ᠮᠤᠩᠭᠤᠯᠴᠤᠳ ᠤᠨ ᠭᠡᠢ ᠮᠤᠷᠢ ᠶ᠋ᠢᠨ ᠪᠡᠯᠭᠡᠳᠡᠯ ᠤᠳᠬ᠎ᠠ

ᠣᠩᠰᠢᠭᠰᠠᠨ ᠤᠳᠠᠭ᠎ᠠ ᠄ 8211     ᠨᠡᠶᠢᠳᠡᠯᠡᠭᠰᠡᠨ ᠴᠠᠭ ᠄ 2016/5/1 14:45:03


   

       ᠭᠡᠢ ᠮᠤᠷᠢ ᠪᠤᠯ ᠮᠤᠩᠭᠤᠯ ᠤᠨ ᠳᠠᠬᠢᠯᠭ᠎ᠠ ᠶ᠋ᠢᠨ ᠰᠤᠶᠤᠯ ᠤᠨ ᠨᠢᠭᠡᠠ ᠪᠦᠷᠢᠯᠳᠦᠬᠦᠠ ᠭᠡᠰᠡᠭ ᠪᠤᠯᠬᠤ ᠪᠦᠭᠡᠳ ᠮᠤᠩᠭᠤᠯ ᠬᠦᠮᠦᠨ ᠤ ᠴᠤᠭ ᠰᠦᠯᠳᠠ ᠂ ᠡᠷᠡᠮᠡᠬᠡᠢ ᠵᠤᠷᠢᠭ ᠂ ᠦᠭᠡᠳᠡᠯᠠᠠ ᠳᠠᠪᠰᠢᠬᠤ ᠪᠠ ᠬᠦᠭᠵᠢᠯ ᠵᠢᠷᠭᠠᠯ ᠢ ᠨᠢ ᠬᠤᠷᠤᠶᠢᠯᠠᠨ ᠳᠠᠭᠤᠳᠠᠭᠰᠠᠠ ᠪᠡᠯᠭᠡᠳᠡᠯ ᠤᠨ ᠳᠤᠭ ᠳᠠᠯᠪᠠᠭ᠎ᠠ ᠪᠤᠯᠬᠤ ᠶᠤᠮ ᠃     

       ᠠᠯᠢ ᠡᠷᠳᠠ ᠡᠴᠠ ᠠᠪᠤᠭᠠᠳ ᠮᠤᠩᠭᠤᠯ ᠨᠤᠳᠤᠭ ᠲᠤ ᠭᠡᠢ ᠮᠤᠷᠢ ᠪᠠᠨ  ᠬᠡᠶᠢᠰᠭᠡᠵᠦ ᠮᠠᠨᠳᠤᠭᠤᠯᠪᠠᠯ ᠠᠯᠢᠪᠠ ᠦᠢᠯᠠᠰ ᠰᠠᠭᠠᠳ ᠦᠬᠡᠢ ᠪᠦᠳᠦᠨ᠎ᠠ ᠬᠡᠵᠤ ᠦᠵᠡᠭᠡᠳ ᠡᠳᠦᠬᠡ ᠪᠤᠯᠳᠠᠯ᠎ᠠ ᠤᠯᠠᠮᠵᠢᠯᠠᠵᠤ ᠢᠷᠡᠭᠰᠡᠠ ᠶᠤᠮ ᠃ ᠭᠡᠬᠦ ᠳ᠋ᠡᠭᠡᠨ ᠤᠤᠯ ᠵᠠᠩ ᠦᠢᠯᠠ ᠨᠤᠳᠤᠭ ᠲᠤ ᠠᠳᠠᠯᠢ ᠦᠬᠡᠢ ᠪᠠᠶᠢᠳᠠᠭ᠃ ᠵᠢᠱᠢᠶᠠᠯᠠᠪᠠᠯ ᠄ ᠤᠷᠳᠤᠰ ᠂ ᠪᠠᠶᠠᠨᠨᠠᠭᠤᠷ ᠂ ᠠᠯᠠᠱᠠ ᠳ᠋ᠤ ᠭᠡᠢ ᠮᠤᠷᠢ ᠶ᠋ᠢᠨ ᠵᠠᠯ᠎ᠠ ᠳᠠᠷᠴᠤᠭ ᠢ  ᠬᠡᠶᠢᠰᠭᠡᠳᠡᠭ ᠪᠤᠯ ᠡᠵᠠᠨ᠎ᠠ ᠨᠤᠳᠤᠭ ᠲᠤ ᠭᠡᠢ ᠮᠤᠷᠢ ᠪᠠᠷᠯᠠᠬᠰᠠᠠ ᠪᠦᠰ ᠳᠠᠷᠴᠤᠭ ᠢ ᠨᠠᠷᠢᠠ ᠤᠷᠳᠤ ᠮᠤᠳᠤᠠ ᠳ᠋ᠤ ᠤᠶᠠᠵᠤ ᠬᠡᠶᠢᠰᠭᠡᠳᠡᠭ ᠵᠠᠩᠰᠢᠯ ᠲᠠᠢ ᠃ ᠡᠷᠳᠠ ᠤᠷᠢᠳᠤ ᠡᠴᠠ ᠤᠯᠠᠮᠵᠢᠯᠠᠯ ᠲᠠᠢ ᠡᠨᠡᠬᠦ ᠶᠤᠰᠤ ᠵᠠᠩᠰᠢᠯ ᠤᠨ ᠳᠤᠬᠠᠢ ᠡᠷᠳᠠᠮᠳᠠᠠ ᠮᠡᠷᠭᠡᠳ ᠠᠳᠠᠯᠢ ᠪᠤᠰᠤ ᠳᠠᠯ᠎ᠠ ᠡᠴᠠ ᠰᠤᠳᠤᠯᠭ᠎ᠠ ᠪᠠᠨ ᠦᠷᠬᠦᠯᠵᠢᠯᠡᠬᠦᠯᠦᠭᠰᠡᠭᠡᠷ  ᠪᠠᠶᠢᠭ᠎ᠠ ᠶᠤᠮ ᠃ ᠶᠠᠷᠤ ᠨᠢ ᠰᠢᠷ᠎ᠠ ᠶ᠋ᠢᠨ  ᠱᠠᠰᠢᠠ ᠮᠤᠩᠭᠤᠯ ᠤᠷᠤᠠ ᠳ᠋ᠤ ᠳᠡᠯᠭᠡᠷᠡᠬᠦ ᠶ᠋ᠢ ᠳᠠᠭᠠᠯᠳᠤᠠ ᠳᠦᠪᠠᠳ ᠤᠨ 《ᠰᠠᠯᠬᠢᠠ ᠮᠤᠷᠢᠠ》 ᠤ  ᠰᠤᠶᠤᠯ ᠨᠢ ᠮᠤᠩᠭᠤᠯ ᠤᠨ ᠤᠯᠠᠮᠵᠢᠯᠠᠯᠳᠤ ᠳᠠᠬᠢᠯᠭ᠎ᠠ ᠶ᠋ᠢᠨ ᠵᠠᠩ ᠦᠢᠯᠠ ᠳ᠋ᠤ ᠠᠭᠤᠰᠤᠠ ᠰᠢᠩᠭᠡᠵᠤ ᠂ ᠭᠡᠢ ᠮᠤᠷᠢ ᠶ᠋ᠢᠨ ᠳᠠᠬᠢᠯᠭ᠎ᠠ ᠶ᠋ᠢᠨ ᠰᠤᠶᠤᠯ ᠢ ᠪᠤᠢ ᠪᠤᠯᠭᠠᠬᠰᠠᠠ ᠭᠡᠵᠤ ᠦᠵᠠᠵᠤ ᠪᠤᠯᠤᠮᠠᠷ ᠃ ᠡᠨᠠ ᠳᠤᠬᠠᠢ ᠡᠷᠳᠠᠮᠳᠠᠠ ᠳ᠋᠊ · ᠳᠠᠶᠠ 《 ᠤᠷᠳᠤᠰ ᠭᠡᠢ ᠮᠤᠷᠢ》 ᠪᠤᠯ ᠮᠤᠩᠭᠤᠯ ᠳᠦᠪᠠᠳ ᠤᠨ ᠰᠤᠶᠤᠯ ᠤᠨ ᠤᠷᠭᠠᠨᠢᠭ ᠨᠢᠬᠡᠳᠦᠯ ᠤᠨ ᠦᠷ᠎ᠠ ᠪᠦᠳᠦᠭᠡᠯ ᠮᠦᠠ ᠭᠡᠵᠤ ᠭᠡᠢ ᠮᠤᠷᠢ ᠶ᠋ᠢᠨ ᠢᠷᠠᠯᠳᠠ ᠶ᠋ᠢ ᠳᠤᠪᠴᠢ ᠪᠠᠷ ᠨᠤᠳᠠᠯᠠᠬᠰᠠᠠ  ᠪᠠᠶᠢᠳᠠᠭ᠃      

