ᠨᠢ᠋ᠮᠠᠨ ᠬᠣᠰᠢ᠍ᠭᠣ 5 ᠲᠦᠮᠡᠨ ᠮᠤ᠋ ᠪᠠᠷᠢ᠍ᠮᠵᠢ᠍ᠶᠠᠯᠠᠭᠰᠡᠨ ᠡᠮ ᠤᠨ ᠮᠠᠲ᠋ᠸᠷᠢ᠍ᠶᠠᠯ ᠤᠨ ᠰᠠᠭᠣᠷᠢ᠍ᠨ ᠭᠠᠵᠠᠷ ᠤᠨ ᠪᠦᠳ᠋ᠣᠭᠡᠨ ᠪᠠᠶᠢᠭᠤᠯᠤᠯᠲᠠ ᠶᠢ ᠢᠳ᠋ᠡᠪᠬᠢᠲᠠᠢ ᠲᠦᠯᠬᠢᠨ ᠠᠬᠢᠭᠣᠯᠵᠣ ᠪᠠᠶᠢᠨ᠎ᠠ

ᠣᠩᠰᠢᠭᠰᠠᠨ ᠤᠳᠠᠭ᠎ᠠ ᠄ 9961     ᠨᠡᠶᠢᠳᠡᠯᠡᠭᠰᠡᠨ ᠴᠠᠭ ᠄ 2016/5/1 11:21:13

     ᠦᠨᠣ ᠵᠢᠯ ᠂ ᠨᠢ᠋ᠮᠠᠨ ᠬᠣᠰᠢ᠍ᠭᠣ ᠾᠸᠪᠸᠢ ᠮᠣᠵᠢ ᠶᠢᠨ ᠠᠨ ᠬᠦᠸᠸ ᠬᠣᠳ᠋ᠠ ᠲᠡᠶ  ᠨᠦᠭᠦᠷᠰᠡᠭ ᠬᠣᠳ᠋ᠠ ᠬᠣᠰᠢ᠍ᠭᠣ ᠪᠣᠯᠣᠭᠰᠠᠨ ᠠᠵᠠ ᠵᠠᠪᠰᠢ᠍ᠶᠠᠨ ᠢ ᠴᠢ᠍ᠡᠭ᠍ᠭ᠎ᠠ ᠠᠳᠬᠣᠨ ᠠᠪᠴᠣ ᠂ 5  ᠲᠦᠮᠡᠨ ᠮᠤ᠋ ᠪᠠᠷᠢ᠍ᠮᠵᠢ᠍ᠶᠠᠯᠠᠭᠰᠡᠨ ᠡᠮ ᠤᠨ ᠮᠠᠲ᠋ᠸᠷᠢ᠍ᠶᠠᠯ ᠤᠨ ᠰᠢ᠍ᠨ᠎ᠠ ᠰᠠᠭᠣᠷᠢ᠍ᠨ ᠭᠠᠵᠠᠷ ᠢ  ᠪᠠᠶᠢᠭᠤᠯᠵᠤ᠂ ᠡᠮ ᠤᠨ ᠮᠠᠲ᠋ᠸᠷᠢ᠍ᠶᠠᠯ ᠤᠨ ᠠᠵᠣ  ᠦᠢᠯᠡᠰ ᠢ ᠶᠡᠬᠡᠪᠡᠷ ᠬᠦᠴᠣᠷᠭᠡᠭ᠍ᠵᠢ᠍ᠬᠦᠯᠵᠣ ᠂ ᠶᠠᠳ᠋ᠠᠭᠣ ᠬᠦᠴᠢ᠍ᠷᠳ᠋ᠠᠯᠳ᠋ᠠᠢ ᠣᠯᠠᠨ  ᠲᠦᠮᠡᠨ ᠤ ᠶᠠᠳ᠋ᠠᠭᠣ ᠡᠴᠡ ᠠᠡᠭ᠍ᠬᠢᠵᠢ᠍ᠷᠠᠭᠣᠯᠬᠣ ᠠᠬᠢᠴᠡ ᠶᠢ  ᠲᠦᠷᠭᠡᠳᠭᠡᠨ᠎ᠡ᠃

