ ᠪᠤᠳᠤᠯᠭ᠎ᠠ ᠪᠡ ᠰᠢᠢᠳᠪᠤᠷᠢ ᠵᠢ ᠰᠤᠷᠤᠯᠴᠠᠵᠤ ᠂ ᠨᠡᠮ ‍ᠤᠨ
ᠦᠨᠳᠦᠰᠦᠨ ᠮᠡᠳᠡᠯᠭᠡ ᠵᠢ ᠰᠤᠷᠤᠯᠴᠠᠵᠤ ᠂ ᠰᠢᠨᠵᠢᠯᠡᠬᠦ ᠤᠬᠠᠭᠠᠨ ᠂ ᠰᠤᠶᠤᠯ ᠂ ᠬᠠᠤᠯᠢ ᠴᠠᠭᠠᠵᠠ
ᠪᠠ ᠲᠤᠬᠠᠶᠢᠯᠠᠭᠰᠠᠨ ᠠᠵᠢᠯ ‍ᠤᠨ ᠮᠡᠳᠡᠯᠭᠡ ᠵᠢ ᠰᠤᠷᠤᠯᠴᠠᠵᠤ ᠂ ᠠᠷᠠᠳ ᠲᠦᠮᠡᠨ ᠳ᠋ᠤ
ᠦᠢᠯᠡᠴᠢᠯᠡᠬᠦ ᠴᠢᠳᠠᠪᠤᠷᠢ ᠪᠡᠨ ᠴᠢᠷᠮᠠᠶᠢᠨ ᠲᠡᠭᠡᠭᠰᠢᠯᠡᠬᠦᠯᠬᠦ ᠭᠡᠷᠡᠭᠳᠡᠢ ᠃

( ᠬᠤᠶᠠᠷ ) ᠨᠡᠮ ‍ᠤᠨ ᠦᠨᠳᠦᠰᠦᠨ ᠱᠤᠭᠤᠮ ᠪᠡ ᠡᠯ᠎ᠡ ᠵᠦᠢᠯ ‍ᠤᠨ ᠴᠢᠭᠯᠡᠯᠳᠡ ᠂ ᠲᠦᠷᠦ ᠶ᠋ᠢᠨ ᠪᠤᠳᠤᠯᠭ᠎ᠠ ᠵᠢ ᠲᠤᠤᠱᠯᠠᠭᠤᠯᠤᠨ ᠭᠡᠷᠡᠭᠵᠢᠬᠦᠯᠵᠤ ᠂ ᠦᠭᠡᠷᠡᠴᠢᠯᠡᠯᠳᠡ ᠨᠡᠭᠡᠭᠡᠯᠳᠡ ᠪᠡ ᠨᠡᠶᠢᠭᠡᠮ ᠵᠢᠷᠤᠮ ‍ᠤᠨ ᠤᠳᠤᠬᠢᠴᠢᠯᠠᠬᠤ ᠪᠦᠳᠦᠭᠡᠨ ᠪᠠᠶᠢᠭᠤᠯᠤᠯᠳᠠ ᠳ᠋ᠤ ᠲᠤᠯᠤᠭᠠᠶᠢᠯᠠᠨ ᠤᠷᠤᠯᠴᠠᠵᠤ ᠂ ᠤᠯᠠᠨ ᠲᠦᠮᠡᠨ ‍ᠢ ᠲᠡᠶᠢᠴᠢᠯᠠᠨ ᠠᠵᠤ ᠠᠬᠤᠢ ᠶ᠋ᠢᠨ ᠭᠦᠭᠵᠢᠯᠳᠡ ᠪᠡ ᠨᠡᠶᠢᠭᠡᠮ ‍ᠤᠨ ᠲᠠᠪᠰᠢᠯᠳᠡ ᠶ᠋ᠢᠨ ᠲᠦᠯᠦᠭᠡ ᠲᠠᠰᠪᠤᠷᠢ ᠬᠠᠳᠠᠭᠤᠵᠢᠯᠳᠡᠢ ᠲᠡᠮᠡᠴᠡᠵᠤ ᠂ ᠦᠢᠯᠡᠳᠪᠤᠷᠢᠯᠡᠯ ᠂ ᠠᠵᠢᠯ ᠂ ᠰᠤᠷᠤᠯᠴᠠᠯᠭ᠎ᠠ ᠬᠢᠭᠡᠳ ᠨᠡᠶᠢᠭᠡᠮ ‍ᠤᠨ ᠠᠮᠢᠳᠤᠷᠠᠯ ‍ᠤᠨ ᠲᠤᠮᠳᠠ ᠬᠤᠰᠢᠭᠤᠴᠢ
ᠵᠢᠱᠢᠶᠡᠴᠢ ᠦᠢᠯᠡᠳᠦᠯ ᠭᠠᠷᠭᠠᠬᠤ ᠭᠡᠷᠡᠭᠳᠡᠢ ᠃

 ( ᠭᠤᠷᠪᠠ ) ᠨᠡᠮ ‍ᠤᠨ ᠪᠡ ᠠᠷᠠᠳ ᠲᠦᠮᠡᠨ ‍ᠤ ᠠᠰᠢᠭ ᠲᠤᠰᠠ ᠵᠢ ᠶᠠᠭᠤᠨ ᠡᠴᠡ ᠴᠤ ᠢᠯᠡᠬᠦᠦ ᠡᠷᠬᠢᠮᠯᠡᠵᠤ ᠂ ᠬᠤᠪᠢᠨ ‍ᠤ ᠠᠰᠢᠭ ᠲᠤᠰᠠ ᠪᠡᠨ ᠨᠡᠮ ᠪᠡ ᠠᠷᠠᠳ ᠲᠦᠮᠡᠨ ‍ᠤ ᠠᠰᠢᠭ ᠲᠤᠰᠠ ᠳ᠋ᠤ ᠲᠠᠭᠠᠭᠤᠯᠵᠤ ᠂ ᠵᠤᠪᠠᠭᠤᠷᠢ ᠵᠦᠳᠡᠭᠦᠷᠢ ᠵᠢ ᠤᠷᠢᠳᠠᠪᠠᠷ ᠠᠮᠰᠠᠵᠤ ᠂
ᠵᠤᠯ ᠵᠢᠷᠭᠠᠯ ‍ᠢ ᠬᠤᠶᠢᠨ᠎ᠠ ᠨᠢ ᠡᠳ᠋ᠯᠡᠵᠤ ᠂ ᠪᠡᠶ᠎ᠡ ᠪᠡᠨ ᠪᠠᠷᠢᠵᠤ ᠪᠦᠭᠦᠳᠡ ᠶ᠋ᠢᠨ ᠲᠦᠯᠦᠭᠡ ᠵᠢᠳᠭᠦᠵᠤ ᠂ ᠢᠯᠡᠬᠦᠭᠡᠨ ᠬᠤᠪᠢ ᠨᠡᠮᠡᠷᠢ ᠭᠠᠷᠭᠠᠬᠤ ᠭᠡᠷᠡᠭᠳᠡᠢ ᠃

 ( ᠲᠦᠷᠪᠡ ) ᠨᠡᠮ ‍ᠤᠨ ᠰᠠᠬᠢᠯᠭ᠎ᠠ ᠪᠠᠳᠦ ᠵᠢ ᠤᠬᠠᠮᠰᠠᠷ ᠡᠴᠡ ᠪᠡᠨ ᠰᠠᠬᠢᠵᠤ ᠂ ᠤᠯᠤᠰ ‍ᠤᠨ ᠬᠠᠤᠯᠢ ᠴᠠᠭᠠᠵᠠ ᠬᠠᠤᠯᠢ ᠲᠤᠭᠳᠠᠭᠠᠯ ‍ᠢ ᠵᠢᠱᠢᠶᠡᠴᠢ ᠪᠡᠷ ᠰᠠᠬᠢᠵᠤ ᠂ ᠨᠡᠮ ᠪᠡ ᠤᠯᠤᠰ ‍ᠤᠨ ᠨᠢᠭᠤᠴᠠ ᠵᠢ ᠴᠢᠩᠭ᠎ᠠ ᠬᠠᠮᠠᠭᠠᠯᠠᠨ ᠂ ᠨᠡᠮ ‍ᠤᠨ ᠲᠤᠭᠳᠠᠭᠠᠯ ‍ᠢ ᠭᠡᠷᠡᠭᠵᠢᠬᠦᠯᠵᠤ ᠂ ᠵᠤᠬᠢᠶᠠᠨ ᠪᠠᠶᠢᠭᠤᠯᠤᠯᠳᠠ ᠶ᠋ᠢᠨ ᠬᠤᠪᠢᠶᠠᠷᠢᠯᠡᠯᠳᠡ ᠵᠢ ᠲᠠᠭᠠᠵᠤ ᠂ ᠨᠡᠮ ‍ᠤᠨ ᠡᠭᠦᠷᠭᠡ ᠵᠢ ᠢᠳᠡᠪᠬᠢᠳᠡᠢ ᠪᠡᠶᠡᠯᠡᠬᠦᠯᠬᠦ ᠭᠡᠷᠡᠭᠳᠡᠢ ᠃

