ᠨᠠᠢᠮᠠᠨ ᠬᠤᠰᠢᠭᠤᠨ ‍ᠤ ᠪᠠᠢ ᠰᠢᠦ ᡁᠢ ᠪᠦᠬᠦ ᠤᠯᠤᠰ ‍ᠤᠨ 《ᠦᠢᠯᠡᠰ ᠪᠦᠳᠦᠭᠡᠭᠰᠡᠨ ᠡᠮᠡᠭᠳᠡᠢ ᠤᠳᠤᠨ 》 ‍ᠤ ᠨᠡᠷᠡᠶᠢᠳᠤᠯ ‍ᠢ ᠭᠦᠷᠳᠡᠪᠡ

ᠣᠩᠰᠢᠭᠰᠠᠨ ᠤᠳᠠᠭ᠎ᠠ ᠄ 9209     ᠨᠡᠶᠢᠳᠡᠯᠡᠭᠰᠡᠨ ᠴᠠᠭ ᠄ 2016/5/1 16:38:45


        2015 ᠤᠨ ‍ᠤ 12 ᠰᠠᠷ᠎ᠠ ᠶ᠋ᠢᠨ 16 ᠎᠎——18 ‍ᠤ ᠡᠳᠦᠷ ᠂ ᠪᠡᠭᠡᠵᠢᠩ ᠳ᠋ᠤ ᠬᠤᠷᠠᠯᠳᠤᠭᠤᠯᠤᠭᠰᠠᠨ ᠪᠦᠬᠦ ᠤᠯᠤᠰ ‍ᠤᠨ ᠬᠤᠶᠠᠳᠤᠭᠠᠷ ᠬᠤᠭᠤᠴᠠᠭᠠᠨ ‍ᠤ  《 ᠮᠡᠨ ‍ᠤ ᠬᠠᠵᠠᠭᠤ ᠳ᠋ᠡᠬᠢ ᠦᠢᠯᠡᠰ ᠪᠦᠳᠦᠭᠡᠭᠰᠡᠨ ᠡᠮᠡᠭᠳᠡᠢ ᠤᠳᠤᠨ 》 ‍ᠤ ᠱᠠᠩᠨᠠᠯ ᠤᠯᠭᠤᠬᠤ ᠶᠤᠰᠤᠯᠠᠯ ᠲᠡᠭᠡᠷ᠎ᠡ ᠂   ᠨᠠᠢᠮᠠᠨ ᠬᠤᠰᠢᠭᠤᠨ ‍ᠤ ᠪᠠᠶᠠᠨ ᠬᠠᠩᠭᠠᠢ ᠢᠳᠡᠭᠡᠨ ‍ᠤ ᠬᠢᠵᠠᠭᠠᠷᠳᠤ ᠺᠤᠮᠫᠠᠨᠢ ᠶ᠋ᠢᠨ ᠲᠠᠭᠠᠭᠠᠮᠠᠯ ᠪᠠᠢ ᠰᠢᠦ ᡁᠢ 《 ᠦᠢᠯᠡᠰ ᠪᠦᠳᠦᠭᠡᠭᠰᠡᠨ ᠡᠮᠡᠭᠳᠡᠢ ᠤᠳᠤᠨ》 ‍ᠤ ᠨᠡᠷᠡᠶᠢᠳᠤᠯ ‍ᠢ ᠤᠯᠪᠠ ᠃ ᠲᠤᠰ ᠤᠳᠠᠭᠠᠨ ‍ᠤ ᠬᠤᠷᠠᠯ ᠳ᠋ᠤ 128 ᠭᠦᠮᠦᠨ ᠤᠷᠤᠯᠴᠠᠵᠤ ᠂ ᠡᠭᠦᠨ ᠳ᠋ᠤ ᠦᠪᠦᠷ ᠮᠤᠩᠭᠤᠯ ‍ᠤᠨ 7 ᠭᠦᠮᠦᠨ ( ᠲᠦᠩᠯᠢᠶᠦᠦ ᠬᠤᠳᠠ ᠶ᠋ᠢᠨ 2 ᠭᠦᠮᠦᠨ ) ᠤᠷᠤᠯᠴᠠᠪᠠ ᠃ ᠲᠡᠳᠡ ᠪᠤᠯ ᠪᠦᠬᠦ ᠤᠯᠤᠰ ‍ᠤᠨ ᠡᠯ᠎ᠡ ᠭᠠᠵᠠᠷ ‍ᠤᠨ ᠶᠡᠭᠡ ᠂ ᠲᠤᠮᠳᠠ ᠂ ᠪᠠᠭ᠎ᠠ ᠠᠵᠤ ᠠᠬᠤᠶᠢᠯᠡᠯ ‍ᠤᠨ ᠬᠠᠷᠢᠭᠤᠴᠠᠯᠭᠠᠳᠠᠨ ᠪᠠᠶᠢᠵᠤ ᠂ ᠦᠨᠡᠨᠬᠦ ᠰᠤᠳᠤᠴᠤᠤᠯ ‍ᠤᠨ ᠴᠤᠭᠯᠠᠷᠠᠯ ᠮᠦᠨ ᠃ ᠬᠤᠷᠠᠯ ᠲᠡᠭᠡᠷ᠎ᠡ ᠠᠰᠪᠤᠷᠢ ᠰᠢᠯᠤᠭᠤᠨ ᠂ ᠴᠢᠩ ᠦᠨᠡᠨᠴᠢ ᠂ ᠴᠠᠭᠠᠪᠤᠷ ᠴᠠᠶᠢᠯᠭᠠᠨ ᠪᠠᠶᠢᠳᠠᠭ ᠮᠤᠩᠭᠤᠯ ᠡᠮᠡᠭᠳᠡᠢ ᠪᠠᠢ ᠰᠢᠦ ᡁᠢ ᠂  ᠮᠤᠩᠭᠤᠯ ᠦᠨᠳᠦᠰᠦᠳᠡᠨ ‍ᠤ ᠪᠡᠨ ᠤᠯᠠᠮᠵᠢᠯᠠᠯᠳᠤ ᠢᠳᠡᠭᠡᠨ ᠤᠮᠳᠠᠭᠠᠨ ‍ᠢ ᠤᠯᠠᠮᠵᠢᠯᠠᠨ ᠪᠠᠳᠠᠷᠠᠭᠤᠯᠬᠤ ᠬᠠᠯᠠᠭᠤᠨ ᠰᠡᠳᠬᠢᠯᠭᠡ ᠪᠡ ᠴᠢᠩ ᠦᠨᠡᠨᠴᠢ ᠰᠡᠳᠭᠢᠯᠭᠡ ᠪᠡᠷ ‍ᠢᠶ᠋ᠡᠨ ᠲᠤᠬᠠᠢ ᠶ᠋ᠢᠨ ᠲᠠᠯᠠᠪᠠᠢ ᠳ᠋ᠡᠬᠢ ᠬᠢᠨᠠᠭᠴᠢ ᠂ ᠪᠡᠯᠡ ᠤᠷᠤᠭᠤᠯᠬᠤ ᠬᠤᠳᠠᠯᠳᠤᠭᠠᠴᠢᠨ ᠂ ᠠᠵᠤ ᠠᠬᠤᠶᠢᠯᠠᠯᠳᠠᠨ ‍ᠤ ᠮᠠᠭᠳᠠᠭᠠᠯ ᠰᠠᠶᠢᠰᠢᠶᠠᠯ ‍ᠢ ᠭᠦᠷᠳᠡᠪᠡ ᠃ ᠲᠡᠷᠡ ᠪᠤᠷᠤᠭᠵᠢᠭᠤᠨ ᠦᠭᠡ ᠭᠡᠯᠡ ᠪᠡᠷ ‍ᠢᠶ᠋ᠡᠨ ᠤᠯᠠᠨ ᠪᠦᠭᠦᠳᠡᠭᠡᠷ ᠲᠤ ᠦᠪᠡᠷ ‍ᠤᠨ ‍ᠢᠶ᠋ᠡᠨ ᠦᠢᠯᠡᠰ ᠪᠦᠳᠦᠭᠡᠭᠰᠡᠨ ᠰᠢᠷᠭᠠᠭᠤ ᠬᠠᠳᠠᠭᠤᠵᠢᠯ ‍ᠢ ᠶᠠᠷᠢᠵᠤ ᠦᠭᠭᠦᠨ ᠂ ᠠᠵᠤ ᠠᠬᠤᠶᠢᠯᠡᠯ ᠭᠦᠭᠵᠢᠨ ᠪᠤᠵᠠᠭᠠᠶᠢᠷᠠᠭᠤᠯᠬᠤ ᠶ᠋ᠢᠨ ᠬᠠᠮᠳᠤ ᠨᠡᠶᠢᠭᠡᠮ ‍ᠤᠨ ᠨᠡᠶᠢᠳᠡ ᠶ᠋ᠢᠨ ᠠᠰᠠᠷᠠᠮᠵᠢ ᠶ᠋ᠢᠨ ᠦᠢᠯᠡᠰ ᠲᠤ ᠭᠦᠴᠦ ᠨᠡᠮᠡᠷᠢᠯᠡᠪᠡ ᠃ ᠬᠤᠶᠠᠷ ᠡᠭᠡᠯᠵᠢ ᠶ᠋ᠢᠨ 13 ᠮᠢᠨᠤᠢᠲ ‍ᠤᠨ ᠶᠠᠷᠢᠬᠤ ᠪᠡᠷ ᠲᠠᠮᠵᠢᠵᠤ ᠂ ᠲᠤᠬᠠᠢ ᠶ᠋ᠢᠨ ᠲᠠᠯᠠᠪᠠᠢ ᠳ᠋ᠤ ᠪᠠᠶᠢᠭ᠎ᠠ ᠬᠢᠨᠠᠭᠴᠢ ᠪᠡ ᠪᠡᠯᠡ ᠤᠷᠤᠭᠤᠯᠬᠤ ᠬᠤᠳᠠᠯᠳᠤᠭᠠᠴᠢᠨ ‍ᠤ ᠰᠠᠶᠢᠨ ᠦᠨᠡᠯᠡᠯᠳᠡ ᠵᠢ ᠤᠯᠵᠤ ᠂ ᠪᠦᠬᠦ ᠤᠯᠤᠰ ‍ᠤᠨ ᠬᠤᠶᠠᠳᠤᠭᠠᠷ ᠬᠤᠭᠤᠴᠠᠭᠠᠨ ‍ᠤ 《 ᠮᠡᠨ ‍ᠤ ᠬᠠᠵᠠᠭᠤ ᠳ᠋ᠡᠬᠢ ᠦᠢᠯᠡᠰ ᠪᠦᠳᠦᠭᠡᠭᠰᠡᠨ ᠡᠮᠡᠭᠳᠡᠢ ᠤᠳᠤᠨ 》 ‍ᠤ ᠬᠠᠮᠤᠭ ᠡᠴᠡ ᠢᠯᠡᠬᠦᠦ ᠪᠡᠯᠡ ᠤᠷᠤᠭᠤᠯᠤᠯᠳᠠ ᠶ᠋ᠢᠨ ᠲᠠᠯᠳᠠ ᠭᠦᠴᠦᠨ ᠪᠦᠬᠦᠢ ᠦᠢᠯᠡᠰ ᠪᠦᠳᠦᠭᠡᠭᠰᠡᠨ ᠡᠮᠡᠭᠳᠡᠢ ᠤᠳᠤᠨ ‍ᠤ ᠢᠷᠠᠭᠤ ᠠᠯᠳᠠᠷ ‍ᠢ ᠭᠦᠷᠳᠡᠵᠤ ᠂ 128 ᠠᠵᠤ ᠠᠬᠤᠶᠢᠯᠠᠯ ‍ᠤᠨ ᠲᠤᠮᠳᠠ ᠡᠴᠡ ᠴᠤᠯᠭᠤᠷᠠᠵᠤ ᠭᠠᠷᠪᠠ ᠃ ᠬᠤᠶᠠᠷ ᠪᠡᠯᠡ ᠤᠷᠤᠭᠤᠯᠬᠤ ᠬᠤᠳᠠᠯᠳᠤᠭᠠᠴᠢᠨ ᠲᠤᠬᠠᠢ ᠶ᠋ᠢᠨ ᠲᠠᠯᠠᠪᠠᠢ ᠳ᠋ᠤ ᠲᠠᠷᠤᠢ ᠪᠡᠯᠡ ᠤᠷᠤᠭᠤᠯᠬᠤ ᠰᠠᠨᠠᠮᠰᠠᠷ ᠲᠡᠢ ᠪᠤᠯᠵᠤ ᠂ ᠭᠦᠮᠦᠨ ᠪᠦᠷᠢ 200 ᠲᠦᠮᠡᠨ ᠲᠦᠭᠦᠷᠢᠭ ‍ᠤᠨ ᠪᠡᠯᠡ ᠤᠷᠤᠭᠤᠯᠪᠠ ᠃  ( ᠮᠠᠨᠳᠤᠯ᠎ᠠ ᠤᠷᠴᠢᠭᠤᠯᠪᠠ)
ᠢᠷᠡᠯᠳᠡ᠄ ᠨᠠᠢᠮᠠᠨ ᠤ ᠰᠦᠯᠵᠢᠶ᠎ᠡ ᠡᠴᠡ ᠨᠠᠶᠢᠷᠠᠭᠤᠯᠤᠭᠴᠢ᠄ ᠪᠣᠣ ᠵᠢᠨ ᠯᠢᠶᠠᠨ