    ᠦᠨᠣ ᠬᠡᠳ᠋ᠣᠨ ᠡᠳ᠋ᠣᠷ ᠂ ᠲᠠᠴᠢ᠍ᠨᠳ᠋ᠠᠯ᠎ᠠ ᠪᠠᠯᠭᠠᠰᠣ ᠶᠢᠨ ᠰᠢᠶᠠᠨᠹᠸᠩ ᠲᠣᠰᠬᠣᠨ ᠶᠠᠳ᠋ᠠᠭᠣ ᠬᠦᠴᠢ᠍ᠷᠳ᠋ᠡᠯᠳ᠋ᠣ ᠣᠯᠠᠨ  ᠲᠦᠮᠡᠨ ᠪᠠ ᠲᠠᠷᠢ᠍ᠮᠠᠯ ᠡᠷᠣᠭᠡ ᠶᠢ ᠵᠣᠬᠢᠶᠠᠨ  ᠪᠠᠶᠢᠭᠤᠯᠵᠤ ᠣᠷᠢ᠍ᠨ ᠲᠣᠯᠠᠭᠠᠨ ᠢ ᠠᠰᠢ᠍ᠭᠯᠠᠵᠣ ᠰᠢ᠍ᠯᠵᠢ᠍ᠬᠦᠯᠣᠨ  ᠵᠠᠶᠢᠯᠠᠬᠤ ᠡᠮ ᠤᠨ ᠮᠠᠲ᠋ᠸᠷᠢ᠍ᠶᠠᠯ  ᠮᠦᠭᠦᠯᠵᠢ ( ᠷᠸᠭᠣᠠᠪᠠ ) ᠵᠢᠨ ᠴᠢ᠍ᠬᠢ ᠶᠢ ᠵᠠᠶᠢᠯᠠᠵᠤ ᠪᠠᠶᠢᠨ᠎ᠠ ᠃ ᠦᠨᠣ ᠵᠢᠯ ᠂ ᠲᠠᠴᠢ᠍ᠨᠳ᠋ᠠᠯ᠎ᠠ ᠪᠠᠯᠭᠠᠰᠣ ᠶᠢᠨ ᠰᠢᠶᠠᠨᠹᠸᠩ ᠲᠣᠰᠬᠣᠨ 2300  ᠮᠤ᠋ ᠡᠷᠬᠢᠯᠳ᠋ᠣᠬᠦᠯᠣᠨ ᠰᠢ᠍ᠯᠵᠢ᠍ᠬᠦᠯᠣᠭ᠍ᠰᠡᠨ ᠭᠠᠵᠠᠷ ᠰᠢ᠍ᠷᠣᠢ ᠳᠠᠭᠠᠨ ᠡᠮ ᠤᠨ ᠮᠠᠲ᠋ᠸᠷᠢ᠍ᠶᠠᠯ ᠲᠠᠷᠢ᠍ᠬᠣ ᠳ᠋ᠥ ᠬᠡᠷᠡᠭᠯᠡᠵᠣ ᠂ ᠡᠬᠦᠨ ᠳ᠋ᠥ 500 ᠮᠤ᠋  ᠶᠢᠡᠨ  ᠮᠦᠭᠦᠯᠵᠢ ᠲᠠᠷᠢ᠍ᠵᠣ ᠂ ᠲᠠᠷᠢ᠍ᠮᠠᠯ ᠶᠢᠡᠨ ᠪᠦᠬᠦᠨ ᠢ ᠮᠠᠰᠢ᠍ᠨ ᠶᠢᠡᠷ ᠲᠠᠷᠢ᠍ᠬᠣ ᠪᠣᠯᠣᠨ᠎ᠠ ᠃ ᠡᠨᠡᠬᠦ ᠠᠷᠠᠳ  ᠲᠤ ᠠᠴᠢ ᠲᠣᠰᠠ ᠲᠡᠶ  ᠲᠦᠷᠣᠯ ᠵᠦᠢᠯ ᠨᠢ ᠲᠣᠰᠬᠣᠨ ᠤ ᠠᠷᠠᠳ ᠲᠤ ᠶᠡᠭᠡ ᠰᠣᠨᠢᠷᠬᠠᠯ ᠲᠡᠶ ᠪᠠᠶᠢᠨ᠎ᠠ᠃ ᠣᠷᠴᠢ᠍ᠮ ᠰᠢᠶᠠᠨᠹᠸᠩ ᠲᠣᠰᠬᠣᠨ ᠤ ᠡᠮ ᠤᠨ ᠮᠠᠲ᠋ᠸᠷᠢ᠍ᠶᠠᠯ ᠤᠨ ᠰᠠᠭᠣᠷᠢ᠍ᠨ ᠭᠠᠵᠠᠷ  ᠲᠤ ᠲᠣᠰ ᠬᠣᠰᠢ᠍ᠭᠣᠨ ᠤ ᠨᠠᠮ ᠤᠨ ᠬᠣᠷᠢ᠍ᠶ᠎ᠠ ᠵᠠᠰᠠᠭ ᠤᠨ ᠣᠷᠳ᠋ᠣᠨ ᠨᠢ ᠲᠣᠬᠠᠢ ᠶᠢᠨ ᠲᠠᠯᠠᠪᠠᠢ ᠶᠢᠨ ᠲᠣᠰᠬᠠᠢ ᠬᠣᠷᠠᠯ ᠬᠣᠷᠠᠯᠳ᠋ᠣᠭᠣᠯᠵᠣ ᠡᠮ ᠤᠨ ᠮᠠᠲ᠋ᠸᠷᠢ᠍ᠶᠠᠯ ᠤᠨ ᠠᠵᠣ  ᠦᠢᠯᠡᠰ ᠤᠨ ᠬᠦᠭ᠍ᠵᠢ᠍ᠯᠳ᠋ᠡ ᠳ᠋ᠥ ᠬᠦᠴᠣ ᠨᠡᠮᠡᠨ ᠵᠣᠷᠢ᠍ᠭᠵᠢ᠍ᠭᠣᠯᠣᠯ ᠦᠭ᠍ᠬᠦᠭ᠍ᠰᠡᠨ  ᠪᠠᠶᠢᠨ᠎ᠠ ᠃ 2015 ᠣᠨ ᠳ᠋ᠥ ᠲᠣᠰ ᠬᠣᠰᠢ᠍ᠭᠣ ᠦᠪᠡᠷᠳ᠋ᠡᠭᠡᠨ ᠵᠠᠰᠠᠬᠣ ᠣᠷᠣᠨ ᠤ ᠨᠠᠮ ᠤᠨ ᠬᠣᠷᠢ᠍ᠶᠠᠨ ᠤ ᠪᠠᠶᠢᠩᠭᠤ ᠶᠢᠨ ᠬᠡᠰᠢ᠍ᠬᠦᠨ ᠂ ᠰᠠᠬᠢᠯᠭ᠎ᠠ ᠪᠠᠳ᠋ᠣ ᠶᠢᠨ ᠬᠣᠷᠢ᠍ᠶᠠᠨ ᠤ ᠱᠦ᠋ᠵᠢ   ᠵᠠᠩ ᠯᠢ ᠶᠢᠨ ᠬᠠᠷᠠᠭᠠᠯᠵᠠᠯ ᠪᠣᠯᠣᠨ ᠵᠢᠯᠣᠭᠣᠳ᠋ᠣᠯᠭ᠎ᠠ ᠲᠣᠣᠷ᠎ᠠ ᠂ ᠾᠸᠪᠸᠢ ᠮᠣᠵᠢ ᠶᠢᠨ ᠠᠨ ᠬᠦᠸᠸ ᠬᠣᠳ᠋ᠠ ᠶᠢᠨ ᠵᠠᠰᠠᠭ ᠤᠨ ᠣᠷᠳ᠋ᠣᠨ ᠵᠢᠴᠢ ᠡᠮ ᠤᠨ ᠠᠵᠣ  ᠠᠬᠤᠶᠢᠯᠡᠯ ᠲᠡᠶ ᠰᠠᠭᠣᠷᠢ᠍ᠨ ᠭᠠᠵᠠᠷ ᠢ ᠪᠠᠶᠢᠭᠤᠯᠬᠤ  ᠂ ᠪᠦᠳ᠋ᠣᠭᠡᠭ᠍ᠳ᠋ᠡᠬᠦᠨ ᠢ ᠠᠡᠭ᠍ᠬ᠎ᠠ ᠪᠣᠯᠪᠠᠰᠣᠷᠠᠭᠣᠯᠬᠣ ᠬᠣᠷᠢ᠍ᠶᠠᠨ ᠠᠪᠬᠣ ᠨᠢ᠍ᠬᠡᠨ ᠰᠢ᠍ᠷᠢ᠍ᠰ ᠬᠠᠮᠳ᠋ᠣᠷᠠᠯᠴᠠᠬᠣ ᠬᠡᠯᠡᠯᠴᠡᠭᠡᠷ ᠲᠣᠭᠳ᠋ᠠᠵᠣ ᠂ 2.6 ᠳ᠋ᠦ᠋ᠡᠭ᠍ᠰᠢ᠍ᠭᠣᠷ ᠲᠦᠭᠦᠷᠢᠭ  ᠦᠨ ᠪᠡᠯᠡ ᠣᠷᠣᠭᠣᠯᠵᠣ ᠡᠷᠡᠬᠦᠯ ᠮᠡᠨᠳ᠋ᠣ ᠶᠢᠨ ᠠᠵᠣ  ᠦᠢᠯᠡᠰ ᠤᠨ ᠲᠣᠭᠣᠷᠢ᠍ᠭ ᠤᠨ ᠲᠦᠷᠣᠯ ᠵᠦᠢᠯ  ᠢ ᠣᠷᠣᠭᠣᠯᠣᠨ ᠪᠦᠳ᠋ᠣᠭᠡᠨ  ᠪᠠᠶᠢᠭᠤᠯᠵᠤ᠂ 2015 ᠣᠨ ᠳ᠋ᠥ ᠲᠣᠰ ᠬᠣᠰᠢ᠍ᠭᠣ ᠮᠣᠡᠭ᠍ᠭᠣᠯ ᠬᠢᠳ᠋ᠡᠳ ᠡᠮ ᠤᠨ ᠮᠠᠲ᠋ᠸᠷᠢ᠍ᠶᠠᠯ ᠤᠨ ᠲᠠᠷᠢ᠍ᠮᠠᠯ ᠤᠨ ᠲᠠᠯᠠᠪᠠᠢ ᠨᠢ ᠬᠦᠭ᠍ᠵᠢ᠍ᠬᠡᠳ 1.5  ᠲᠦᠮᠡᠨ ᠮᠤ᠋ ᠳ᠋ᠥ ᠬᠦᠷᠴᠣ ᠂  ᠮᠤ᠋ ᠪᠦᠷᠢ ᠶᠢᠨ ᠦᠷ᠎ᠠ ᠠᠰᠢ᠍ᠭ ᠨᠢ 2000  ᠲᠦᠭᠦᠷᠢᠭ  ᠡᠴᠡ ᠲᠡᠭᠡᠭ᠍ᠰᠢ  ᠪᠠᠶᠢᠵᠤ ᠂ ᠡᠷᠳ᠋ᠡᠨᠢ ᠰᠢ᠍ᠰᠢ ᠵᠡᠷᠭᠡ ᠣᠯᠠᠮᠵᠢ᠍ᠯᠠᠯᠳ᠋ᠣ ᠲᠠᠷᠢ᠍ᠮᠠᠯ ᠡᠴᠡ ᠬᠣᠯᠠ ᠦᠨᠳ᠋ᠣᠷ  ᠪᠠᠶᠢᠵᠤ ᠂ ᠣᠯᠠᠨ ᠲᠦᠮᠡ ᠤ ᠣᠷᠣᠯᠭ᠎ᠠ ᠪᠠᠨ ᠨᠡᠮᠡᠭ᠍ᠳ᠋ᠡᠬᠦᠯᠵᠣ ᠪᠠᠶᠠᠵᠢ᠍ᠨ ᠴᠢ᠍ᠨᠡᠭᠡᠯᠢ᠍ᠭ᠍ᠵᠢ᠍ᠬᠦ ᠰᠢ᠍ᠨ᠎ᠠ ᠠᠷᠭ᠎ᠠ ᠵᠠᠮ ᠪᠣᠯᠣᠭᠰᠠᠨ  ᠪᠠᠶᠢᠨ᠎ᠠ ᠃ ᠦᠨᠣ ᠵᠢᠯ ᠳ᠋ᠥ ᠂  ᠲᠣᠰ ᠬᠣᠰᠢ᠍ᠭᠣ 1.5 ᠳ᠋ᠦ᠋ᠡᠭ᠍ᠰᠢ᠍ᠭᠣᠷ ᠪᠡᠯᠡ ᠣᠷᠣᠭᠣᠯᠵᠣ ᠂ ᠮᠣᠡᠭ᠍ᠭᠣᠯ ᠬᠢᠳ᠋ᠡᠳ ᠡᠮ ᠤᠨ ᠮᠠᠲ᠋ᠸᠷᠢ᠍ᠶᠠᠯ ᠤᠨ ᠪᠠᠷᠢ᠍ᠮᠵᠢ᠍ᠶᠠᠯᠠᠭᠰᠡᠨ ᠰᠠᠭᠣᠷᠢ᠍ᠨ ᠭᠠᠵᠠᠷ ᠢ 5  ᠲᠦᠮᠡᠨ ᠮᠤ᠋ ᠪᠣᠯᠭᠠᠬᠣ ᠪᠡᠷ ᠪᠠᠶᠢᠨ᠎ᠠ ᠃ ᠡᠬᠦᠨ ᠳ᠋ᠥ ᠂  ᠮᠦᠭᠦᠯᠵᠢ ᠂ ᠲᠢ᠍ᠶ‍ᠸ ᠴᠢ ᠂ ᠭᠠᠰᠢ᠍ᠭᠣᠨ ᠣᠷᠬᠣᠳ᠋ᠠᠢ ᠂ ᠢᠮᠠᠭᠠᠨ ᠪᠣᠷᠴᠡ ᠂ ᠬᠦᠬᠦᠷᠭᠡᠨ᠎ᠠ ᠵᠡᠷᠭᠡ ᠠᠷᠪᠠᠨ ᠬᠡᠳ᠋ᠣᠨ  ᠲᠦᠷᠣᠯ ᠪᠠᠶᠢᠨ᠎ᠠ ᠃ ᠬᠣᠰᠢ᠍ᠭᠣ ᠵᠠᠰᠠᠭ ᠤᠨ ᠣᠷᠳ᠋ᠣᠨ ᠨᠢ ᠶᠠᠳ᠋ᠠᠭᠣ ᠬᠦᠴᠢ᠍ᠷᠳ᠋ᠡᠯᠳ᠋ᠣ ᠡᠷᠣᠭᠡ ᠶᠢᠨ ᠲᠠᠷᠢ᠍ᠮᠠᠯ ᠤᠨ ᠨᠢ᠍ᠬᠡ   ᠮᠣ᠋ ᠡᠮ ᠤᠨ ᠮᠠᠲ᠋ᠸᠷᠢ᠍ᠶᠠᠯ ᠳ᠋ᠥ 500  ᠲᠦᠭᠦᠷᠢᠭ ᠤᠨ ᠨᠦᠭᠦᠪᠤᠷᠢ  ᠣᠯᠭᠣᠵᠣ ᠂ ᠦᠷ᠎ᠠ ᠪᠠ ᠬᠢᠮᠢ ᠶᠢᠨ ᠠᠰᠠᠭᠣᠳ᠋ᠠᠯ ᠢ ᠨᠢ  ᠰᠢᠢᠳᠪᠣᠷᠢᠯᠡᠨ  ᠦᠭ᠍ᠴᠡᠢ ᠃ ᠲᠣᠰ ᠬᠣᠰᠢ᠍ᠭᠣᠨ ᠤ ᠵᠠᠰᠠᠭ ᠤᠨ ᠣᠷᠳ᠋ᠣᠨ ᠤ ᠲᠡᠳ᠋ ᠲᠠᠷᠣᠭ᠎ᠠ ᠪᠠᠢ ᠬᠣᠸᠠ 《 2016 