( ᠲᠠᠪᠤ᠋ ) ᠨᠡᠮ ‍ᠤᠨ ᠪᠦᠯᠬᠦᠮᠳᠡᠯ ᠪᠡ ᠨᠢᠭᠡᠳᠦᠯ ‍ᠢ ᠬᠠᠮᠠᠭᠠᠯᠠᠨ ᠂ ᠨᠡᠮ ᠳ᠋ᠤ ᠦᠨᠡᠨᠴᠢ ᠰᠢᠳᠤᠷᠭᠤ ᠪᠠᠶᠢᠵᠤ ᠂ ᠦᠭᠡ ᠶᠡᠷᠢᠶ᠎ᠡ ᠦᠢᠯᠡ ᠠᠵᠢᠯᠯᠠᠭ᠎ᠠ ᠪᠡᠨ ᠨᠢᠭᠡᠳᠭᠡᠵᠤ ᠂ ᠠᠶᠢᠮᠠᠭ ᠪᠦᠯᠦᠭ ‍ᠤᠨ ᠵᠤᠬᠢᠶᠠᠨ ᠪᠠᠶᠢᠭᠤᠯᠤᠯᠳᠠ ᠪᠡ ᠵᠢᠵᠢᠭ ᠪᠦᠯᠬᠦᠮ ‍ᠤᠨ ᠠᠵᠢᠯᠯᠠᠭ᠎ᠠ ᠪᠦᠬᠦᠨ ‍ᠢ ᠡᠷᠡᠰ ᠡᠰᠡᠷᠭᠦᠴᠡᠵᠤ ᠂ ᠢᠯᠡ ᠲᠠᠭᠠᠵᠤ ᠲᠠᠯᠳᠠᠭᠤᠷ ᠵᠦᠷᠢᠴᠡᠳᠡᠭ ᠬᠤᠶᠠᠷ ᠨᠢᠭᠤᠷᠳᠠᠨ ‍ᠤ ᠦᠢᠯᠡ ᠠᠵᠢᠯᠯᠠᠭ᠎ᠠ ᠪᠡ ᠤᠪ ᠶᠠᠪᠤᠭᠤᠯᠤᠯᠭ᠎ᠠ ᠪᠦᠬᠦᠨ ‍ᠢ ᠡᠰᠡᠷᠭᠦᠴᠡᠬᠦ ᠭᠡᠷᠡᠭᠳᠡᠢ ᠃

( ᠵᠢᠷᠭᠤᠭ᠎ᠠ )  ᠰᠢᠬᠦᠮᠵᠢᠯᠡᠯ ᠪᠡ ᠦᠪᠡᠷ ‍ᠤᠨ ᠰᠢᠬᠦᠮᠵᠢᠯᠡᠯ ‍ᠢ ᠦᠨᠡᠨᠬᠦ ᠶᠠᠪᠤᠭᠤᠯᠤᠨ ᠂ ᠠᠵᠢᠯ ‍ᠤᠨ ᠲᠤᠮᠳᠠᠬᠢ ᠠᠯᠳᠠᠭ᠎ᠠ ᠲᠤᠳᠠᠭᠳᠠᠯ ‍ᠢ ᠵᠤᠷᠢᠭᠳᠠᠢ ᠪᠡᠷ ᠢᠯᠡᠴᠢᠯᠡᠨ ᠵᠠᠯᠠᠷᠠᠭᠤᠯᠵᠤ ᠂ ᠨᠠᠵᠠᠭᠠᠢ ᠢᠯᠵᠡᠷᠡᠮᠡᠯ ᠦᠵᠡᠭᠳᠡᠯ ᠲᠡᠢ ᠡᠷᠡᠰ ᠲᠡᠮᠡᠴᠡᠬᠦ ᠭᠡᠷᠡᠭᠳᠡᠢ ᠃

  ( ᠲᠤᠯᠤᠭ᠎ᠠ ) ᠤᠯᠡᠨ ᠲᠦᠮᠡᠨ ᠲᠡᠢ ᠨᠢᠭᠳᠠ ᠬᠠᠷᠢᠯᠴᠠᠵᠤ ᠂ ᠨᠡᠮ ‍ᠤᠨ ᠵᠤᠷᠢᠯᠳᠠ ᠵᠢ ᠤᠯᠠᠨ ᠲᠦᠮᠡᠨ ᠳ᠋ᠤ ᠤᠬᠠᠭᠤᠯᠤᠨ ᠂ ᠤᠴᠢᠷ ᠶᠠᠪᠤᠳᠠᠯ ᠲᠤᠬᠢᠶᠠᠯᠳᠤᠪᠠᠯ ᠤᠯᠠᠨ ᠲᠦᠮᠡᠨ ᠲᠡᠢ ᠵᠦᠪᠳᠡᠯᠴᠡᠵᠤ ᠂ ᠤᠯᠠᠨ ᠲᠦᠮᠡᠨ ‍ᠤ ᠰᠠᠨᠠᠯ ᠱᠠᠭᠠᠷᠳᠠᠯᠭ᠎ᠠ ᠵᠢ ᠨᠡᠮ ᠳ᠋ᠤ ᠴᠠᠭ ᠲᠤᠬᠠᠢ ᠳ᠋ᠤᠨᠢ ᠲᠤᠰᠬᠠᠵᠤ ᠂ ᠤᠯᠠᠨ ᠲᠦᠮᠡᠨ ‍ᠤ ᠵᠦᠢ ᠶᠤᠰᠤᠨ ‍ᠤ ᠠᠰᠢᠭ ᠲᠤᠰᠠ ᠵᠢ ᠬᠠᠮᠠᠭᠠᠯᠠᠬᠤ ᠭᠡᠷᠡᠭᠳᠡᠢ ᠃

   ( ᠨᠠᠢᠮᠠᠨ ) ᠨᠡᠶᠢᠭᠡᠮ ᠵᠢᠷᠤᠮ ‍ᠤᠨ ᠰᠢᠨ᠎ᠡ ᠭᠡᠪ ᠰᠤᠷᠳᠠᠯ ‍ᠢ ᠪᠠᠳᠠᠷᠠᠭᠤᠯᠤᠨ ᠂ ᠨᠡᠶᠢᠭᠡᠮ ᠵᠢᠷᠤᠮ ‍ᠤᠨ ᠢᠷᠠᠭᠤ ᠠᠯᠳᠠᠷ ᠢᠴᠢᠭᠦᠷᠢ ᠭᠤᠳᠤᠮᠰᠢᠭ ‍ᠤᠨ ᠦᠵᠡᠯᠳᠡ ᠵᠢ ᠲᠦᠷᠦᠭᠦᠯᠡᠨ ᠦᠢᠯᠡᠳᠦᠯᠭᠡᠵᠢᠬᠦᠯᠵᠤ ᠂ ᠡᠪ ᠬᠠᠮᠳᠤ ᠶ᠋ᠢᠨ ᠶᠤᠰᠤ ᠮᠤᠷᠠᠯ ‍ᠢ ᠡᠷᠬᠢᠮᠯᠡᠵᠤ ᠂ ᠤᠯᠤᠰ ᠤᠷᠤᠨ ᠪᠡ ᠠᠷᠠᠳ ᠲᠦᠮᠡᠨ ‍ᠤ ᠠᠰᠢᠭ ᠲᠤᠰᠠ ᠵᠢ ᠬᠠᠮᠠᠭᠠᠯᠠᠬᠤ ᠶ᠋ᠢᠨ ᠲᠦᠯᠦᠭᠡ ᠂ ᠭᠦᠴᠢᠷ ᠪᠡᠷᠭᠡᠰᠢᠶᠡᠯ ᠪᠡ ᠠᠶᠤᠯ ᠲᠦᠭᠰᠢᠬᠦᠷᠢ ᠲᠤᠬᠢᠶᠠᠯᠳᠤᠬᠤ ᠪᠤᠯᠭᠠᠨ ᠳ᠋ᠤ ᠴᠡᠭᠡᠵᠢ ᠲᠦᠷᠢᠨ ᠭᠠᠷᠴᠤ ᠂ ᠡᠷᠡᠯᠭᠡᠭ ᠪᠠᠭᠠᠳᠤᠷᠯᠢᠭ ‍ᠢᠶ᠋ᠡᠷ ᠲᠡᠮᠡᠴᠡᠵᠤ ᠂ ᠦᠷᠡᠭᠳᠡᠯ ᠰᠦᠢᠳᠦᠯ ᠡᠴᠡ ᠠᠶᠤᠬᠤ ᠦᠭᠡᠢ ᠪᠠᠶᠢᠬᠤ ᠭᠡᠷᠡᠭᠳᠡᠢ ᠃


