ᠮᠣᠩᠭᠤᠯ ᠡᠷᠡᠴᠦᠦᠯ ᠤᠨ ᠬᠡᠲᠡ ᠬᠢᠲᠦᠭ᠎ᠠ ᠵᠡᠷᠭᠡ ᠵᠠᠰᠠᠯ ᠢ ᠵᠡᠭᠦᠬᠦ ᠵᠠᠩ ᠳᠠᠳᠬᠠᠯ ᠤᠨ ᠳᠤᠬᠠᠢ

ᠣᠩᠰᠢᠭᠰᠠᠨ ᠤᠳᠠᠭ᠎ᠠ ᠄ 3815     ᠨᠡᠶᠢᠳᠡᠯᠡᠭᠰᠡᠨ ᠴᠠᠭ ᠄ 2016/6/17 16:31:21


   
     ᠮᠣᠩᠭᠤᠯ ᠦᠨᠳᠦᠰᠦᠲᠡᠨ ᠨᠢ ᠤᠷᠲᠦ ᠬᠤᠭᠤᠴᠠᠭᠠᠨ ᠤ ᠣᠷᠣᠭ᠎ᠠ ᠪᠣᠰᠤᠭ᠎ᠠ ᠠᠮᠢᠳᠦᠷᠠᠯ ᠲᠡᠮᠡᠴᠡᠯ ᠦᠨ ᠳᠤᠮᠳᠠ ᠬᠡᠲᠡ ᠬᠢᠲᠦᠭ᠎ᠠ ᠵᠡᠷᠭᠡ ᠡᠳᠡᠯᠡᠯ ᠢ ᠲᠦᠭᠡᠮᠡᠯ ᠬᠡᠷᠡᠭᠯᠡᠬᠦ ᠪᠣᠯᠤᠭᠰᠠᠨ ᠪᠠᠶᠢᠨ᠎ᠠ ᠃ ᠮᠣᠩᠭᠤᠯ  ᠡᠷᠡᠴᠦᠦᠯ ᠨᠢ ᠠᠵᠤ ᠠᠮᠢᠳᠦᠷᠠᠯ ᠂ ᠠᠩ ᠬᠦᠷᠦᠭᠡ ᠂ ᠠᠶᠠᠨ ᠳᠠᠶᠢᠨ ᠳ᠋ᠤ ᠶᠠᠪᠤᠬᠤ ᠳ᠋ᠠᠭᠠᠨ ᠡᠷᠬᠡᠪᠰᠢ ᠪᠡᠶᠡᠨ ᠳ᠋ᠡᠬᠡᠨ ᠬᠡᠲᠡ ᠬᠢᠲᠦᠭ᠎ᠠ ᠪᠡᠨ ᠠᠪᠴᠣ ᠶᠠᠪᠤᠨ ᠂ ᠭᠠᠷ ᠤᠨ ᠦᠵᠦᠭᠦᠷ ᠭᠡᠷᠡᠭᠯᠡᠭᠦ ᠪᠤᠶᠤ ᠪᠡᠶ᠎ᠡ ᠪᠡᠨ ᠬᠠᠮᠠᠭᠠᠯᠠᠬᠤ ᠵᠡᠪᠰᠡᠭ ᠪᠣᠯᠭᠠᠳᠠᠭ ᠪᠠᠶᠢᠨ᠎ᠠ ᠃ ᠮᠠᠨ ᠤ ᠮᠣᠩᠭᠤᠯᠴᠤᠳ ᠬᠡᠲᠡ ᠪᠡᠷ ᠴᠠᠬᠢᠭᠤᠷ ᠴᠢᠯᠠᠭᠤ ᠪᠠᠨ ᠴᠣᠬᠢᠵᠤ ᠂ ᠤᠯᠠ ᠡᠪᠡᠰᠦ ᠪᠡᠨ ᠤᠩᠭᠠᠰᠣᠯᠤᠨ ᠭᠠᠯ ᠢᠶᠡᠨ ᠨᠤᠴᠤᠭᠠᠵᠤ ᠂ ᠠᠶᠠᠨ ᠳᠠᠶᠢᠨ ᠤ ᠳᠤᠮᠳᠠ ᠬᠡᠭᠡᠷ᠎ᠡ ᠭᠠᠳᠠᠨ᠎ᠠ ᠬᠣᠭᠤᠯᠠ ᠬᠣᠰᠢ ᠬᠢᠬᠦ ᠂ ᠠᠩ ᠭᠦᠷᠦᠭᠡ ᠶ᠋ᠢᠨ ᠮᠢᠬ᠎ᠠ ᠪᠠᠨ ᠰᠢᠷᠠᠵᠤ ᠢᠳᠡᠬᠦ ᠂ ᠠᠮᠢᠲᠡᠨ ᠠᠷᠢᠶᠠᠳᠡᠨ ᠢ ᠦᠯᠳᠡᠨ ᠬᠦᠭᠡᠭᠡᠬᠦ ᠪᠤᠶᠤ ᠳᠤᠯᠠᠭᠠᠴᠠᠬᠤ ᠵᠡᠷᠭᠡ ᠳ᠋ᠦ ᠬᠡᠷᠡᠭᠯᠡᠳᠡᠭ ᠃ ᠮᠠᠨ ᠤ ᠮᠣᠩᠭᠤᠯᠴᠤᠳ ᠭᠠᠯ ᠢ ᠶᠡᠬᠡᠳᠡ ᠪᠡᠯᠡᠭᠰᠢᠶᠡᠨ ᠦᠵᠡᠵᠤ ᠂ ᠭᠠᠯ ᠢ ᠦᠭᠡᠳᠡ ᠡᠰᠡᠷᠡᠭ ᠂ ᠠᠷᠢᠭᠤᠨ ᠴᠠᠪᠡᠷ ᠂ ᠠᠵᠠ ᠬᠡᠶᠢᠮᠣᠷᠢ ᠶ᠋ᠢᠨ  ᠪᠡᠯᠭᠡᠳᠡᠯ ᠭᠡᠵᠤ ᠂ ᠪᠡᠶ᠎ᠡ ᠳ᠋ᠡᠬᠡᠨ ᠬᠡᠵᠢᠶᠡᠳᠡ ᠭᠠᠯ ᠲᠠᠢ ᠶᠠᠪᠤᠳᠠᠭ ᠃ ᠮᠦᠨ ᠴᠤ ᠮᠠᠨ ᠤ ᠮᠤᠩᠭᠤᠯ ᠡᠷᠡᠴᠤᠤᠯ ᠢ ᠭᠠᠯ ᠲᠠᠢ ᠴᠣᠭ ᠲᠠᠢ ᠭᠡᠳᠡᠭ ᠨᠢ ᠡᠭᠦᠨ ᠡᠴᠡ ᠢᠷᠡᠯᠳᠡ ᠲᠠᠢ ᠪᠠᠶᠢᠳᠠᠭ ᠃ ᠤᠳᠤ ᠬᠡᠲᠡ ᠬᠢᠲᠦᠭ᠎ᠠ ᠂ ᠳᠠᠶᠢᠯᠠᠩ ᠂ ᠬᠠᠪᠳᠠᠭ᠎ᠠ ᠵᠡᠷᠭᠡ ᠶ᠋ᠢᠨ ᠡᠳ᠋ᠯᠡᠯ ᠨᠢ ᠭᠣᠶᠣᠯᠠᠯ ᠤᠨ  ᠡᠳ᠋ᠯᠡᠯ ᠪᠣᠯᠤᠭᠰᠠᠨ ᠪᠠᠶᠢᠨ᠎ᠠ ᠃ ᠣᠶᠢᠷ᠎ᠠ ᠶ᠋ᠢᠨ ᠵᠢᠯ ᠡᠴᠡ ᠮᠣᠩᠭᠤᠯ  ᠡᠷᠡᠴᠦᠳ ᠦᠪᠡᠷ ᠦᠨ ᠦᠨᠳᠦᠰᠦᠲᠡᠨ ᠦ ᠪᠡᠨ ᠳᠡᠪᠡᠯ ᠲᠡᠷᠯᠢᠭ ᠂ ᠬᠡᠲᠡ ᠬᠢᠲᠦᠭ᠎ᠠ ᠂ ᠳᠠᠶᠢᠯᠠᠩ ᠂ ᠬᠠᠪᠳᠠᠭ᠎ᠠ ᠵᠡᠭᠦᠵᠤ ᠂ ᠣᠪᠣᠭ᠎ᠠ ᠳᠠᠬᠢᠯᠭ᠎ᠠ ᠂ ᠤᠷᠣᠭ ᠬᠤᠷᠢᠮ ᠂ ᠨᠠᠶᠢᠷ ᠨᠠᠭᠠᠳᠦᠮ ᠂ ᠣᠯᠠᠨ ᠨᠡᠶᠢᠲᠡ ᠶ᠋ᠢᠨ ᠴᠣᠭᠯᠠᠭᠠᠨ ᠳ᠋ᠤ ᠣᠷᠣᠯᠴᠠᠨ ᠂ ᠮᠣᠩᠭᠤᠯ ᠢᠶᠠᠷ ᠢᠶᠡᠨ ᠭᠤᠶᠤᠯᠠᠵᠤ ᠪᠠᠶᠢᠭ᠎ᠠ ᠬᠦᠮᠦᠰ ᠤᠯᠠᠮ ᠢᠶ᠋ᠡᠷ ᠣᠯᠠᠰᠢᠷᠠᠵᠤ ᠪᠠᠶᠢᠨ᠎ᠠ ᠃ ᠭᠡᠪᠡᠴᠤ ᠬᠡᠲᠡ ᠬᠢᠲᠦᠭ᠎ᠠ ᠂ ᠳᠠᠶᠢᠯᠠᠩ ᠵᠡᠷᠭᠡ ᠪᠠᠨ ᠡᠯᠳᠡᠪ ᠶᠠᠩᠵᠤ ᠪᠠᠷ ᠵᠡᠭᠦᠵᠤ ᠪᠠᠶᠢᠬᠤ ᠪᠠᠶᠢᠳᠠᠯ ᠣᠷᠣᠰᠢᠵᠤ ᠪᠠᠶᠢᠨ᠎ᠠ ᠃   ᠲᠡᠭᠡᠪᠡᠯ ᠮᠣᠩᠭᠤᠯ  ᠡᠷᠡᠴᠦᠦᠯ ᠤᠨ ᠬᠡᠲᠡ ᠬᠢᠲᠦᠭ᠎ᠠ ᠵᠡᠭᠦᠬᠦ  ᠡᠳ᠋ᠯᠡᠬᠦ ᠳᠣᠬᠠᠢ ᠡᠪᠦᠭᠡᠳ ᠨᠠᠰᠤᠲᠠᠶᠢᠴᠤᠳ ᠤᠨ ᠬᠠᠭᠤᠴᠢᠯᠠᠬᠤ ᠪᠠᠷ ᠬᠢᠲᠦᠭ᠎ᠠ ᠪᠠᠨ ᠪᠠᠴᠢᠮ ᠪᠠᠶᠢᠳᠠᠯ ᠢ ᠠᠷᠠᠭᠠᠴᠠᠭᠠᠬᠤ ᠳ᠋ᠤ ᠠᠪᠴᠤ ᠪᠠᠷᠢᠬᠤ ᠳ᠋ᠤ ᠳᠦᠭᠦᠮ ᠢ ᠪᠣᠳᠤᠵᠤ ᠂ ᠪᠠᠷᠠᠭᠤᠨ ᠳᠠᠰᠢᠶᠠᠨ ‍ᠦ ᠡᠮᠦᠨ᠎ᠡ ᠲᠠᠯ᠎ᠠ ᠳ᠋ᠠᠭᠠᠨ ᠵᠡᠭᠦᠳᠡᠭ ᠃ ᠳᠠᠶᠢᠯᠠᠩ ᠢᠶᠡᠨ ᠵᠡᠭᠦᠨ ᠳᠠᠰᠢᠶᠠᠨ ‍ᠦ ᠡᠮᠦᠨ᠎ᠡ ᠲᠠᠯ᠎ᠠ ᠳ᠋ᠠᠭᠠᠨ ᠵᠡᠭᠦᠵᠤ ᠂ ᠳᠣᠳᠤᠷ ᠨᠢ ᠬᠦᠬᠦᠷ ᠢᠶᠡᠨ ᠬᠢᠳᠡᠭ ᠪᠠᠶᠢᠨ᠎ᠠ ᠃ ᠬᠡᠲᠡ ᠶ᠋ᠢ ᠨᠢ ᠡᠮᠡᠭᠡᠯ ᠦᠨ ᠡᠮᠦᠨ᠎ᠡ ᠪᠦᠭᠡᠷᠭᠡ ᠶ᠋ᠢ ᠴᠣᠬᠢᠬᠤ ᠡᠴᠠ ᠬᠢᠴᠢᠶᠡᠵᠤ ᠂ ᠤᠷᠲᠦ ᠮᠦᠩᠭᠦᠨ ᠣᠭᠤᠰᠤᠷ ᠢᠶᠠᠷ ᠬᠣᠯᠪᠤᠵᠤ ᠂ ᠵᠡᠭᠦᠨ ᠳᠠᠰᠢᠶᠠᠨ ‍ᠦ ᠠᠷᠤ ᠲᠠᠯ᠎ᠠ ᠳ᠋ᠦ ᠪᠦᠰᠠᠡ ᠳ᠋ᠠᠭᠠᠨ ᠪᠤᠭᠤᠨᠢ ᠲᠡᠭᠡ ᠪᠡᠷ ᠵᠡᠭᠦᠵᠤ ᠂ ᠬᠡᠷᠡᠭᠯᠡᠬᠦ ᠴᠠᠭ ᠲᠠᠭᠠᠨ ᠠᠪᠴᠤ ᠪᠠᠭᠤᠯᠭᠠᠵᠤ ᠬᠡᠷᠡᠭᠯᠡᠳᠡᠭ ᠃ ᠬᠡᠲᠡ ᠬᠢᠲᠦᠭ᠎ᠠ ᠶ᠋ᠢ ᠨᠢᠭᠡᠨᠲᠡ ᠪᠦᠰᠡᠭᠦᠢ ᠪᠠᠭᠤᠯᠭᠠᠵᠤ ᠂ ᠠᠶᠢᠯ ᠡᠷᠦᠬᠡ ᠪᠠᠶᠢᠭᠤᠯᠣᠭᠰᠠᠨ ᠡᠷᠡᠴᠤᠤᠯ ᠯᠠ ᠰᠠᠶᠢ ᠵᠡᠭᠦᠲᠡᠭ ᠶᠤᠮ ᠃                     (ᠮᠦᠩᠬᠡᠪᠡᠶᠡᠷ)
ᠢᠷᠡᠯᠳᠡ᠄ ᠬᠤᠯᠪᠤᠭ᠎ᠠ ᠰᠦᠯᠵᠢᠶ᠎ᠡ ᠡᠴᠡ ᠨᠠᠶᠢᠷᠠᠭᠤᠯᠤᠭᠴᠢ᠄ ᠪᠣᠣ ᠵᠢᠨ ᠯᠢᠶᠠᠨ