ᠣᠨ ᠳ᠋ᠥ ᠪᠢᠳ᠋ᠡ 50000  ᠮᠤ᠋ ᠡᠮ ᠤᠨ ᠮᠠᠲ᠋ᠸᠷᠢ᠍ᠶᠠᠯ ᠲᠠᠷᠢ᠍ᠬᠣ ᠪᠡᠷ  ᠲᠦᠯᠦᠪᠯᠡᠵᠤ ᠂ ᠡᠬᠦᠨ ᠳ᠋ᠥ 1  ᠲᠦᠮᠡᠨ ᠮᠤ᠋ ᠬᠠᠰᠢ᠍ᠶ᠎ᠠ ᠬᠦᠷᠢ᠍ᠶᠡᠨ ᠤ ᠠᠵᠣ ᠠᠬᠣᠢ ᠂ 3  ᠲᠦᠮᠡᠨ ᠮᠤ᠋ ᠶᠡᠬᠡ ᠲᠠᠷᠢ᠍ᠶ᠎ᠠ ᠶᠢᠨ ᠲᠠᠷᠢ᠍ᠮᠠᠯ ᠂ 1 ᠲᠦ᠋ᠮᠡᠨ ᠮᠤ᠋  ᠦᠷ᠎ᠠ ᠴᠢ᠍ᠬᠢ  ᠪᠤᠶᠢᠵᠢᠭᠤᠯᠬᠤ ᠭᠣᠣᠯᠯᠠᠭᠴᠢ ᠵᠢᠱᠢ᠍ᠶ᠎ᠠ ᠦᠵᠡᠬᠦᠯᠣᠯᠭᠡ ᠶᠢᠨ ᠣᠷᠣᠨ ᠪᠠᠶᠢᠭᠤᠯᠵᠤ᠂ ᠮᠠᠨ ᠤ ᠶᠠᠳ᠋ᠠᠭᠣ ᠬᠦᠴᠢ᠍ᠷᠳ᠋ᠡᠯᠳ᠋ᠣ ᠣᠯᠠᠨ  ᠲᠦᠮᠡᠨ ᠢ ᠵᠢᠯᠣᠭᠣᠳᠴᠣ ᠬᠠᠰᠢ᠍ᠶ᠎ᠠ ᠬᠦᠷᠢ᠍ᠶᠡᠨ ᠤ ᠠᠵᠣ ᠠᠬᠣᠢ ᠪᠠᠨ ᠬᠦᠭ᠍ᠵᠢ᠍ᠬᠦᠯᠬᠦ ᠶᠢ ᠰᠠᠨᠠᠭᠠᠴᠢ᠍ᠯᠠᠵᠣ ᠂ ᠡᠮ ᠤᠨ ᠮᠠᠲ᠋ᠸᠷᠢ᠍ᠶᠠᠯ ᠲᠠᠷᠢ᠍ᠵᠣ ᠂ ᠲᠡᠵᠢ᠍ᠬᠡᠪᠣᠷᠢ ᠶᠢᠨ  ᠦᠢᠯᠡᠰ  ᠢ ᠬᠦᠭ᠍ᠵᠢ᠍ᠬᠦᠯᠵᠣ ᠶᠠᠳ᠋ᠠᠭᠣ ᠡᠴᠡ ᠠᠩᠬᠢᠵᠢ᠍ᠷᠠᠭᠣᠯᠣᠨ᠎ᠠ》 ᠬᠡᠪᠡ ᠃ ᠯᠢ᠍ᠣ ᠭᠦᠸᠸ ᠠᠨ ᠪᠣᠯ ᠭᠦᠸᠸ ᠠᠨ  ᠲᠠᠷᠢᠶᠠᠯᠠᠩ   ᠤᠨ  ᠦᠢᠯᠡ  ᠶᠢᠨ ᠨᠡᠬᠡᠬᠡᠯᠳ᠋ᠡ ᠶᠢᠨ ᠬᠢᠵᠠᠭᠠᠷᠳ᠋ᠣ ᠺᠣᠮᠫᠠᠨᠢ ᠶᠢᠨ ᠵᠠᠬᠢᠷᠣᠯ ᠪᠣᠯᠣᠨ᠎ᠠ ᠂ 2013 ᠣᠨ ᠳ᠋ᠥ ᠲᠡᠷᠡ ᠰᠢ᠍ᠷᠠᠬᠣᠭᠣᠯᠠᠢ ᠪᠠᠯᠭᠠᠰᠣ ᠶᠢᠨ ᠡᠪᠡᠰᠣᠨ ᠡᠮ ᠤᠨ ᠮᠠᠲ᠋ᠸᠷᠢ᠍ᠶᠠᠯ ᠤᠨ ᠲᠠᠷᠢ᠍ᠮᠠᠯ ᠤᠨ ᠲᠣᠰᠬᠠᠢ ᠬᠣᠷᠰᠢ᠍ᠶᠠᠵᠢ᠍ᠯ  ᠪᠠᠶᠢᠭᠤᠯᠵᠤ ᠂ ᠬᠣᠷᠰᠢ᠍ᠶᠠᠵᠢ᠍ᠯ ᠨᠢ ᠾᠸᠪᠸᠢ ᠮᠣᠵᠢ ᠶᠢᠨ ᠠᠨ ᠭᠦᠸᠸ ᠶᠢᠨ ᠱᠸᠩ ᠱᠠᠨ ᠡᠮ ᠤᠨ  ᠦᠢᠯᠡᠰ ᠲᠡᠶ ᠣᠷᠳ᠋ᠣ ᠬᠣᠭᠣᠴᠠᠭᠠᠨ ᠤ ᠬᠠᠮᠳ᠋ᠣᠷᠠᠯᠴᠠᠯ ᠤᠨ ᠬᠠᠷᠢ᠍ᠴᠠᠭ᠎ᠠ  ᠪᠠᠶᠢᠭᠤᠯᠵᠤ ᠂ 《 ᠺᠣᠮᠫᠠᠨᠢ + ᠬᠣᠷᠰᠢ᠍ᠶᠠᠵᠢ᠍ᠯ + ᠲᠠᠷᠢ᠍ᠶᠠᠴᠢ᠍ᠨ ᠡᠷᠣᠭᠡ 》 ᠵᠢᠨ ᠵᠠᠭᠪᠣᠷ ᠶᠢᠡᠷ ᠂ ᠦᠷᠡᠵᠢ᠍ᠬᠦᠯᠣᠨ  ᠪᠤᠶᠢᠵᠢᠭᠤᠯᠬᠤ  ᠰᠢᠯᠲᠠᠭᠠᠨ ᠦᠷ᠎ᠠ ᠴᠢ᠍ᠬᠢ ᠪᠠᠨ ᠬᠣᠷᠰᠢ᠍ᠶᠠᠵᠢ᠍ᠯ ᠳ᠋ᠥ ᠬᠠᠡᠭ᠍ᠭᠠᠵᠣ ᠲᠠᠷᠢ᠍ᠭᠣᠯᠣᠨ᠂ ᠬᠣᠷᠰᠢ᠍ᠶᠠᠵᠢ᠍ᠯ ᠨᠢ ᠵᠠᠬ᠎ᠠ ᠲᠡᠯᠬᠡᠬᠦᠷ ᠤᠨ ᠦᠨ᠎ᠠ ᠪᠡᠷ ᠡᠮ ᠤᠨ ᠮᠠᠲ᠋ᠸᠷᠢ᠍ᠶᠠᠯ ᠶᠢᠡᠨ ᠬᠣᠷᠢ᠍ᠶᠠᠨ ᠠᠪᠴᠣ ᠂  ᠬᠠᠮᠳ᠋ᠣᠷᠠᠯᠴᠠᠯ ᠤᠨ ᠬᠣᠳ᠋ᠠᠯᠳ᠋ᠣᠭ᠎ᠠ ᠶᠢᠨ ᠱᠠᠭᠠᠷᠳ᠋ᠠᠯᠭ᠎ᠠ ᠪᠡᠷ ᠠᠩᠬ᠎ᠠ ᠪᠣᠯᠪᠠᠰᠣᠷᠠᠭᠣᠯᠣᠨ᠎ᠠ ᠂ ᠡᠨᠡ ᠨᠢ ᠬᠣᠷᠰᠢ᠍ᠶᠠᠨ ᠤ ᠬᠡᠰᠢ᠍ᠬᠦᠳ ᠡᠮ ᠤᠨ ᠮᠠᠲ᠋ᠸᠷᠢ᠍ᠶᠠᠯ ᠤᠨ ᠲᠠᠷᠢ᠍ᠮᠠᠯ ᠶᠢᠡᠷ ᠵᠣᠭᠣᠰ ᠣᠯᠵᠣ ᠂  ᠮᠦᠨ ᠬᠣᠷᠰᠢ᠍ᠶᠠᠨ ᠤ ᠬᠡᠰᠢ᠍ᠬᠦᠳ  ᠲᠠᠷᠢᠶᠠᠯᠠᠩ ᠤᠨ  ᠰᠡᠯᠡᠬᠦᠤ ᠴᠠᠭ ᠲᠠᠭᠠᠨ ᠠᠩᠬ᠎ᠠ ᠣᠳ᠋ᠠᠭᠠᠨ ᠤ ᠡᠮ ᠤᠨ ᠮᠠᠲ᠋ᠸᠷᠢ᠍ᠶᠠᠯ ᠤᠨ ᠪᠣᠯᠪᠠᠰᠣᠷᠠᠭᠣᠯᠣᠯᠳ᠋ᠠ ᠳ᠋ᠥ ᠵᠣᠭᠣᠰ ᠣᠯᠣᠨ᠎ᠠ ᠃ ᠡᠮ ᠤᠨ ᠮᠠᠲ᠋ᠸᠷᠢ᠍ᠶᠠᠯ ᠤᠨ ᠶᠡᠬᠡ ᠬᠡᠮᠵᠢ᠍ᠶᠡᠨ ᠤ ᠬᠡᠷᠡᠭ᠍ᠴᠡᠭᠡ ᠪᠡᠷ ᠬᠣᠷᠰᠢ᠍ᠶᠠᠨ ᠤ ᠬᠡᠰᠢ᠍ᠬᠦᠳ ᠠᠩᠬ᠎ᠠ ᠬᠡᠳ᠋ᠣᠭᠡᠨ ᠬᠦᠮᠣᠨ ᠪᠠᠶᠢᠭᠰᠠᠨ ᠡᠴᠡ ᠪᠠᠨ ᠣᠳ᠋ᠣ ᠶᠢᠨ 123 ᠬᠦᠮᠣᠨ ᠪᠣᠯᠵᠣ ᠂ ᠶᠠᠳ᠋ᠠᠭᠣ ᠬᠦᠴᠢ᠍ᠷᠳ᠋ᠡᠯᠳ᠋ᠣ ᠤᠯᠠᠨ  ᠲᠦᠮᠡᠨ 83 ᠡᠷᠣᠭᠡ ᠪᠣᠯᠣᠭᠰᠠᠨ  ᠪᠠᠶᠢᠨ᠎ᠠ ᠃

                                                 ( ᠮᠠ ᠪᠦᠬᠡ ᠂ ᠪᠠᠭᠠᠳ᠋ᠣᠷ ᠮᠡᠳ᠋ᠡᠭᠡᠯᠡᠪᠡ )

ᠢᠷᠡᠯᠳᠡ᠄ ᠨᠠ‍ᠢᠮᠠᠨ ᠬᠣᠰᠢᠭᠤᠨ ‍ᠦ ᠵᠠᠰᠠᠭ ᠤᠨ ᠣᠷᠳᠣᠨ ᠨᠠᠶᠢᠷᠠᠭᠤᠯᠤᠭᠴᠢ᠄ ᠪᠤᠤ ᠵᠢᠨ ᠯᠢᠶᠠᠨ

ᠬᠠᠮᠢᠶ᠎ᠡ ᠪᠦᠬᠦᠢ ᠰᠣᠨᠢᠨ