         ᠨᠡᠮ ᠳ᠋ᠤ ᠤᠷᠤᠬᠤ ᠲᠠᠩᠭᠠᠷᠢᠭ ‍ᠤᠨ ᠦᠭᠡᠰ

      ᠪᠢ ᠲᠤᠮᠳᠠᠳᠤ ᠤᠯᠤᠰ ‍ᠤᠨ ᠡᠪ ᠬᠠᠮᠳᠤ ᠨᠡᠮ ᠳ᠋ᠥ ᠰᠠᠶᠢᠨ ᠲᠤᠷ᠎ᠠ ᠡᠴᠨ ᠪᠡᠨ ᠤᠷᠤᠵᠤ ᠂ ᠨᠡᠮ ‍ᠤᠨ ᠭᠦᠳᠦᠯᠪᠤᠷᠢ ᠵᠢ ᠭᠦᠷᠢᠶᠡᠯᠡᠨ ᠂ ᠨᠡᠮ ‍ᠤᠨ ᠲᠦᠷᠢᠮ ‍ᠢ ᠰᠠᠬᠢᠵᠤ ᠂ ᠨᠡᠮ ‍ᠤᠨ ᠭᠡᠰᠢᠬᠦᠨ ‍ᠤ ᠡᠭᠦᠷᠭᠡ ᠵᠢ ᠭᠦᠢᠴᠡᠳᠭᠡᠵᠤ ᠂ ᠨᠡᠮ ‍ᠤᠨ ᠲᠤᠭᠳᠠᠭᠠᠯ ‍ᠢ ᠭᠡᠷᠡᠭᠵᠢᠬᠦᠯᠦᠨ ᠂ ᠨᠡᠮ ‍ᠤᠨ ᠰᠠᠬᠢᠯᠭ᠎ᠠ ᠪᠠᠳᠤ ᠵᠢ ᠴᠢᠩᠭ᠎ᠠ ᠰᠠᠬᠢᠵᠤ ᠂ ᠨᠡᠮ ‍ᠤᠨ ᠨᠢᠭᠤᠴᠠ ᠵᠢ ᠬᠠᠮᠠᠭᠠᠯᠠᠨ ᠂ ᠨᠡᠮ ᠳ᠋ᠠᠭᠠᠨ ᠦᠨᠡᠨᠴᠢ ᠪᠠᠶᠢᠵᠤ ᠂ ᠢᠳᠡᠪᠬᠢᠳᠡᠢ ᠠᠵᠢᠯᠯᠠᠨ ᠂ ᠡᠪ ᠬᠠᠮᠳᠤ ᠶᠤᠰᠤᠨ ‍ᠤ ᠲᠦᠯᠦᠭᠡ ᠨᠠᠰᠤ ᠪᠡᠷ ‍ᠢᠶ᠋ᠡᠨ ᠵᠢᠳᠭᠦᠵᠤ ᠂ ᠨᠡᠮ ᠪᠡ ᠠᠷᠠᠳ ᠲᠦᠮᠡᠨ ‍ᠤ ᠲᠦᠯᠦᠭᠡ ᠠᠯᠢᠪᠡ ᠪᠦᠬᠦᠨ ‍ᠢᠶ᠋ᠡᠨ ᠦᠷᠡᠭᠳᠡᠭᠦᠯᠬᠦ ᠪᠡᠷ ᠴᠠᠭ ᠢᠮᠠᠭᠳᠠ ᠪᠡᠯᠡᠭᠡᠨ ᠪᠠᠶᠢᠵᠤ ᠂ ᠭᠡᠵᠢᠶ᠎ᠡ ᠡᠭᠦᠷᠢᠳᠡ ᠨᠡᠮ ᠡᠴᠡ ᠤᠷᠪᠠᠬᠤ ᠦᠭᠡᠢ ᠃

          ᠨᠡᠮ ‍ᠤᠨ ᠰᠢᠨᠵᠢ ᠴᠢᠨᠡᠷ ᠪᠡ ᠵᠤᠷᠢᠯᠳᠠ

       ᠰᠢᠨᠵᠢ ᠴᠢᠨᠡᠷ ᠄ ᠲᠤᠮᠳᠠᠳᠤ ᠤᠯᠤᠰ ‍ᠤᠨ ᠡᠪ ᠬᠠᠮᠳᠤ ᠨᠡᠮ ᠪᠤᠯ ᠲᠤᠮᠳᠠᠳᠤ ᠤᠯᠤᠰ ‍ᠤᠨ ᠠᠵᠢᠯᠴᠢᠨ
ᠠᠩᠬᠢ ᠶ᠋ᠢᠨ ᠬᠤᠰᠢᠭᠤᠴᠢ ᠠᠩᠬᠢ ᠮᠦᠨ ᠂ ᠮᠦᠨ ᠴᠤ ᠲᠤᠮᠳᠠᠳᠤ ᠤᠯᠤᠰ ‍ᠤᠨ ᠠᠷᠠᠳ ᠲᠦᠮᠡᠨ
ᠪᠤᠯᠤᠨ ᠲᠤᠮᠳᠠᠳᠤ ᠶ᠋ᠢᠨ ᠦᠨᠳᠦᠰᠦᠳᠡᠨ ‍ᠤ ᠬᠤᠰᠢᠭᠤᠴᠢ ᠠᠩᠬᠢ ᠮᠦᠨ ᠂ ᠲᠤᠮᠳᠠᠳᠤ ᠤᠯᠤᠰ ‍ᠤᠨ
ᠤᠨᠴᠠᠯᠢᠭ ᠪᠦᠬᠦᠢ ᠨᠡᠶᠢᠭᠡᠮ ᠵᠢᠷᠤᠮ ‍ᠤᠨ ᠦᠢᠯᠡᠰ ‍ᠢ ᠤᠳᠤᠷᠢᠳᠬᠤ ᠭᠤᠤᠯ ᠲᠤᠯᠭᠠᠭᠤᠷᠢ ᠮᠦᠨ ᠂
ᠲᠤᠮᠳᠠᠳᠤ ᠤᠯᠤᠰ ‍ᠤᠨ ᠲᠡᠷᠢᠬᠦᠨ ‍ᠤ ᠦᠢᠯᠡᠳᠪᠤᠷᠢᠯᠡᠯ ‍ᠤᠨ ᠭᠦᠴᠦᠨ ‍ᠤ ᠭᠦᠭᠵᠢᠯᠳᠡ ᠶ᠋ᠢᠨ
ᠱᠠᠭᠠᠷᠳᠠᠯᠭ᠎ᠠ ᠵᠢ ᠲᠦᠯᠦᠭᠡᠯᠡᠵᠤ ᠂ ᠲᠤᠮᠳᠠᠳᠤ ᠤᠯᠤᠰ ‍ᠤᠨ ᠲᠡᠷᠢᠬᠦᠨ ‍ᠤ ᠰᠤᠶᠤᠯ ‍ᠤᠨ
ᠤᠷᠤᠭᠰᠢᠯᠠᠯᠳᠠ ᠶ᠋ᠢᠨ ᠴᠢᠭᠯᠡᠯ ‍ᠢ ᠲᠦᠯᠦᠭᠡᠯᠡᠵᠤ ᠂ ᠲᠤᠮᠳᠠᠳᠤ ᠤᠯᠤᠰ ‍ᠤᠨ ᠬᠠᠮᠤᠭ ‍ᠤᠨ
ᠦᠷᠭᠡᠨ ᠤᠯᠠᠨ ᠠᠷᠠᠳ ᠲᠦᠮᠡᠨ ‍ᠤ ᠦᠨᠳᠦᠰᠦᠨ ᠠᠰᠢᠭ ᠲᠤᠰᠠ ᠵᠢ ᠲᠦᠯᠦᠭᠡᠯᠡᠵᠤ ᠪᠠᠶᠢᠳᠠᠭ ᠃

 ᠵᠤᠷᠢᠯᠳᠠ ᠄  ᠪᠦᠬᠦ ᠰᠡᠳᠬᠢᠯ ᠪᠦᠬᠦ ᠵᠤᠷᠢᠭ ‍ᠢᠶ᠋ᠡᠷ ‍ᠢᠶ᠋ᠡᠨ ᠠᠷᠠᠳ ᠲᠦᠮᠡᠨ ᠳ᠋ᠤ ᠦᠢᠯᠡᠴᠢᠯᠡᠨ᠎ᠡ ᠃

   

            ᠨᠡᠮ ‍ᠤᠨ ᠦᠨᠳᠦᠰᠦᠨ ᠱᠣᠭᠣᠮ

      

       ᠪᠦᠬᠦ ᠤᠯᠤᠰ ‍ᠤᠨ ᠦᠨᠳᠦᠰᠦᠳᠡᠨ ᠨᠤᠬᠦᠳ ‍ᠤᠨ ᠠᠷᠠᠳ ᠲᠦᠮᠡᠨ ‍ᠢ ᠤᠳᠤᠷᠢᠳᠤᠨ

ᠪᠦᠯᠬᠦᠮᠳᠡᠬᠦᠯᠵᠤ ᠂ ᠠᠵᠤ ᠠᠬᠤᠢ ᠶ᠋ᠢᠨ ᠪᠦᠳᠦᠭᠡᠨ ᠪᠠᠶᠢᠭᠤᠯᠤᠯᠳᠠ ᠪᠡᠷ ᠭᠤᠤᠯᠳᠠᠯᠭ᠎ᠠ ᠪᠤᠯᠭᠠᠨ ᠂
ᠲᠦᠷᠪᠡᠨ ᠦᠨᠳᠦᠰᠦᠨ ᠵᠡᠷᠴᠢᠮ ‍ᠢ ᠪᠠᠷᠢᠮᠳᠠᠯᠠᠵᠤ ᠂ ᠦᠭᠡᠷᠡᠴᠢᠯᠡᠯᠳᠡ ᠨᠡᠭᠡᠭᠡᠯᠳᠡ ᠬᠢᠬᠦ ᠵᠢ
ᠪᠠᠷᠢᠮᠳᠠᠯᠠᠵᠤ ᠂ ᠦᠪᠡᠷ ‍ᠤᠨ ᠭᠦᠴᠦ ᠪᠡᠷ ‍ᠢᠶ᠋ᠡᠨ ᠲᠡᠭᠵᠢᠷᠡᠨ ᠂ ᠲᠡᠰᠪᠤᠷᠢ ᠬᠠᠳᠠᠭᠤᠵᠢᠯᠳᠡᠢ ᠪᠡᠷ
ᠠᠳᠠᠯ ᠦᠢᠯᠡᠰ ᠪᠤᠰᠬᠠᠵᠤ ᠂ ᠮᠡᠨ ‍ᠤ ᠤᠯᠤᠰ ‍ᠢᠶ᠋ᠡᠨ ᠪᠶᠠᠨ ᠭᠦᠴᠦᠷᠭᠡᠭ ᠠᠷᠠᠳᠴᠢᠯᠠᠭᠰᠠᠨ
ᠪᠤᠯᠪᠠᠰᠤᠨ ᠡᠶ᠎ᠡ ᠵᠤᠬᠢᠴᠡᠯ ᠲᠡᠢ ᠨᠡᠶᠢᠭᠡᠮ ᠵᠢᠷᠤᠮᠳᠤ ᠤᠳᠤᠬᠢᠴᠢᠯᠠᠭᠰᠠᠨ ᠤᠯᠤᠰ ᠪᠤᠯᠭᠠᠨ
ᠪᠦᠳᠦᠭᠡᠨ ᠪᠠᠶᠢᠭᠤᠯᠬᠤ ᠪᠡᠷ ᠲᠡᠮᠡᠴᠡᠬᠦ ᠶᠠᠪᠤᠳᠠᠯ ᠪᠤᠯᠤᠨ᠎ᠠ ᠃

     ᠨᠡᠮ ‍ᠤᠨ ᠠᠷᠠᠳᠴᠢᠯᠠᠯ ᠲᠦᠪᠯᠡᠷᠡᠯ ‍ᠤᠨ ᠲᠦᠷᠢᠮ ‍ᠤᠨ ᠦᠨᠳᠦᠰᠤᠨ ᠵᠡᠷᠴᠢᠮ

 ( ᠨᠢᠭᠡ) ᠨᠡᠮ ‍ᠤᠨ ᠭᠡᠰᠢᠬᠦᠨ ᠬᠤᠪᠢ ᠬᠦᠮᠦᠨ ᠨᠡᠮ ‍ᠤᠨ ᠵᠤᠬᠢᠶᠠᠨ ᠪᠠᠶᠢᠭᠤᠯᠤᠯᠳᠠ ᠪᠡᠨ
ᠲᠠᠭᠠᠵᠤ ᠂ ᠴᠦᠭᠡᠩᠭᠢ ᠨᠢ ᠤᠯᠠᠩᠬᠢ ᠪᠡᠨ ᠲᠠᠭᠠᠵᠤ ᠂ ᠲᠤᠤᠷᠠᠳᠤ ᠱᠠᠳᠤᠨ ‍ᠤ ᠵᠤᠬᠢᠶᠠᠨ
ᠪᠠᠶᠢᠭᠤᠯᠤᠯᠳᠠ ᠨᠢ ᠲᠡᠭᠡᠳᠦ ᠱᠠᠳᠤᠨ ‍ᠤ ᠵᠤᠬᠢᠶᠠᠨ ᠪᠠᠶᠢᠭᠤᠯᠤᠯᠳᠠ ᠪᠡᠨ ᠲᠠᠭᠠᠵᠤ ᠂ ᠪᠦᠬᠦ
ᠨᠡᠮ ‍ᠤᠨ ᠡᠯ᠎ᠡ ᠵᠤᠬᠢᠶᠠᠨ ᠪᠠᠶᠢᠭᠤᠯᠤᠯᠳᠠ ᠪᠡ ᠨᠡᠮ ‍ᠤᠨ ᠪᠦᠬᠦ ᠭᠡᠰᠢᠬᠦᠳ ᠨᠡᠮ ‍ᠤᠨ ᠪᠦᠬᠦ
ᠤᠯᠤᠰ ‍ᠤᠨ ᠲᠦᠯᠦᠭᠡᠯᠡᠭᠴᠢᠳ ‍ᠤᠨ ᠶᠡᠭᠡ ᠬᠤᠷᠠᠯ ᠪᠡ ᠲᠦᠪ ᠬᠤᠷᠢᠶ᠎ᠠ ᠪᠡᠨ ᠲᠠᠭᠠᠨ᠎ᠠ ᠃

( ᠬᠤᠶᠠᠷ) ᠨᠡᠮ ‍ᠤᠨ ᠡᠯ᠎ᠡ ᠱᠠᠳᠤᠨ ‍ᠤ ᠤᠳᠤᠷᠢᠳᠬᠤ ᠪᠠᠶᠢᠭᠤᠯᠭ᠎ᠠ ᠶ᠋ᠢᠨ ᠲᠤᠮᠢᠯᠠᠭᠰᠠᠨ ᠲᠦᠯᠦᠭᠡᠯᠡᠬᠦ
ᠪᠠᠶᠢᠭᠤᠯᠭ᠎ᠠ ᠪᠡ ᠨᠡᠮ ‍ᠤᠨ ᠪᠤᠰᠤ ᠵᠤᠬᠢᠶᠠᠨ ᠪᠠᠶᠢᠭᠤᠯᠤᠯᠳᠠ ᠳ᠋ᠠᠬᠢ ᠨᠡᠮ ‍ᠤᠨ ᠤᠳᠤᠷᠢᠳᠬᠤ ᠲᠤᠭᠤᠶᠢᠯᠠᠩ ‍ᠢ
ᠭᠠᠷᠭᠠᠪᠠᠯ ᠨᠡᠮ ‍ᠤᠨ ᠡᠯ᠎ᠡ ᠱᠠᠳᠤᠨ ‍ᠤ ᠤᠳᠤᠷᠢᠳᠬᠤ ᠪᠠᠶᠢᠭᠤᠯᠭ᠎ᠠ ᠪᠦᠷ ᠰᠤᠩᠭᠤᠭᠤᠯᠢ ᠪᠡᠷ ᠪᠤᠢ ᠪᠤᠯᠤᠨ᠎ᠠ ᠃

 ( ᠭᠤᠷᠪᠠ ) ᠨᠡᠮ ‍ᠤᠨ ᠲᠡᠭᠡᠳᠦ ᠤᠳᠤᠷᠢᠳᠬᠤ ᠪᠠᠶᠢᠭᠤᠯᠭ᠎ᠠ ᠪᠤᠯ ᠨᠡᠮ ‍ᠤᠨ ᠪᠦᠬᠦ ᠤᠯᠤᠰ ‍ᠤᠨ
ᠲᠦᠯᠦᠭᠡᠯᠡᠭᠴᠢᠳ ‍ᠤᠨ ᠶᠡᠭᠡ ᠬᠤᠷᠠᠯ ᠪᠡ ᠲᠡᠭᠦᠨ ᠡᠴᠡ ᠪᠤᠯᠤᠭᠰᠠᠨ ᠲᠦᠪ ᠬᠤᠷᠢᠶ᠎ᠠ ᠪᠤᠯᠤᠨ᠎ᠠ ᠃
ᠨᠡᠮ ‍ᠤᠨ ᠤᠷᠤᠨ ᠨᠤᠳᠤᠭ ‍ᠤᠨ ᠡᠯ᠎ᠡ ᠱᠠᠳᠤᠨ ‍ᠤ ᠤᠳᠤᠷᠢᠳᠬᠤ ᠪᠠᠶᠢᠭᠤᠯᠭ᠎ᠠ ᠪᠤᠯ ᠨᠡᠮ ‍ᠤᠨ
ᠤᠷᠤᠨ ᠨᠤᠳᠤᠭ ‍ᠤᠨ ᠡᠯ᠎ᠡ ᠱᠠᠳᠤᠨ ‍ᠤ ᠲᠦᠯᠦᠭᠡᠯᠡᠭᠴᠢᠳ ‍ᠤᠨ ᠶᠡᠭᠡ ᠬᠤᠷᠠᠯ ᠪᠡ ᠲᠡᠭᠦᠨ ᠡᠴᠡ
ᠪᠤᠯᠤᠭᠰᠠᠨ ᠬᠤᠷᠢᠶ᠎ᠠ ᠪᠤᠯᠤᠨ᠎ᠠ ᠃ ᠨᠡᠮ ‍ᠤᠨ ᠡᠯ᠎ᠡ ᠱᠠᠳᠤᠨ ‍ᠤ ᠬᠤᠷᠢᠶ᠎ᠠ ᠠᠳᠠᠯᠢ ᠱᠠᠳᠤᠨ ‍ᠤ ᠪᠡᠨ
ᠲᠦᠯᠦᠭᠡᠯᠡᠭᠴᠢᠳ ‍ᠤᠨ ᠶᠡᠭᠡ ᠬᠤᠷᠠᠯ ᠳ᠋ᠤ ᠬᠠᠷᠢᠭᠤᠴᠠᠬᠤ ᠪᠦᠭᠡᠳ ᠲᠡᠭᠦᠨ ᠳ᠋ᠤ ᠠᠵᠢᠯ ‍ᠢᠶ᠋ᠡᠨ ᠮᠡᠳᠡᠬᠦᠯᠦᠨ᠎ᠡ ᠃

 ( ᠲᠦᠷᠪᠡ ) ᠨᠡᠮ ‍ᠤᠨ ᠲᠡᠭᠡᠳᠦ ᠱᠠᠳᠤᠨ ‍ᠤ ᠵᠤᠬᠢᠶᠠᠨ ᠪᠠᠶᠢᠭᠤᠯᠤᠯᠳᠠ ᠨᠢ ᠲᠤᠤᠷᠠᠳᠤ ᠱᠠᠳᠤᠨ ‍ᠤ ᠵᠤᠬᠢᠶᠠᠨ ᠪᠠᠶᠢᠭᠤᠯᠤᠯᠳᠠ ᠪᠡ ᠨᠡᠮ ‍ᠤᠨ ᠭᠡᠰᠢᠬᠦᠨ ᠲᠦᠮᠡᠨ ‍ᠤ ᠰᠠᠨᠠᠯ ‍ᠢ ᠦᠷᠭᠦᠯᠵᠢ ᠰᠤᠨᠤᠰᠴᠤ ᠂ ᠲᠡᠳᠡᠨ ‍ᠤ ᠲᠤᠷᠠᠳᠴᠦ ᠭᠠᠷᠭᠠᠭᠰᠠᠨ ᠠᠰᠠᠭᠤᠳᠠᠯ ‍ᠢ ᠴᠠᠭ ᠲᠤᠬᠠᠢ ᠳ᠋ᠤᠨᠢ ᠰᠢᠢᠳᠪᠤᠷᠢᠯᠡᠬᠦ ᠭᠡᠷᠡᠭᠳᠡᠢ ᠃ ᠨᠡᠮ ‍ᠤᠨ ᠲᠤᠤᠷᠠᠳᠤ ᠱᠠᠳᠤᠨ ‍ᠤ ᠵᠤᠬᠢᠶᠠᠨ ᠪᠠᠶᠢᠭᠤᠯᠤᠯᠳᠠ ᠨᠢ ᠲᠡᠭᠡᠳᠦ ᠱᠠᠳᠤᠨ ‍ᠤ ᠵᠤᠬᠢᠶᠠᠨ ᠪᠠᠶᠢᠭᠤᠯᠤᠯᠳᠠ ᠡᠴᠡ ᠪᠡᠨ ᠵᠢᠭᠠᠪᠤᠷᠢ ᠠᠪᠴᠤ ᠲᠡᠭᠦᠨ ᠳ᠋ᠤ ᠠᠵᠢᠯ ‍ᠢᠶ᠋ᠡᠨ ᠮᠡᠳᠡᠭᠦᠯᠬᠦ ᠮᠦᠷᠳᠡᠭᠡᠨ ᠦᠪᠡᠷ ‍ᠤᠨ ᠲᠤᠰᠢᠶᠠᠯ ᠬᠠᠷᠢᠭᠤᠴᠯᠠᠭ᠎ᠠ ᠶ᠋ᠢᠨ ‍ᠢᠶ᠋ᠡᠨ ᠭᠡᠪᠴᠢᠶᠡᠨ ᠲᠤᠳᠤᠷᠠᠬᠢ ᠠᠰᠠᠭᠤᠳᠠᠯ ‍ᠢ ᠪᠡᠶ᠎ᠡ ᠪᠡᠨ ᠲᠠᠭᠠᠭᠠᠵᠤ ᠬᠠᠷᠢᠭᠤᠴᠠᠨ ᠰᠢᠢᠳᠪᠤᠷᠢᠯᠡᠬᠦ ᠭᠡᠷᠡᠭᠳᠡᠢ ᠃ ᠲᠡᠭᠡᠳᠦ ᠲᠤᠤᠷᠠᠳᠤ
ᠱᠠᠳᠤᠨ ‍ᠤ ᠵᠤᠬᠢᠶᠠᠨ ᠪᠠᠶᠢᠭᠤᠯᠤᠯᠳᠠ ᠶ᠋ᠢᠨ ᠬᠤᠭᠤᠷᠤᠨᠳᠤ ᠪᠡᠨ ᠮᠡᠳᠡᠭᠡ ᠴᠢᠮᠡᠭᠡ ᠨᠡᠪᠳᠡᠷᠡᠯᠴᠡᠵᠤ ᠂ ᠬᠠᠷᠢᠯᠴᠠᠨ ᠲᠡᠮᠵᠢᠵᠤ ᠬᠠᠷᠢᠯᠴᠠᠨ ᠬᠢᠨᠡᠯᠳᠡ ᠲᠠᠯᠪᠢᠬᠤ ᠭᠡᠷᠡᠭᠳᠡᠢ ᠃ ᠨᠡᠮ ‍ᠤᠨ ᠡᠯ᠎ᠡ ᠱᠠᠳᠤᠨ ‍ᠤ ᠵᠤᠬᠢᠶᠠᠨ ᠪᠠᠶᠢᠭᠤᠯᠤᠯᠳᠠ ᠨᠢ ᠨᠡᠮ ‍ᠤᠨ ᠠᠵᠢᠯ ‍ᠢ ᠢᠯᠡ ᠪᠤᠯᠭᠠᠬᠤ ᠵᠢ ᠲᠤᠭᠳᠠᠭᠠᠯ ᠶᠤᠰᠤᠭᠠᠷ ᠭᠡᠷᠡᠭᠵᠢᠬᠦᠯᠵᠤ ᠂ ᠨᠡᠮ ‍ᠤᠨ ᠲᠤᠳᠤᠭᠠᠳᠤ ᠶ᠋ᠢᠨ ᠠᠵᠢᠯ ᠶᠠᠪᠤᠳᠠᠯ ‍ᠢ ᠨᠡᠮ ‍ᠤᠨ ᠭᠡᠰᠢᠬᠦᠨ ᠳ᠋ᠤ ᠢᠯᠡᠬᠦᠭᠡᠨ ᠤᠶᠢᠯᠠᠭᠠᠭᠤᠯᠵᠤ ᠂ ᠨᠡᠮ ‍ᠤᠨ ᠲᠤᠳᠤᠭᠠᠳᠤ ᠶ᠋ᠢᠨ ᠠᠵᠢᠯ ᠶᠠᠪᠤᠳᠠᠯ ᠳ᠋ᠤ ᠨᠡᠮ ‍ᠤᠨ ᠭᠡᠰᠢᠬᠦᠨ ‍ᠢ ᠢᠯᠡᠭᠦᠭᠡᠨ ᠤᠷᠤᠯᠴᠠᠭᠤᠯᠬᠤ ᠭᠡᠷᠡᠭᠳᠡᠢ ᠃

 ( ᠲᠠᠪᠤ᠋ ) ᠨᠡᠮ ‍ᠤᠨ ᠡᠯ᠎ᠡ ᠱᠠᠳᠤᠨ ‍ᠤ ᠬᠤᠷᠢᠶ᠎ᠠ ᠬᠠᠮᠳᠤ ᠪᠡᠷ ᠤᠳᠤᠷᠢᠳᠬᠤ ᠪᠡ ᠬᠤᠪᠢ ᠬᠦᠮᠦᠨ
ᠠᠵᠢᠯ ᠬᠤᠪᠢᠶᠠᠨ ᠬᠠᠷᠢᠭᠤᠴᠠᠬᠤ ᠵᠢ ᠤᠶᠠᠯᠳᠤᠭᠤᠯᠤᠭᠰᠠᠨ ᠲᠦᠷᠢᠮ ‍ᠢ ᠭᠡᠷᠡᠭᠵᠢᠬᠦᠯᠦᠨ᠎ᠡ ᠃ ᠴᠢᠬᠤᠯᠠ
ᠶᠡᠭᠡ ᠠᠰᠠᠭᠤᠳᠠᠯ ᠪᠦᠬᠦᠨ ‍ᠢ ᠴᠦᠮ ᠬᠠᠮᠳᠤ ᠪᠡᠷ ᠤᠳᠤᠷᠢᠳᠬᠤ ᠂ ᠠᠷᠠᠳᠴᠢᠯᠡᠯ ᠲᠦᠪᠯᠡᠷᠡᠯ ‍ᠢ
ᠭᠡᠷᠡᠭᠵᠢᠬᠦᠯᠬᠦ ᠂ ᠲᠤᠰᠬᠠᠢ ᠶᠠᠷᠢᠯᠴᠠᠬᠤ ᠂ ᠬᠤᠷᠠᠯ ‍ᠢᠶ᠋ᠡᠷ ᠲᠤᠭᠳᠠᠭᠠᠬᠤ ᠵᠡᠷᠴᠢᠮ ᠶᠤᠰᠤᠭᠠᠷ ᠨᠡᠮ ‍ᠤᠨ
ᠬᠤᠷᠢᠶ᠎ᠠ ᠬᠠᠮᠳᠤ ᠪᠡᠷ ᠤᠷᠤᠯᠴᠠᠵᠤ ᠲᠤᠭᠳᠠᠭᠠᠯ ᠭᠠᠷᠭᠠᠬᠤ ᠭᠡᠷᠡᠭᠳᠡᠢ ︔ ᠬᠤᠷᠢᠶ᠎ᠠ ᠶ᠋ᠢᠨ ᠪᠦᠷᠢᠯᠳᠤᠭᠦᠨ
ᠨᠡᠷ ᠬᠠᠮᠳᠤ ᠶ᠋ᠢᠨ ᠲᠤᠭᠳᠠᠭᠠᠯ ᠪᠡ ᠠᠵᠢᠯ ‍ᠤᠨ ᠬᠤᠪᠢᠶᠠᠷᠢᠯᠠᠯᠳᠠ ᠵᠢ ᠦᠨᠳᠦᠰᠦᠯᠡᠨ ᠂ ᠦᠪᠡᠷ ‍ᠤᠨ
ᠲᠤᠰᠢᠶᠠᠯ ᠬᠠᠷᠢᠭᠤᠴᠠᠯᠭ᠎ᠠ ᠪᠡᠨ ᠦᠨᠡᠨᠬᠦ ᠭᠦᠢᠴᠡᠳᠭᠡᠬᠦ ᠭᠡᠷᠡᠭᠳᠡᠢ ᠃

 ( ᠵᠢᠷᠭᠤᠭ᠎ᠠ ) ᠶᠠᠮᠠᠷ ᠭᠡᠯᠪᠡᠷᠢ ᠪᠡᠷ ᠬᠤᠪᠢ ᠬᠦᠮᠦᠨ ‍ᠢ ᠰᠢᠳᠦᠬᠦ ᠶᠠᠪᠤᠳᠠᠯ ‍ᠢ ᠴᠠᠭᠠᠵᠠᠯᠠᠨ᠎ᠠ ᠃ ᠨᠡᠮ ‍ᠤᠨ ᠤᠳᠤᠷᠢᠳᠬᠤ ᠭᠦᠮᠦᠰ ‍ᠤᠨ ᠠᠵᠢᠯᠯᠠᠭ᠎ᠠ ᠵᠢ ᠨᠡᠮ ᠪᠡ ᠠᠷᠠᠳ ᠲᠦᠮᠡᠨ ‍ᠤ ᠬᠢᠨᠡᠯᠳᠡ ᠶ᠋ᠢᠨ ᠲᠤᠤᠷ᠎ᠠ ᠪᠠᠶᠢᠯᠭᠠᠬᠤ ᠵᠢ ᠪᠠᠳᠤᠯᠠᠬᠤ ᠶ᠋ᠢᠨ ᠬᠠᠮᠳᠤ ᠂ ᠨᠡᠮ ᠪᠡ ᠠᠷᠠᠳ ᠲᠦᠮᠡᠨ ‍ᠤ ᠠᠰᠢᠭ ᠲᠤᠰᠠ ᠵᠢ ᠲᠦᠯᠦᠭᠡᠯᠡᠬᠦ ᠤᠳᠤᠷᠢᠳᠬᠤ ᠭᠦᠮᠦᠨ ᠪᠦᠬᠦᠨ ‍ᠤ ᠢᠳᠡᠭᠡᠯ  ᠬᠦᠨᠳᠣ ᠵᠢ ᠬᠠᠮᠠᠭᠠᠯᠠᠬᠤ ᠭᠡᠷᠡᠭᠳᠡᠢ ᠃

    

