ᠨᠠᠢ᠍ᠮᠠᠨ ᠬᠤᠰᠢ᠍ᠭᠤᠨ ᠤ ᠲᠤᠳ᠋ᠤᠭᠠᠳ᠋ᠤ ᠶᠢ ᠬᠠᠮᠠᠭᠠᠯᠠᠬᠤ ᠲᠤᠪᠴᠢ᠍ᠶ᠎ᠠ ᠡᠶ᠎ᠠ ᠵᠤᠬᠢᠴᠠᠡᠭ᠍ᠭᠤᠢ ᠨᠡᠢ᠌ᠭᠡᠮ ᠲᠤᠭᠤᠷᠢ᠍ᠭ ᠤᠨ ᠪᠠᠶᠢᠭᠤᠯᠤᠯᠲᠠ ᠳᠤ ᠠᠮᠤᠷ ᠲᠤᠬᠳ᠋ᠠᠭᠤᠨ ᠤ ᠪᠠᠳ᠋ᠤᠯᠠᠭ᠎ᠠ ᠬᠠᠡᠭ᠍ᠭᠠᠵᠤ ᠪᠤᠢ

ᠣᠩᠰᠢᠭᠰᠠᠨ ᠤᠳᠠᠭ᠎ᠠ ᠄ 2738     ᠨᠡᠶᠢᠳᠡᠯᠡᠭᠰᠡᠨ ᠴᠠᠭ ᠄ 2016/5/1 11:17:37

       ᠲᠤᠳ᠋ᠤᠭᠠᠳ᠋ᠤ ᠶᠢ ᠬᠠᠮᠠᠭᠠᠯᠠᠬᠤ  ᠪᠠᠶᠢᠭᠤᠯᠭ᠎ᠠ  ᠶᠢᠨ ᠶᠠᠯᠠᠳ᠋ᠤ ᠡᠳ᠋ᠡᠭᠡᠳ ᠲᠤ ᠴᠤᠬᠢᠯᠳ᠋ᠠ ᠦᠭ᠍ᠴᠦ  ᠰᠡᠷᠭᠡᠶᠢᠯᠡᠨ ᠡᠵᠡᠮᠳ᠋ᠡᠬᠦ ᠬᠦᠴᠦᠴᠡ ᠪᠠ ᠤᠯᠠᠨ  ᠲᠦᠮᠡᠨ ᠳᠤ ᠦᠢ᠍ᠯᠡᠴᠢ᠍ᠯᠡᠬᠦ ᠴᠢ᠍ᠳ᠋ᠠᠪᠤᠷᠢ ᠶᠢ ᠪᠦᠬᠦ ᠲᠠᠯ᠎ᠠ ᠪᠠᠷ ᠲᠡᠭᠡᠭ᠍ᠰᠢ᠍ᠯᠡᠭᠦᠯᠬᠦ ᠶᠢᠨ ᠲᠤᠰᠡᠳ᠋ᠡ ᠂ ᠨᠠᠢ᠍ᠮᠠᠨ ᠬᠤᠰᠢ᠍ᠭᠤᠨ ᠤ  ᠲᠤᠲᠤᠭᠠᠲᠤ  ᠶᠢ ᠬᠠᠮᠠᠭᠠᠯᠠᠬᠤ ᠲᠤᠪᠴᠢ᠍ᠶ᠎ᠠ 《 ᠭᠤᠷᠪᠠᠨ ᠰᠠᠨᠠᠭᠠᠴᠢ᠍ᠯᠠᠭ᠎ᠠ 》 ᠵᠢᠨ ᠠᠷᠭ᠎ᠠ ᠠᠪᠴᠡᠯ ᠢ ᠲᠡᠯᠭᠡᠷᠡᠭᠦᠯᠦᠨ ᠂ ᠡᠶ᠎ᠠ ᠵᠤᠬᠢᠴᠠᠡᠭ᠍ᠭᠤᠢ  