      ᠭᠡᠢ ᠮᠤᠷᠢ ᠬᠡᠶᠢᠰᠭᠡᠬᠦ ᠨᠢ  ᠪᠠᠶᠢᠭᠠᠯᠢ ᠳᠡᠯᠡᠬᠡᠢ ᠪᠠ ᠳᠡᠭᠷᠢ ᠪᠤᠷᠬᠠᠠ ᠢ ᠪᠠᠶᠠᠰᠬᠠᠵᠤ ᠂ ᠳᠠᠬᠦᠠ ᠤ ᠢᠪᠡᠭᠡᠯ  ᠢᠶᠠᠷ  ᠰᠠᠶᠢᠨ  ᠰᠠᠶᠢᠬᠠᠨ ᠠᠵᠤ ᠵᠢᠷᠭᠠᠯ ᠲᠠᠢ ᠪᠠᠶᠢᠬᠤ ᠶ᠋ᠢ ᠪᠡᠯᠬᠡᠳᠡᠵᠤ  ᠪᠠᠶᠢᠬᠤ ᠤᠴᠢᠷ ᠲᠠᠢ ᠶᠤᠮ ᠃ ᠮᠤᠩᠭᠤᠯᠴᠤᠳ 《 ᠭᠡᠢ ᠮᠤᠷᠢ》 ᠶ᠋ᠢ ᠳᠡᠭᠡᠳᠤ ᠳᠡᠭᠷᠢ ᠯᠦᠭᠡ ᠶᠠᠮᠠᠷ ᠨᠢᠬᠡᠠ ᠨᠢᠬᠳᠠ ᠬᠤᠯᠪᠤᠭ᠎ᠠ ᠲᠠᠢ ᠨᠢᠭᠤᠴᠠ ᠳᠠᠯᠳᠠ ᠢᠳᠠ ᠬᠦᠴᠦ ᠷᠢᠳᠢ ᠰᠢᠳᠢ ᠲᠠᠢ ᠭᠡᠵᠤ ᠦᠵᠡᠭᠡᠳ 《 ᠭᠡᠢ ᠮᠤᠷᠢ》 ᠪᠠᠷ ᠢᠶᠡᠨ ᠳᠠᠮᠵᠢᠭᠤᠯᠤᠠ ᠮᠦᠩᠭᠡ ᠳᠡᠭᠷᠢ ᠶ᠋ᠢ ᠰᠢᠳᠤᠵᠤ  ᠪᠠᠶᠢᠬᠤ ᠶᠠᠪᠤᠳᠠᠯ ᠬᠡᠵᠤ ᠭᠡᠯᠡᠵᠤ ᠪᠤᠯᠤᠮᠠᠷ ᠃      

       ᠭᠡᠢ ᠮᠤᠷᠢ ᠬᠡᠶᠢᠰᠭᠡᠬᠦ ᠶᠤᠰᠤ ᠪᠤᠯ ᠤᠷᠳᠤᠰ ᠂ ᠠᠯᠠᠱᠠ ᠂ ᠡᠵᠠᠨ᠎ᠠ ᠶ᠋ᠢᠨ ᠮᠤᠩᠭᠤᠯᠴᠤᠳ ᠤᠨ ᠳᠤᠮᠳᠠ ᠨᠠᠯᠢᠶᠠᠳ ᠳᠦᠭᠡᠮᠠᠯ ᠴᠢᠨᠠᠷᠳᠠᠢ ᠤᠯᠠᠮᠵᠢᠯᠠᠬᠳᠠᠵᠤ ᠢᠷᠡᠭᠰᠡᠠ ᠶᠤᠰᠤ ᠵᠠᠩᠰᠢᠯ ᠪᠤᠯᠬᠤ ᠶᠤᠮ ᠃ ᠡᠵᠠᠨ᠎ᠠ ᠮᠤᠩᠭᠤᠯᠴᠤᠳ ᠭᠡᠢ ᠮᠤᠷᠢ ᠶ᠋ᠢ ᠨᠠᠰᠤᠠ ᠤᠷᠳᠤᠳᠬᠠᠬᠤ ᠶ᠋ᠢᠨ ᠪᠡᠯᠭᠡᠳᠡᠯ ᠂ ᠠᠯᠢᠪᠠ ᠦᠢᠯᠠᠰ ᠰᠠᠭᠠᠳ ᠦᠬᠡᠢ ᠪᠦᠳᠦᠬᠦ ᠶ᠋ᠢᠨ ᠪᠡᠯᠭᠡᠳᠡᠯ ᠂ ᠭᠡᠰᠢᠭ ᠪᠤᠶᠠᠠ ᠬᠤᠷᠠᠬᠤ ᠶ᠋ᠢᠨ ᠪᠡᠯᠭᠡᠳᠡᠯ ᠂ ᠡᠷᠦᠬᠡ ᠭᠡᠷ ᠢᠶᠡᠨ ᠦᠬᠡᠳᠡ ᠳᠠᠳᠠᠬᠤ ᠶ᠋ᠢᠨ ᠪᠡᠯᠭᠡᠳᠡᠯ ᠭᠡᠮᠠᠠ ᠳᠡᠭᠡᠳᠤᠯᠠᠠ ᠦᠵᠠᠵᠤ ᠂ ᠳᠠᠬᠦᠠ ᠢ ᠪᠤᠳᠠᠳᠤ ᠠᠵᠤ ᠠᠮᠢᠳᠤᠷᠠᠯ ᠤᠨ ᠳᠤᠮᠳᠠ ᠪᠠᠨ ᠰᠦᠰᠦᠭᠯᠡᠠ ᠰᠢᠳᠤᠵᠤ ᠢᠷᠡᠭᠰᠡᠠ ᠡᠴᠠ ᠭᠡᠢ ᠮᠤᠷᠢ ᠮᠠᠨᠳᠤᠬᠤ ᠶ᠋ᠢ  ᠲᠤᠶᠢᠯ  ᠢᠶᠠᠷ ᠡᠷᠬᠢᠮᠯᠠᠵᠤ ᠂ ᠭᠡᠢ ᠮᠤᠷᠢ ᠭᠡᠪᠳᠡᠬᠦ ᠶ᠋ᠢ ᠲᠤᠶᠢᠯ ᠢᠶᠠᠷ ᠬᠢᠴᠢᠶᠡᠳᠡᠭ ᠵᠤᠷᠰᠢᠯ ᠲᠠᠢ ᠪᠤᠯᠤᠬᠰᠠᠠ ᠢᠶᠠᠷ ᠳᠠᠳᠠᠠ ᠤ ᠳᠤᠮᠳᠠ ᠭᠡᠢ ᠮᠤᠷᠢ ᠪᠠᠨ ᠮᠠᠨᠳᠤᠭᠤᠯᠬᠤ ᠶ᠋ᠢ ᠬᠦᠰᠡᠭᠰᠡᠠ ᠂ ᠭᠡᠢ ᠮᠤᠷᠢ ᠳ᠋ᠤ ᠬᠤᠯᠪᠤᠭᠳᠠᠬᠤ ᠵᠠᠩᠰᠢᠯ ᠪᠤᠯᠤᠠ ᠭᠡᠯᠡᠯᠭᠡ ᠦᠷᠭᠡᠠ ᠢᠶᠠᠷ ᠳᠡᠯᠬᠡᠷᠡᠵᠤ ᠢᠷᠡᠭᠰᠡᠠ  ᠪᠠᠶᠢᠳᠠᠭ ᠃ ᠵᠢᠱᠢᠶᠠᠯᠠᠪᠠᠯ ᠂ 《 ᠭᠡᠢ ᠮᠤᠷᠢ ᠶ᠋ᠢᠨ ᠪᠠᠭᠤᠴᠠ ᠡᠳᠤᠷ ᠭᠡᠢ ᠮᠤᠷᠢ ᠪᠠᠨ ᠬᠡᠶᠢᠰᠭᠡᠵᠦ ᠂ ᠭᠡᠢ ᠮᠤᠷᠢ ᠶ᠋ᠢᠨ ᠰᠠᠩ ᠤᠩᠰᠢᠭᠤᠯᠪᠠᠯ ᠭᠡᠢ ᠮᠤᠷᠢ ᠰᠡᠷᠭᠦᠳᠡᠭ》᠂ 《 ᠴᠠᠭᠠᠠ ᠰᠠᠷ᠎ᠠ ᠶ᠋ᠢᠨ ᠰᠢᠨ᠎ᠠ ᠶ᠋ᠢᠨ ᠨᠢᠭᠡᠠ ᠤ ᠦᠷᠦᠬᠦᠠ ᠭᠡᠢ ᠮᠤᠷᠢ ᠶ᠋ᠢᠨ ᠵᠦᠭ ᠲᠤ ᠮᠦᠷ ᠢᠶᠡᠨ ᠭᠠᠷᠭᠠᠭᠠᠳ ᠵᠦᠪ ᠡᠷᠬᠢᠵᠤ ᠭᠡᠰᠢᠭ ᠪᠤᠶᠠᠠ ᠤ ᠵᠦᠭ ᠡᠴᠠ ᠬᠠᠷᠢᠵᠤ ᠢᠷᠡᠳᠡᠭ ᠂ ᠢᠩᠬᠢᠪᠠᠯ ᠨᠢᠭᠡ ᠵᠢᠯ ᠳ᠋ᠡᠭᠡᠨ ᠭᠡᠢ ᠮᠤᠷᠢ ᠲᠠᠢ ᠶᠠᠪᠤᠨ᠎ᠠ》 ᠂ 《ᠳᠠᠬᠢᠯᠭᠠᠠ ᠤᠪᠤᠭᠠᠠ ᠳ᠋ᠤ ᠭᠡᠢ ᠮᠤᠷᠢ ᠶ᠋ᠢᠨ ᠳᠠᠷᠴᠤᠭ ᠢᠶᠡᠨ ᠠᠪᠠᠴᠢᠵᠤ  ᠬᠡᠶᠢᠰᠭᠡᠪᠡᠯ ᠬᠡᠢ ᠮᠤᠷᠢ ᠰᠡᠷᠬᠦᠨ᠎ᠠ ᠂ ᠦᠨᠳᠤᠷ ᠠᠭᠤᠯᠠ ᠶ᠋ᠢᠨ ᠤᠷᠤᠢ ᠪᠤᠶᠤ ᠦᠨᠳᠤᠷ ᠪᠦᠭᠡᠷᠡᠭ ᠤᠨ ᠤᠷᠤᠢ ᠳ᠋ᠤ ᠭᠠᠷᠴᠤ ᠬᠤᠪᠴᠠᠰᠤ ᠬᠤᠨᠠᠷ ᠢᠶᠡᠨ ᠬᠦᠪᠢᠬᠦ ᠪᠤᠶᠤ ᠮᠠᠯᠠᠭᠠᠢ ᠪᠠᠨ ᠬᠦᠪᠢᠪᠠᠯ ᠭᠡᠢ ᠮᠤᠷᠢ ᠰᠡᠷᠭᠦᠳᠡᠭ》᠂ ᠤᠪᠤᠭᠠᠠ ᠨᠠᠶᠢᠷ ᠲᠤ ᠪᠠᠷᠢᠯᠳᠤᠵᠤ ᠪᠤᠯᠬᠤ ᠡᠷᠡᠭᠳᠡᠢ ᠬᠦᠮᠦᠨ ᠪᠦᠬᠦᠳᠠ ᠪᠦᠭᠡ ᠳ᠋ᠤ ᠤᠷᠤᠯᠴᠠᠵᠤ 《 ᠤᠪᠤᠭᠠᠠ ᠳ᠋ᠤ ᠳᠤᠭᠤᠰᠤ ᠪᠠᠨ ᠡᠷᠬᠦᠵᠤ ᠂ ᠭᠡᠢ ᠮᠤᠷᠢ ᠪᠠᠨ ᠰᠡᠷᠭᠦᠭᠡᠨ᠎ᠠ》 ᠂ 《ᠨᠠᠷ᠎ᠠ ᠴᠤᠯᠠ ᠲᠠᠢ ᠪᠦᠭᠡᠴᠢᠨ ᠤ ᠬᠦᠯᠦᠰᠤ ᠶ᠋ᠢ ᠮᠠᠩᠨᠠᠢ ᠳᠠᠭᠠᠨ ᠳᠦᠷᠬᠢᠪᠠᠯ ᠭᠡᠢ ᠮᠤᠷᠢ ᠰᠡᠷᠭᠦᠨ᠎ᠠ》 ᠂《 ᠯᠠᠮᠠ ᠪᠠᠷ ᠨᠤᠮ  ᠤᠩᠰᠢᠭᠤᠯᠵᠤ ᠨᠢᠭᠤᠷ ᠭᠠᠷ ᠢᠶᠡᠨ ᠤᠬᠢᠶᠠᠯᠭᠠᠬᠤ ᠂ ᠠᠯᠢᠪᠠ ᠶ᠋ᠢ ᠠᠷᠢᠯᠭᠠᠬᠤ ᠰᠤᠳᠤᠷ ᠨᠤᠮ ᠢᠶᠠᠷ ᠪᠠᠶ᠎ᠠ ᠳ᠋ᠡᠭᠡᠨ ᠠᠳᠢᠰ ᠳᠠᠯᠪᠢᠭᠤᠯᠪᠠᠯ ᠭᠡᠢ ᠮᠤᠷᠢ ᠰᠡᠷᠭᠦᠨ᠎ᠠ》《 ᠴᠢᠨ᠋ᠸ᠎ᠠ ᠶ᠋ᠢᠨ ᠱᠠᠭ᠎ᠠ ᠶ᠋ᠢ ᠪᠠᠶ᠎ᠠ ᠳ᠋ᠡᠭᠡᠨ ᠠᠪᠴᠤ ᠶᠠᠪᠤᠪᠠᠯ ᠭᠡᠢ ᠮᠤᠢ ᠰᠡᠷᠭᠦᠨ᠎ᠠ》 ᠂ 《 ᠵᠠᠮ ᠬᠦᠭᠡᠭᠡᠵᠤ  ᠪᠠᠶᠢᠬᠤ ᠳ᠋ᠤ ᠭᠡᠨᠡᠳᠳᠡ ᠠᠳᠤᠭᠤ ᠳᠠᠭᠠᠷᠠᠯᠳᠤᠪᠠᠯ ᠭᠡᠢ ᠮᠤᠷᠢ ᠲᠠᠢ》 ᠭᠡᠵᠤ ᠪᠡᠯᠭᠡᠰᠢᠶᠡᠬᠦ ᠂ 《 ᠭᠡᠢ ᠮᠤᠷᠢ ᠶ᠋ᠢᠨ ᠳᠠᠷᠴᠤᠭ  ᠬᠡᠶᠢᠰᠭᠡᠪᠡᠯ ᠠᠳᠤᠭᠤ ᠮᠠᠯ ᠴᠠᠰᠢ ᠶᠠᠪᠤᠬᠤ ᠦᠬᠡᠢ》ᠭᠡᠬᠦ ᠭᠡᠯᠡᠯᠬᠡ ᠶᠠᠷᠢᠬᠳᠠᠵᠤ  ᠪᠠᠶᠢᠳᠠᠭ ᠪᠦᠭᠡᠳ ᠠᠮᠠᠠ ᠪᠡᠯᠭᠡ ᠶ᠋ᠢᠨ ᠢᠷᠦᠬᠡᠯ ᠳ᠋ᠤ 《ᠭᠡᠢ ᠮᠤᠷᠢ ᠨᠢ ᠳᠡᠭᠳᠡᠵᠤ ᠭᠡᠰᠢᠭ ᠪᠤᠶᠠᠠ ᠨᠢ ᠳᠠᠯᠭᠡᠷᠡ》ᠭᠡᠬᠦ ᠪᠤᠶᠤ ᠬᠤᠯᠠ ᠠᠶᠠᠠ ᠳ᠋ᠤ ᠶᠠᠪᠤᠬᠤ ᠬᠦᠮᠦᠨ ᠢ 《 ᠭᠡᠢ ᠮᠤᠷᠢ ᠲᠠᠢ ᠶᠠᠪᠤᠭᠠᠷᠠᠢ》ᠭᠡᠬᠦ ᠮᠠᠳᠤ ᠪᠠᠷ ᠢᠷᠦᠬᠡᠳᠡᠭ ᠵᠠᠩᠰᠢᠯ ᠲᠠᠢ ᠶᠤᠮ ᠃ ᠡᠬᠦᠠ ᠡᠴᠠ ᠭᠠᠳᠠᠨ᠎ᠠ ᠤᠨᠤᠭ᠎ᠠ ᠮᠠᠯ ᠤᠨ ᠭᠡᠢ ᠮᠤᠷᠢ ᠶ᠋ᠢ ᠰᠡᠷᠭᠦᠬᠡᠬᠦ ᠵᠠᠩ ᠦᠢᠯᠠ ᠴᠦ  ᠪᠠᠶᠢᠳᠠᠭ᠃ ᠵᠢᠱᠢᠶᠠᠯᠠᠪᠠᠯ ᠂ ᠴᠠᠭᠠᠠ ᠰᠢᠷ᠎ᠠ ᠳᠡᠮᠡᠭᠡ ᠵᠤᠬᠳᠤᠷᠯᠠᠬᠤ ᠨᠢ ᠤᠨᠤᠭ᠎ᠠ ᠮᠠᠯ ᠢᠶᠡᠨ ᠭᠤᠶᠤᠯᠠᠠ ᠂ ᠭᠡᠢ ᠮᠤᠷᠢ ᠶ᠋ᠢ ᠨᠢ ᠰᠡᠷᠭᠦᠭᠡᠵᠤ ᠪᠠᠶᠢᠬᠤ ᠤᠴᠢᠷ ᠲᠠᠢ ᠃       

        ᠦᠩᠭᠡᠷᠡᠭᠰᠡᠠ ᠳ᠋ᠤ  ᠠᠶᠢᠯ ᠡᠷᠦᠬᠡ ᠪᠤᠶᠤ ᠬᠤᠪᠢ ᠬᠦᠮᠦᠨ ᠡᠯ᠎ᠠ ᠳᠠᠯ᠎ᠠ ᠪᠠᠷ  ᠲᠤᠷᠤᠶᠢᠳᠠᠨ ᠪᠠᠭᠤᠷᠠᠬᠤ ᠪᠠᠶᠢᠳᠠᠯ ᠭᠠᠷᠪᠠᠯ ᠵᠢᠷᠤᠬᠠᠶᠢᠴᠢ ᠯᠠᠮᠠ ᠪᠤᠶᠤ ᠯᠠᠮᠠ ᠭᠡᠭᠡᠠ ᠢᠶᠠᠷ ᠵᠢᠷᠤᠬᠠᠢ ᠦᠵᠡᠬᠦᠯᠵᠤ ᠂ ᠠᠪᠤᠷᠠᠯ  ᠬᠠᠶᠢᠷᠠᠯᠠᠯ ᠭᠤᠶᠤᠴᠢᠯᠠᠵᠤ ᠂ ᠡᠷᠭᠦᠯ ᠮᠦᠷᠬᠦᠯ ᠢ ᠬᠦᠢᠴᠡᠳᠭᠡᠳᠡᠭ  ᠪᠠᠶᠢᠵᠠᠢ ᠃ ᠵᠢᠷᠤᠬᠠᠶᠢᠴᠢ ᠯᠠᠮᠠ ᠪᠤᠶᠤ ᠭᠡᠭᠡᠠ ᠡᠴᠠ ᠭᠡᠢ ᠮᠤᠷᠢ ᠨᠢ ᠭᠡᠪᠳᠡᠭᠰᠡᠠ ᠪᠠᠶᠢᠨ᠎ᠠ ᠬᠡᠵᠤ ᠦᠵᠡᠭᠡᠳ 《ᠰᠦᠨᠠᠰᠤ ᠪᠠᠨ ᠳᠠᠭᠤᠳᠠᠭᠤᠯᠵᠤ ᠂ ᠭᠡᠢ ᠮᠤᠷᠢ ᠶ᠋ᠢᠨ ᠳᠠᠷᠴᠤᠭ  ᠬᠡᠶᠢᠰᠭᠡ》 ᠭᠡᠬᠦ ᠪᠤᠶᠤ 《ᠬᠡᠢ ᠮᠤᠷᠢ ᠶ᠋ᠢᠨ ᠰᠠᠩ ᠤᠩᠰᠢᠭᠤᠯᠵᠤ ᠂ ᠭᠡᠢ ᠮᠤᠷᠢ ᠶ᠋ᠢᠨ ᠳᠠᠷᠴᠤᠭ ᠬᠡᠶᠢᠰᠦᠭᠡ》ᠭᠡᠵᠤ ᠠᠪᠤᠷᠠᠯ ᠬᠠᠶᠢᠷᠠᠯᠠᠨ᠎ᠠ᠃ ᠶᠠᠷᠤ ᠳᠡᠭᠡᠭᠡᠳ ᠠᠪᠤᠷᠠᠯ  ᠬᠠᠶᠢᠷᠠᠯᠠᠭᠰᠠᠨ ᠶᠤᠰᠤ ᠪᠠᠷ ᠰᠦᠨᠠᠰᠤ ᠪᠠᠨ ᠳᠠᠭᠤᠳᠠᠭᠤᠯᠬᠤ ᠪᠤᠶᠤ ᠭᠡᠢ ᠮᠤᠷᠢ ᠶ᠋ᠢᠨ ᠰᠠᠩ ᠤᠩᠰᠢᠭᠤᠯᠵᠤ ᠂ ᠭᠡᠢ ᠮᠤᠷᠢ ᠪᠠᠨ  ᠬᠡᠶᠢᠰᠭᠡᠭᠰᠡᠨ ᠤ  ᠳᠠᠷᠠᠭ᠎ᠠ ᠴᠤᠭ ᠰᠦᠯᠳᠠ ᠲᠠᠢ ᠪᠤᠯᠵᠤ ᠬᠡᠢ ᠮᠤᠷᠢ ᠰᠡᠷᠭᠦᠯ᠎ᠠ ᠭᠡᠵᠤ ᠦᠵᠡᠳᠡᠭ ᠃ ᠡᠨᠠ ᠨᠢ ᠳᠠᠳᠠᠠ ᠤ ᠤᠶᠤᠠ ᠰᠠᠨᠠᠭᠠᠠ ᠤ ᠳᠠᠯ᠎ᠠ ᠪᠠᠷ ᠬᠢ  ᠲᠠᠶᠢᠳᠬᠤᠷᠠᠯ  ᠪᠤᠯᠤᠨ᠎ᠠ ᠃ ᠤᠴᠢᠷ ᠨᠢ ᠬᠡᠢ ᠮᠤᠷᠢ ᠳ᠋ᠤ ᠮᠤᠩᠭᠤᠯᠴᠤᠳ ᠤᠨ ᠬᠦᠰᠠᠯᠠᠩ ᠤᠨ ᠪᠡᠯᠭᠡ ᠳᠡᠮᠳᠡᠭ ᠂ ᠴᠤᠭ ᠰᠦᠯᠳᠠ ᠶ᠋ᠢᠨ ᠪᠡᠯᠭᠡᠳᠡᠯ ᠂ ᠡᠩᠭᠡ ᠰᠠᠶᠢᠬᠠᠨ ᠤ ᠢᠷᠦᠬᠡᠯ ᠵᠡᠷᠭᠡ  ᠰᠠᠶᠢᠨ  ᠰᠠᠶᠢᠬᠠᠨ ᠤ ᠰᠤᠳᠤ ᠪᠦᠬᠦᠳᠠ ᠶ᠋ᠢ ᠪᠠᠭᠳᠠᠭᠠᠠ ᠰᠢᠩᠭᠡᠭᠡᠭᠰᠡᠠ ᠳ᠋ᠤ  ᠪᠠᠶᠢᠬᠤ ᠶᠤᠮ ᠃      (《 ᠡᠵᠠᠨ᠎ᠠ ᠳᠤᠷᠭᠤᠳ ᠤᠨ ᠶᠤᠰᠤ ᠵᠠᠩᠰᠢᠯ ᠤᠨ ᠤᠯᠠᠮᠵᠢᠯᠠᠯ ᠰᠢᠨᠠᠴᠢᠯᠠᠯ》 ᠨᠤᠮ ᠡᠴᠠ ᠨᠠᠮᠤᠷ  ᠨᠠᠶᠢᠷᠠᠭᠤᠯᠤᠨ ᠠᠪᠤᠪᠠ)

ᠢᠷᠡᠯᠳᠡ᠄ ᠬᠤᠯᠪᠤᠭ᠎ᠠ ᠰᠦᠯᠵᠢᠶ᠎ᠡ ᠡᠴᠡ ᠨᠠᠶᠢᠷᠠᠭᠤᠯᠤᠭᠴᠢ᠄ ᠪᠤᠤ ᠵᠢᠨ ᠯᠢᠶᠠᠨ