       ᠲᠦᠷᠪᠡᠨ ᠦᠨᠳᠦᠰᠦᠨ ᠵᠠᠷᠴᠢᠮ


 ᠨᠢᠭᠡᠳᠦᠭᠡᠷ ᠲᠤ ᠂   ᠨᠡᠶᠢᠭᠡᠮ ᠵᠢᠷᠤᠮ ‍ᠤᠨ ᠵᠡᠮ ‍ᠢ ᠪᠠᠷᠢᠮᠳᠠᠯᠠᠨ᠎ᠠ ︔

ᠭᠤᠶᠠᠳᠤᠭᠠᠷ ᠲᠤ ᠂ ᠠᠷᠠᠳ ‍ᠤᠨ ᠠᠷᠠᠳᠴᠢᠯᠠᠭᠰᠠᠨ ᠲᠠᠷᠤᠩᠭᠤᠶᠢᠯᠠᠬᠤ ᠵᠠᠰᠠᠭ ‍ᠢ ᠪᠠᠷᠢᠮᠳᠠᠯᠠᠨ᠎ᠠ ︔
ᠭᠤᠷᠪᠠᠳᠤᠭᠠᠷ ᠲᠤ ᠂ ᠲᠤᠮᠳᠠᠳᠤ ᠤᠯᠤᠰ ‍ᠤᠨ ᠡᠪ ᠬᠠᠮᠳᠤ ᠨᠡᠮ ‍ᠤᠨ ᠤᠳᠤᠷᠢᠳᠤᠯᠭ᠎ᠠ ᠵᠢ ᠪᠠᠷᠢᠮᠳᠠᠯᠠᠨ᠎ᠠ ︔
ᠲᠦᠷᠪᠡᠳᠦᠭᠡᠷ ᠲᠤ ᠂ ᠮᠠᠷᠺᠰ ᠯᠸᠨᠢᠨ ‍ᠤ ᠦᠵᠡᠯ ᠮᠠᠤ ᠽᠸ ᠳ᠋ᠦᠩ ‍ᠤᠨ ᠦᠵᠡᠯ ᠰᠠᠨᠠᠭ᠎ᠠ ᠵᠢ ᠪᠠᠷᠢᠮᠳᠠᠯᠠᠨ᠎ᠠ ᠃

ᠲᠤᠮᠳᠠᠳᠤ ᠤᠯᠤᠰ ‍ᠤᠨ ᠡᠪ ᠬᠠᠮᠳᠤ ᠨᠡᠮ ‍ᠤᠨ ᠠᠷᠢᠭᠤᠨ ᠴᠢᠭᠡᠴᠢ ᠪᠡᠷ ᠪᠡᠶ᠎ᠡ ᠪᠡᠨ ᠱᠠᠭᠠᠷᠳᠠᠬᠤ ᠲᠦᠷᠢᠮ

         ᠲᠤᠮᠳᠠᠳᠤ ᠤᠯᠤᠰ ‍ᠤᠨ ᠡᠪ ᠬᠠᠮᠳᠤ ᠨᠡᠮ ‍ᠤᠨ ᠪᠦᠬᠦ ᠭᠡᠰᠢᠬᠦᠨ ᠪᠡ ᠡᠯ᠎ᠡ ᠱᠠᠳᠤᠨ ‍ᠤ ᠨᠡᠮ ‍ᠤᠨ
 ᠭᠡᠰᠢᠬᠦᠨ ᠤᠳᠤᠷᠢᠳᠬᠤ ᠺᠠᠳ᠋ᠷ ᠡᠷᠭᠡᠪᠰᠢ ᠡᠪ ᠬᠠᠮᠳᠤ ᠶ᠋ᠢᠨ ᠭᠦᠰᠡᠯ ᠪᠡ ᠲᠤᠮᠳᠠᠳᠤ ᠤᠯᠤᠰ ‍ᠤᠨ
 ᠤᠨᠴᠠᠯᠢᠭ ᠲᠡᠢ ᠨᠡᠶᠢᠭᠡᠮ ᠵᠢᠷᠤᠮ ‍ᠤᠨ ᠢᠳᠡᠭᠡᠯ ᠵᠤᠷᠢᠭ ‍ᠢᠶ᠋ᠡᠨ ᠪᠠᠳᠤ ᠪᠤᠯᠭᠠᠵᠤ ᠂ ᠡᠷᠭᠡᠪᠰᠢ ᠪᠦᠬᠦ
 ᠰᠡᠳᠬᠢᠯ ᠪᠦᠬᠦ ᠵᠤᠷᠢᠭ ‍ᠢᠶ᠋ᠡᠷ ᠠᠷᠠᠳ ᠲᠦᠮᠡᠨ ᠳ᠋ᠤ ᠦᠢᠯᠡᠴᠢᠯᠡᠬᠦ ᠦᠨᠳᠦᠰᠦᠨ ᠵᠤᠷᠢᠯᠳᠠ ᠵᠢ
 ᠪᠠᠷᠢᠮᠳᠠᠯᠠᠵᠤ ᠂ ᠡᠷᠭᠡᠪᠰᠢ ᠨᠡᠮ ‍ᠤᠨ ᠰᠢᠯᠢᠳᠡᠭ ᠤᠯᠠᠮᠵᠢᠯᠠᠯ ᠪᠡ ᠤᠪᠤᠷ ᠰᠤᠷᠳᠠᠯ ‍ᠢ ᠵᠠᠯᠭᠠᠮᠵᠢᠯᠠᠨ
 ᠪᠠᠳᠠᠷᠠᠭᠤᠯᠵᠤ ᠂ ᠡᠷᠭᠡᠪᠰᠢ ᠤᠬᠠᠮᠰᠠᠷ ᠡᠴᠨ ᠪᠡᠨ ᠡᠷᠬᠢᠮ ᠲᠡᠭᠡᠳᠦ ᠵᠠᠩ ᠰᠤᠷᠳᠠᠯ ‍ᠢ
 ᠭᠦᠮᠦᠵᠢᠬᠦᠯᠵᠤ ᠂ ᠲᠤᠮᠳᠠᠳᠤ ᠶ᠋ᠢᠨ ᠦᠨᠳᠦᠰᠦᠳᠡᠨ ‍ᠤ ᠤᠯᠠᠮᠵᠢᠯᠠᠯᠳᠤ ᠰᠠᠶᠢᠬᠠᠨ ᠵᠠᠩ ᠰᠤᠷᠳᠠᠯ ‍ᠢ
 ᠴᠢᠷᠮᠠᠶᠢᠨ ᠪᠠᠳᠠᠷᠠᠭᠤᠯᠵᠤ ᠂ ᠠᠷᠢᠭᠤᠨ ᠴᠢᠭᠡᠴᠢ ᠪᠡᠷ ᠪᠡᠶ᠎ᠡ ᠪᠡᠨ ᠱᠠᠭᠠᠷᠳᠠᠵᠤ ᠂ ᠬᠢᠨᠡᠯᠳᠡ
 ᠲᠠᠯᠪᠢᠬᠤ ᠵᠢ ᠭᠦᠯᠢᠶᠡᠨ ᠠᠪᠴᠤ ᠂ ᠨᠡᠮ ‍ᠤᠨ ᠲᠠᠷᠢᠬᠦᠨ ‍ᠤ ᠴᠢᠨᠡᠷ ᠪᠡ ᠠᠷᠢᠭᠤᠨ ᠴᠡᠪᠡᠷ
 ᠴᠢᠨᠡᠷ ‍ᠢ ᠦᠨᠢᠳᠡ ᠬᠠᠮᠠᠭᠠᠯᠠᠨ᠎ᠠ ᠃

 ᠨᠡᠮ ‍ᠤᠨ ᠭᠡᠰᠢᠬᠦᠨ ‍ᠤ ᠠᠷᠢᠭᠤᠨ ᠴᠢᠭᠡᠴᠢ ᠪᠡᠷ ᠪᠡᠶ᠎ᠡ ᠪᠡᠨ ᠱᠠᠭᠠᠷᠳᠠᠬᠤ ᠲᠦᠷᠢᠮᠵᠢᠯ

 ᠨᠢᠭᠡᠳᠦᠭᠡᠷ ᠵᠤᠷᠪᠤᠰ    ᠠᠯᠪᠠᠨ ‍ᠤ ᠪᠡ ᠬᠤᠪᠢᠨ ‍ᠤ ᠢᠯᠭᠠᠭ᠎ᠠ ᠵᠢ ᠪᠠᠷᠢᠮᠳᠠᠯᠠᠵᠤ ᠂ ᠠᠯᠪᠠᠨ ‍ᠤ ᠬᠢ
 ᠵᠢ ᠤᠷᠢᠳ ‍ᠢᠶ᠋ᠡᠷ ᠬᠤᠪᠢᠨ ‍ᠤ ᠬᠢ ᠵᠢ ᠬᠤᠶᠢᠨ᠎ᠠ ᠨᠢ ᠂ ᠦᠪᠡᠷ ‍ᠤᠨ ᠠᠰᠢᠭ ‍ᠢᠶ᠋ᠡᠨ ᠲᠠᠪᠴᠢᠵᠤ
 ᠨᠡᠶᠢᠳᠡ ᠶ᠋ᠢᠨ ᠲᠦᠯᠦᠭᠡ ᠵᠢᠳᠭᠦᠬᠦ ᠭᠡᠷᠡᠭᠳᠡᠢ ᠃