ᠨᠡᠶᠢᠭᠡᠮ ᠲᠤᠭᠤᠷᠢ᠍ᠭ ᠤᠨ  ᠪᠠᠶᠢᠭᠤᠯᠤᠯᠲᠠ  ᠳᠤ ᠠᠮᠤᠷ ᠳᠤᠬᠳ᠋ᠡᠭᠤᠨ ᠤ ᠪᠡᠳ᠋ᠤᠯᠠᠭ᠎ᠠ ᠬᠠᠡᠭ᠍ᠭᠠᠵᠤ ᠪᠤᠢ ᠃

ᠰᠠᠨᠠᠭᠠᠴᠢ᠍ᠯᠠᠭ᠎ᠠ ᠡᠴᠡ ᠪᠠᠨ ᠦᠢ᠍ᠯᠡᠴᠢ᠍ᠯᠡᠨ ᠂ ᠴᠠᠭᠳ᠋ᠠᠭ᠎ᠠ ᠪᠡ ᠠᠷᠡᠳ ᠤᠨ ᠬᠠᠷᠢ᠍ᠴᠠᠭ᠎ᠠ ᠶᠢ ᠤᠯᠠᠮ ᠲᠤᠳ᠋ᠤᠨᠤ ᠪᠤᠯᠭᠠᠪᠠ ᠃ ᠲᠤᠮᠢ᠍ᠯᠠᠭᠰᠠᠨ ᠰᠠᠯᠪᠤᠷᠢ ᠶᠢᠨ ᠴᠠᠭᠳ᠋ᠠᠭ᠎ᠠ ᠡᠳ᠋ᠦᠷ ᠲᠤᠳ᠋ᠤᠮ ᠤᠨ ᠲᠤᠭᠤᠷᠢ᠍ᠨ ᠰᠤᠷᠪᠤᠯᠵᠢ᠍ᠯᠠᠬᠤ  ᠲᠦᠷᠢᠮ ᠢ ᠪᠠᠷᠢ᠍ᠮᠳ᠋ᠠᠯᠠᠨ ᠂ ᠴᠠᠭ ᠲᠤᠬᠠᠢ ᠳ᠋ᠤᠨᠢ ᠲᠠᠭᠠᠨ ᠦᠢ᠍ᠯᠡᠴᠢ᠍ᠯᠡᠵᠤ ᠂  ᠨᠡᠶᠢᠭᠡᠮ ᠦᠨ ᠪᠠᠶᠢᠳᠡᠯ ᠠᠷᠠᠳ ᠤᠨ ᠰᠠᠨᠠᠭ᠎ᠠ ᠶᠢ  ᠣᠶᠢᠯᠠᠭᠠᠪᠠ ᠃ ᠡᠭᠦᠨ ᠤ ᠬᠠᠮᠳ᠋ᠤ ᠂  ᠨᠡᠶᠢᠭᠡᠮ  ᠲᠤᠭᠤᠷᠢ᠍ᠭ ᠲᠤᠳ᠋ᠤᠷ᠎ᠠ ᠤᠯᠠᠨ  ᠲᠦᠮᠡᠨ  ᠡᠴᠡ ᠰᠠᠨᠠᠯ ᠬᠤᠷᠢ᠍ᠶ‍ᠠᠬᠤ  ᠬᠠᠶᠢᠷᠴᠠᠭ ᠂ ᠴᠠᠭᠳ᠋ᠠᠭᠠᠨ ᠶᠠᠪᠤᠳ᠋ᠠᠯ ᠢ ᠢᠯᠡ ᠪᠤᠯᠭᠠᠬᠤ  ᠪᠤᠯᠤᠩ ᠵᠡᠷᠭᠡ ᠶᠢ ᠨᠢ᠍ᠭᠡᠳ᠋ᠦᠯᠳ᠋ᠠᠢ ᠲᠤᠬᠢᠷᠠᠭᠤᠯᠤᠨ ᠂  ᠨᠡᠶᠢᠭᠡᠮ  