ᠬᠤᠷᠴᠢᠨ ᠮᠤᠩᠭᠤᠯ ᠵᠠᠩ ᠲᠠᠳᠬᠠᠯ

ᠣᠩᠰᠢᠭᠰᠠᠨ ᠤᠳᠠᠭ᠎ᠠ ᠄ 36731     ᠨᠡᠶᠢᠳᠡᠯᠡᠭᠰᠡᠨ ᠴᠠᠭ ᠄ 2016/6/17 12:54:21


  

                            ᠭᠠᠯ ‍ᠢ ᠰᠢᠲᠦᠬᠦ ᠶᠤᠰᠤᠨ 


    ᠮᠠᠨ ᠤ ᠨᠤᠲᠤᠭ ᠤᠨ ᠠᠷᠠᠳ ᠭᠠᠯ ‍ᠢ ᠤᠨᠴᠠᠭᠠᠢ ᠰᠢᠲᠦᠲᠡᠭ ᠃ ᠭᠠᠯ ᠤᠨ ᠲᠤᠬᠠᠢ ᠮᠠᠰᠢ ᠤᠯᠠᠨ ᠡᠷᠬᠢᠮᠯᠡᠬᠦ ᠵᠦᠢᠯ ᠪᠠᠶᠢᠳᠠᠭ ᠢᠶᠠᠷ ᠦᠯᠦ ᠪᠠᠷᠠᠨ ᠴᠡᠭᠡᠷᠯᠡᠬᠦ ᠵᠦᠢᠯ ᠴᠤ ᠤᠯᠠᠨ ᠪᠠᠶᠢᠳᠠᠭ ᠃   1. ᠭᠠᠯ ᠤᠨ ᠲᠡᠭᠡᠭᠦᠷ ᠠᠯᠬᠤᠵᠦ ᠪᠤᠯᠬᠤ ᠦᠭᠡᠢ ᠃   2. ᠲᠤᠤᠷ᠎ᠠ ᠤᠨᠠᠭᠰᠠᠨ ᠭᠠᠯ ᠤᠨ ᠤᠴᠢ ᠵᠢ  ᠭᠢᠰᠬᠢᠵᠦ ᠤᠨᠲᠠᠷᠭᠠᠵᠦ ᠪᠤᠯᠬᠤ ᠦᠭᠡᠢ ᠃  3. ᠭᠠᠯ ᠲᠡᠭᠡᠷ᠎ᠡ ᠤᠰᠤ ᠰᠦ ᠮᠡᠲᠦ ᠶ᠋ᠢᠨ ᠰᠢᠩᠭᠡᠨ ᠶᠠᠭᠤᠮ᠎ᠠ ᠵᠢ ᠠᠰᠬᠠᠵᠦ ᠪᠤᠯᠬᠤ ᠦᠭᠡᠢ ᠃  4. ᠭᠠᠯ ᠲᠡᠭᠡᠭᠦᠷ ᠤᠯᠠᠭᠠᠨ ᠪᠦᠰ ᠡᠷᠭᠢᠭᠦᠯᠵᠦ ᠪᠤᠯᠬᠤ ᠦᠭᠡᠢ ᠃     5. ᠬᠤᠪᠤᠩ ᠲᠠᠢ ᠭᠠᠯ ‍ᠢ ᠲᠡᠮᠦᠷ ᠮᠤᠳᠤ ᠪᠠᠷ ᠴᠢᠴᠢᠯᠡᠵᠦ ᠪᠤᠯᠬᠤ ᠦᠭᠡᠢ ᠃  6. ᠬᠤᠪᠤᠩ ᠲᠠᠢ ᠭᠠᠯ ‍ᠢ ᠬᠡᠵᠢᠶᠡᠲᠡ ᠬᠦᠷᠦᠩᠭᠡ ᠦᠭᠡᠢ ᠪᠤᠯᠲᠠᠯ᠎ᠠ ᠤᠨᠲᠠᠷᠭᠠᠵᠦ ᠪᠤᠯᠬᠤ ᠦᠭᠡᠢ ᠃ ᠬᠡᠷᠪᠡ ᠲᠠᠷᠠᠭ᠎ᠠ ᠦᠷᠯᠦᠭᠡ ᠨᠢ ᠪᠤᠯᠲᠠᠯ᠎ᠠ ᠤᠨᠲᠠᠷᠠᠬᠤ ᠪᠠᠶᠢᠳᠠᠯ ᠲᠠᠢ ᠪᠤᠯ ᠤᠨᠲᠠᠬᠤ ᠡᠴᠡ ᠪᠠᠨ ᠡᠮᠦᠨ᠎ᠡ ᠠᠷᠭᠠᠯ ᠪᠤᠯᠠᠵᠦ ᠲᠠᠯᠪᠢᠳᠠᠭ ᠃     7. ᠰᠢᠨ᠎ᠡ ᠬᠦᠤ ᠪᠡᠷᠢ ᠬᠤᠷᠢᠮᠯᠠᠬᠤ ᠳ᠋ᠥ ᠪᠠᠨ ᠭᠠᠯ ᠳ᠋ᠥ ᠮᠦᠷᠭᠦᠬᠦ ᠬᠡᠷᠡᠭᠲᠡᠢ ᠃   8. ᠭᠠᠯ ᠳ᠋ᠥ ᠭᠠᠯ ᠤᠨ ᠪᠤᠳᠠᠭ᠎ᠠ ᠡᠷᠭᠦᠬᠦ ᠳ᠋ᠥ ᠪᠠᠨ 《 ᠭᠠᠯ ᠤᠨ ᠪᠤᠷᠬᠠᠨ ᠤᠮ ᠠ ᠬᠤᠩ 》 ᠭᠡᠵᠦ ᠭᠤᠷᠪᠠᠨᠲᠠ ᠶᠠᠷᠢᠵᠦ ᠭᠤᠷᠪᠠᠨᠲᠠ ᠡᠷᠭᠦᠳᠡᠭ ᠃   9. ᠰᠤᠩᠭᠢᠨ᠎ᠠ  ᠰᠠᠷᠢᠮᠰᠠᠭ ᠤᠨ ᠬᠠᠯᠢᠰᠤ ᠵᠢ ᠭᠠᠯ ᠳ᠋ᠥ ᠤᠷᠤᠭᠤᠯᠪᠠᠯ ᠬᠠᠳᠠᠬᠢ ᠭᠠᠷᠤᠨ᠎ᠠ ᠭᠡᠳᠡᠭ    10.  ᠶᠡᠷᠦ ᠶ᠋ᠢᠨ ᠦᠶ᠎ᠡ ᠳ᠋ᠥ ᠭᠠᠯ ᠳ᠋ᠥ ᠪᠠᠨ ᠴᠢᠪᠠᠭ᠎ᠠ ᠡᠷᠭᠦᠵᠦ ᠲᠡᠶᠢᠯᠬᠦ ᠦᠭᠡᠢ ᠴᠤ ᠭᠠᠯ ᠲᠠᠬᠢᠬᠤ ᠳ᠋ᠥ ᠵᠠᠪᠠᠯ ᠴᠢᠪᠠᠭ᠎ᠠ ᠪᠠᠶᠢᠬᠤ ᠬᠡᠷᠡᠭᠲᠡᠢ  ᠵᠡᠷᠭᠡ ᠵᠡᠷᠭᠡ ᠤᠯᠠᠨ ᠵᠦᠢᠯ ᠤᠨ ᠴᠡᠭᠡᠷ ᠶᠤᠰᠤ ᠪᠠᠶᠢᠳᠠᠭ ᠃ ᠪᠠᠰᠠ ᠵᠠᠷᠢᠮ ᠳ᠋ᠥ ᠪᠠᠨ ᠭᠡᠷ ᠤᠨ ᠠᠬᠠᠮᠠᠳ ᠪᠤᠶᠤ ᠨᠠᠰᠤᠳᠠᠶᠢᠴᠤᠤᠯ ᠡᠴᠡ ᠵᠢᠭᠠᠬᠠᠨ ᠬᠡᠤᠬᠡᠳ ᠭᠠᠯ ᠢᠶᠠᠷ ᠨᠠᠭᠠᠳᠬᠤ ᠵᠢ ᠤᠯᠵᠦ ᠬᠠᠷᠠᠪᠠᠯ ᠠᠭᠤᠷᠯᠠᠵᠦ ᠵᠠᠩᠨᠠᠳᠠᠭ ᠶᠤᠮ ᠃ ᠬᠡᠷᠪᠡ ᠭᠠᠯ ᠢᠶᠠᠷ ᠨᠠᠭᠠᠳᠪᠠᠯ 《 ᠯᠤᠤ ᠵᠢᠷᠤᠨ᠎ᠠ 》 ᠭᠡᠵᠦ ᠲᠠᠩᠳᠠ ᠶᠠᠷᠢᠲᠠᠭ ᠵᠠᠩᠰᠢᠯ ᠲᠠᠢ ᠪᠠᠶᠢᠳᠠᠭ ᠃      ᠬᠡᠷ ᠪᠤᠯᠭᠠᠨ ᠪᠦᠷ ᠭᠠᠯ ᠲᠠᠬᠢᠳᠠᠭ ᠵᠠᠩᠰᠢᠯ ᠲᠠᠢ ᠪᠠᠶᠢᠳᠠᠭ ᠃ ᠪᠠᠰᠠ ᠲᠤᠰᠬᠠᠢ ᠡᠳᠦᠷ ᠲᠠᠢ ᠶᠤᠮ ᠃ ᠵᠠᠷᠢᠮ ᠨᠢ ᠨᠢᠭᠡ ᠵᠢᠯ ᠳ᠋ᠥ ᠤᠯᠠᠷᠢᠯ ‍ᠢ ᠲᠠᠭᠠᠵᠦ ᠲᠦᠷᠪᠡ ᠤᠳᠠᠭ᠎ᠠ ᠲᠠᠬᠢᠵᠦ ᠂ ᠵᠠᠷᠢᠮ ᠨᠢ ᠨᠢᠭᠡ ᠰᠠᠷ᠎ᠠ ᠳ᠋ᠥ ᠨᠢᠭᠡ ᠤᠳᠠᠭ᠎ᠠ ᠲᠠᠬᠢᠵᠦ ᠂ ᠪᠠᠰᠠ ᠵᠠᠷᠢᠮ ᠨᠢ ᠭᠠᠯ ᠲᠠᠬᠢᠬᠤ ᠲᠤᠭᠲᠠᠭᠰᠠᠨ ᠭᠠᠯ ᠲᠠᠬᠢᠬᠤ ᠯᠠᠮᠠ ᠪᠠᠶᠢᠳᠠᠭ ᠃ ᠬᠤᠷᠴᠢᠨᠴᠤᠳ ᠤᠨ ᠲᠤᠮᠳᠠ ᠬᠠᠮᠤᠭ ᠡᠴᠡ ᠦᠪᠡᠭᠳᠡᠰᠢ ᠶᠡᠬᠡ ᠪᠡᠷ ᠶᠠᠪᠤᠭᠳᠠᠳᠠᠭ ᠭᠠᠯ ᠲᠠᠬᠢᠯᠭ᠎ᠠ ᠶ᠋ᠢᠨ ᠡᠳᠦᠷ ᠪᠤᠯ ᠪᠢᠯᠢᠭ ᠤᠨ ᠤᠯᠠᠷᠢᠯ ᠤᠨ ᠯᠠ ᠰᠠᠷ᠎ᠠ ᠶ᠋ᠢᠨ ᠬᠤᠷᠢᠨ ᠭᠤᠷᠪᠠᠨ ᠪᠤᠯᠤᠨ᠎ᠠ ᠃  ᠡᠨᠡ ᠨᠢ ᠪᠢᠳᠡᠨ ᠳ᠋ᠥ ᠬᠠᠮᠤᠭ ᠡᠴᠡ ᠢᠯᠡᠭᠦᠦ ᠭᠦᠨ ᠰᠠᠭᠤᠭᠳᠠᠯ ᠲᠠᠢ ᠪᠠᠶᠢᠳᠠᠭ ᠃ ᠤᠴᠢᠷ ᠨᠢ ᠡᠨᠡ ᠡᠳᠦᠷ ‍ᠢ ᠪᠢᠲᠡ 《 ᠪᠠᠭ᠎ᠠ ᠰᠢᠨ᠎ᠡ 》 ᠭᠡᠳᠡᠭ ᠃ ᠡᠭᠦᠨ ᠢᠶᠠᠷ ᠦᠯᠦ ᠪᠠᠷᠠᠨ ᠭᠠᠯ ᠢᠶᠠᠷ ᠮᠠᠰᠢ ᠤᠯᠠᠨ ᠳᠤᠮ ᠵᠠᠰᠠᠯᠭ᠎ᠠ ᠬᠢᠳᠡᠭ ᠂ ᠶᠠᠮᠠᠷ ᠴᠤ ᠶᠠᠭᠤᠮ᠎ᠠ ᠵᠢ ᠪᠦᠷ ᠭᠠᠯ ᠢᠶᠠᠷ ᠠᠷᠢᠭᠤᠳᠬᠠᠳᠠᠭ ᠃  ᠵᠢᠱᠢᠶᠡᠯᠡᠪᠡᠯ ᠄ ᠬᠡᠤᠬᠡᠳ ᠬᠠᠯᠠᠭᠤᠨ ᠤᠷᠬᠢᠪᠠᠯ ᠭᠠᠯ ᠢᠶᠠᠷ ᠠᠷᠢᠭᠤᠳᠬᠠᠨ᠎ᠠ ᠃ ᠬᠤᠷᠴᠢᠨ ᠨᠤᠲᠤᠭ ᠤᠨ ᠬᠦᠮᠦᠰ ᠲᠠᠩᠳᠠ ᠪᠠᠭ᠎ᠠ ᠬᠦᠦ ᠪᠠᠨ ᠭᠠᠯ ᠭᠤᠯᠤᠮᠲᠠ ᠪᠠᠨ ᠰᠠᠬᠢᠬᠤ ᠬᠦᠮᠦᠨ ᠬᠡᠵᠦ ᠤᠯᠠᠮᠵᠢᠯᠠᠨ ᠶᠠᠷᠢᠭᠰᠠᠭᠠᠷ ᠢᠷᠡᠪᠡ ᠃ ᠪᠢᠳᠡ ᠪᠦᠭᠦᠳᠡᠭᠡᠷ ᠢᠶᠡᠨ ᠭᠠᠯ ᠢᠶᠡᠨ ᠲᠠᠬᠢᠵᠦ ᠭᠤᠯᠤᠮᠲᠠ ᠪᠠᠨ ᠪᠤᠰᠬᠠᠵᠦ ᠂ ᠬᠤᠷᠸ᠎ᠠ ᠶ᠋ᠢᠨ ᠡᠷᠢᠨ ᠳ᠋ᠥ ᠲᠦᠷᠡᠯᠵᠡᠵᠦ ᠶᠠᠪᠤᠶ᠎ᠠ !

      ( ᠬᠡᠷᠡᠶᠢᠳ ᠰᠠᠷᠠᠨᠴᠢᠮᠡᠭ  )

ᠢᠷᠡᠯᠳᠡ᠄ ᠬᠤᠯᠪᠤᠭ᠎ᠠ ᠰᠦᠯᠵᠢᠶ᠎ᠡ ᠡᠴᠡ ᠨᠠᠶᠢᠷᠠᠭᠤᠯᠤᠭᠴᠢ᠄ ᠪᠣᠣ ᠵᠢᠨ ᠯᠢᠶᠠᠨ