 ᠬᠤᠶᠠᠳᠤᠭᠠᠷ ᠵᠤᠷᠪᠤᠰ   ᠠᠷᠢᠭᠤᠨ ᠴᠢᠭᠡᠴᠢ ᠵᠢ ᠡᠷᠬᠢᠮᠯᠡᠵᠤ ᠢᠯᠵᠠᠷᠠᠯ ‍ᠢ ᠲᠠᠪᠴᠢᠵᠤ ᠂   
ᠠᠷᠢᠭᠤᠨ ᠴᠢᠭᠡᠴᠢ ᠭᠦᠮᠦᠨ ᠪᠤᠯᠵᠤ ᠂ ᠲᠦᠪ ᠭᠤᠤᠯᠴᠢ ᠪᠡᠷ ᠶᠠᠪᠤᠳᠠᠯ ᠬᠢᠬᠦ ᠵᠢ ᠪᠠᠷᠢᠮᠳᠠᠯᠠᠨ᠎ᠠ ᠃

 ᠭᠤᠷᠪᠠᠳᠤᠭᠠᠷ ᠵᠤᠷᠪᠤᠰ    ᠠᠷᠪᠢᠴᠢ ᠭᠠᠮᠳᠠᠢ ᠪᠠᠶᠢᠬᠤ ᠵᠢ ᠡᠷᠬᠢᠮᠯᠡᠵᠤ ᠪᠦᠷᠢᠯᠭᠡᠨ ᠰᠦᠢᠳᠭᠡᠬᠦ ᠶ᠋ᠢ
 ᠴᠡᠭᠡᠷᠯᠡᠵᠤ ᠂ ᠰᠢᠷᠭᠠᠭᠤ ᠬᠠᠳᠠᠭᠤᠵᠢᠯᠳᠠᠢ ᠪᠤᠷᠤᠭᠵᠢᠭᠤᠨ ᠂ ᠠᠵᠢᠯᠴᠢ ᠠᠷᠪᠢᠴᠢ ᠪᠡᠷ ᠠᠷᠪᠢᠯᠠᠨ
 ᠭᠠᠮᠨᠠᠬᠤ ᠵᠢ ᠪᠠᠷᠢᠮᠳᠠᠯᠠᠨ᠎ᠠ ᠃

 ᠲᠦᠷᠪᠡᠳᠦᠭᠡᠷ ᠵᠤᠷᠪᠤᠰ   ᠵᠤᠪᠠᠬᠤ ᠶ᠋ᠢᠨ ᠡᠮᠤᠨ᠎ᠡ ᠵᠤᠪᠠᠵᠤ ᠵᠢᠷᠭᠠᠬᠤ ᠶ᠋ᠢᠨ ᠬᠤᠶᠢᠨ᠎ᠠ ᠵᠢᠷᠭᠠᠵᠤ ᠂
 ᠬᠤᠪᠢ ᠨᠡᠮᠡᠷᠢ ᠦᠵᠡᠬᠦᠯᠬᠦ ᠵᠢ ᠪᠠᠷᠢᠮᠳᠠᠯᠠᠨ᠎ᠠ ᠃

ᠨᠡᠮ ‍ᠤᠨ ᠭᠡᠰᠢᠬᠦᠨ ᠤᠳᠤᠷᠢᠳᠬᠤ ᠺᠠᠳ᠋ᠷ ‍ᠤᠨ ᠠᠷᠢᠭᠤᠨ ᠴᠢᠭᠡᠴᠢ ᠪᠡᠷ ᠪᠡᠶ᠎ᠡ ᠪᠡᠨ ᠱᠠᠭᠠᠷᠳᠠᠬᠤ ᠲᠦᠷᠢᠮᠵᠢᠯ

  ᠲᠠᠪᠤᠳᠤᠭᠠᠷ ᠵᠤᠷᠪᠤᠰ   ᠠᠷᠢᠭᠤᠨ ᠴᠢᠭᠡᠴᠢ ᠪᠡᠷ ᠵᠠᠰᠠᠭ ᠪᠠᠷᠢᠵᠤ ᠂ ᠤᠬᠠᠮᠰᠠᠷ ᠡᠴᠨ ᠪᠡᠨ ᠠᠷᠠᠳ
 ᠲᠦᠮᠡᠨ ‍ᠤ ᠠᠯᠪᠠᠨ ᠵᠠᠷᠤᠴᠠ ᠶ᠋ᠢᠨ ᠲᠦᠷᠢ ᠪᠡᠨ ᠪᠠᠷᠢᠮᠳᠠᠯᠠᠨ᠎ᠠ ᠃

  ᠵᠢᠷᠭᠤᠳᠤᠭᠠᠷ ᠵᠤᠷᠪᠤᠰ   ᠠᠷᠢᠭᠤᠨ ᠴᠢᠭᠡᠴᠢ ᠪᠡᠷ ᠡᠷᠭᠡ ᠪᠡᠨ ᠭᠡᠷᠡᠭᠵᠢᠬᠦᠯᠵᠤ ᠂ ᠤᠬᠠᠮᠰᠠᠷ ᠡᠴᠨ ᠪᠡᠨ
 ᠠᠷᠠᠳ ᠲᠦᠮᠡᠨ ‍ᠤ ᠦᠨᠳᠦᠰᠦᠨ ᠠᠰᠢᠭ ᠲᠤᠰᠠ ᠵᠢ ᠬᠠᠮᠠᠭᠠᠯᠠᠨ᠎ᠠ ᠃

 ᠲᠤᠯᠤᠳᠤᠭᠠᠷ ᠵᠤᠷᠪᠤᠰ    ᠠᠷᠢᠭᠤᠨ ᠴᠢᠭᠡᠴᠢ ᠪᠡᠷ ᠪᠡᠶ᠎ᠡ ᠪᠡᠨ ᠵᠠᠰᠠᠵᠤ ᠂ ᠤᠬᠠᠮᠰᠠᠷ ᠡᠴᠨ ᠪᠡᠨ
ᠦᠵᠡᠯ ᠰᠠᠨᠠᠭ᠎ᠠ ᠶᠤᠰᠤ ᠰᠤᠷᠳᠠᠬᠤᠨ ‍ᠤ ᠬᠢᠷᠢ ᠭᠡᠮᠵᠢᠶ᠎ᠡ ᠪᠡᠨ ᠲᠡᠭᠡᠭᠰᠢᠯᠡᠬᠦᠯᠦᠨ᠎ᠡ ᠃

 ᠨᠠᠢᠮᠠᠳᠤᠭᠠᠷ ᠵᠤᠷᠪᠤᠰ   ᠠᠷᠢᠭᠤᠨ ᠴᠢᠭᠡᠴᠢ ᠪᠡᠷ ᠭᠡᠷ ‍ᠢᠶ᠋ᠡᠨ ᠵᠠᠰᠠᠵᠤ ᠂ ᠤᠬᠠᠮᠰᠠᠷ ᠡᠴᠨ ᠪᠡᠨ
 ᠰᠢᠯᠢᠳᠡᠭ ᠰᠠᠶᠢᠨ ᠭᠡᠷ ‍ᠤᠨ ᠰᠤᠷᠳᠠᠯ ‍ᠢ ᠪᠤᠢ ᠪᠤᠯᠭᠠᠨ᠎ᠠ ᠃
ᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ

ᠬᠠᠮᠢᠶ᠎ᠡ ᠪᠦᠬᠦᠢ ᠰᠣᠨᠢᠨ