ᠲᠤᠭᠤᠷᠢ᠍ᠭ ᠤᠨ ᠠᠷᠡᠳ ᠤᠨ ᠴᠠᠭᠳ᠋ᠠᠭ᠎ᠠ ᠲᠡᠶ ᠬᠠᠷᠢ᠍ᠯᠴᠠᠬᠤ ᠤᠳ᠋ᠠᠰᠤ ᠵᠡᠷᠭᠡ ᠶᠢ ᠤᠯᠠᠨ ᠳᠤ  ᠨᠡᠶᠢᠳᠡᠯᠡᠵᠤ ᠂ ᠤᠯᠠᠨ ᠲᠦᠮᠡᠨ ᠶᠠᠪᠤᠳ᠋ᠠᠯ  ᠰᠢᠢᠳᠪᠣᠷᠢᠯᠡᠵᠤ ᠲᠤᠰᠠᠯᠠᠮᠵᠢ ᠭᠤᠶ‍ᠤᠴᠢ᠍ᠯᠠᠬᠤ ᠳᠤ  ᠲᠦᠭᠦᠮ ᠦᠵᠡᠭᠦᠯᠵᠦ ᠪᠤᠢ ᠃

      ᠰᠠᠨᠠᠭᠠᠴᠢ᠍ᠯᠠᠭ᠎ᠠ ᠡᠴᠡ ᠪᠠᠨ ᠵᠤᠬᠢᠴᠠᠭᠤᠯᠤᠨ ᠂  ᠵᠦᠷᠢᠴᠡᠯ ᠵᠢ᠍ᠭᠤᠷᠠᠯᠳ᠋ᠤᠭᠠᠨ ᠢ  ᠰᠢᠢᠳᠪᠤᠷᠢᠯᠡᠪᠡ ᠃ ᠤᠯᠠᠨ ᠲᠠᠯ᠎ᠠ ᠪᠠᠷ ᠬᠠᠮᠵᠢ᠍ᠯᠴᠠᠬᠤ ᠵᠡᠷᠭᠡ ᠠᠷᠭ᠎ᠠ ᠪᠡᠷᠢ᠍ᠯ ᠢ ᠢᠳ᠋ᠡᠪᠬᠢᠳ᠋ᠠᠢ ᠲᠡᠯᠭᠡᠷᠡᠭᠦᠯᠦᠨ ᠂ ᠲᠤᠮᠢ᠍ᠯᠠᠭᠰᠠᠨ ᠰᠠᠯᠪᠤᠷᠢ ᠶᠢᠨ ᠠᠵᠢ᠍ᠯ ᠤᠨ  ᠲᠦᠷᠢᠮ ᠂ ᠠᠵᠢ᠍ᠯ ᠤᠨ ᠰᠠᠬᠢᠯᠭ᠎ᠠ ᠶᠢ ᠤᠯᠡᠮ ᠨᠢ᠍ᠬᠡ ᠠᠯᠬᠤᠮ ᠰᠠᠢ᠌ᠵᠢ᠍ᠷᠠᠭᠤᠯᠤᠨ ᠵᠤᠬᠢᠴᠠᠭᠤᠯᠪᠠ ᠃ ᠡᠭᠦᠨ ᠤ ᠬᠠᠮᠳ᠋ᠤ ᠂ ᠲᠤᠰᠬᠠᠢ ᠬᠦᠮᠦᠨ ᠬᠢᠴᠢ᠍ᠶ‍ᠡᠯ  ᠲᠠᠶᠢᠯᠤᠮᠵᠢ ᠬᠢᠬᠦ ᠂  ᠬᠡᠷᠡᠭ  ᠤᠨ ᠵᠢ᠍ᠱᠢ᠍ᠶ᠎ᠠ ᠳᠤ ᠵᠠᠳ᠋ᠠᠯᠤᠯᠳ᠋ᠠ ᠬᠢᠬᠦ ᠵᠡᠷᠭᠡ ᠬᠡᠯᠪᠡᠷᠢ ᠪᠠᠷ ᠂ ᠴᠠᠭᠳ᠋ᠠᠭ᠎ᠠ ᠪᠠᠨ ᠵᠤᠬᠢᠶ‍ᠠᠨ  ᠪᠠᠶᠢᠭᠤᠯᠤᠯᠲᠠ ᠲᠠᠪᠳ᠋ᠠᠨ ᠪᠤᠯᠪᠠᠰᠤᠷᠠᠭᠤᠯᠵᠤ ᠂ ᠵᠦᠷᠢᠴᠡᠯ  ᠵᠢ᠍ᠭᠤᠷᠠᠯᠳ᠋ᠤᠭᠠᠨ ᠵᠡᠷᠭᠡ ᠶᠢ ᠴᠤᠭᠯᠠᠭᠤᠯᠤᠨ ᠰᠤᠳ᠋ᠤᠯᠤᠨ ᠮᠠᠭᠠᠳᠯᠠᠬᠤ ᠠᠵᠢ᠍ᠯ ᠢ ᠴᠢ᠍ᠡᠭ᠍ᠭᠠᠳᠬᠠᠨ ᠂ ᠠᠰᠠᠭᠤᠳ᠋ᠠᠯ ᠢ ᠡᠷᠳ᠋ᠡ ᠵᠤᠬᠢᠴᠡᠭᠤᠯᠤᠨ ᠡᠷᠳ᠋ᠡ ᠰᠢᠢᠳᠪᠤᠷᠢᠯᠡᠵᠤ ᠂ ᠲᠡᠭᠡᠭ᠍ᠰᠢ ᠵᠠᠭᠠᠯᠳ᠋ᠤᠬᠤ ᠂ ᠦᠢ᠍ᠮᠡᠭᠦᠯᠵᠤ ᠵᠠᠭᠠᠯᠳ᠋ᠤᠬᠤ ᠦᠵᠡᠭ᠍ᠳ᠋ᠡᠯ ᠭᠠᠷᠬᠤ ᠦᠭᠡᠶ  ᠪᠠᠶᠢᠬᠤ  ᠶᠢ ᠪᠡᠳ᠋ᠤᠯᠡᠪᠡ ᠃

       ᠰᠠᠨᠠᠭᠠᠴᠢ᠍ᠯᠠᠭ᠎ᠠ ᠡᠴᠡ ᠪᠠᠨ ᠲᠤᠭᠤᠷᠢ᠍ᠨ ᠰᠤᠷᠪᠤᠯᠵᠢ᠍ᠯᠠᠵᠤ ᠂ ᠦᠢ᠍ᠯᠡᠴᠢ᠍ᠯᠡᠬᠡᠨ ᠤ ᠴᠢ᠍ᠨᠠᠷ ᠴᠢ᠍ᠨᠰᠠᠭ᠎ᠠ ᠪᠠᠨ ᠲᠡᠭᠡᠭ᠍ᠰᠢ᠍ᠯᠡᠭᠦᠯᠪᠡ ᠃ ᠨᠡᠶᠢᠭᠡᠮ ᠤᠨ  ᠪᠠᠶᠢᠳᠡᠯ ᠠᠷᠠᠳ ᠤᠨ ᠰᠠᠨᠠᠭ᠎ᠠ ᠶᠢ ᠦᠷᠭᠡᠨ ᠶᠢᠡᠷ ᠬᠤᠷᠢ᠍ᠶ‍ᠠᠵᠤ ᠂ ᠠᠰᠠᠭᠤᠳ᠋ᠠᠯ ᠢ ᠴᠡᠬ ᠳᠤᠬᠠᠢ ᠢᠯᠡᠷᠡᠬᠦᠯᠤᠨ ᠴᠡᠬ ᠳᠤᠬᠠᠢ ᠳ᠋ᠤᠨᠢ  ᠰᠢᠢᠳᠪᠤᠷᠢᠯᠡᠬᠦ  ᠶᠢ ᠪᠡᠶ‍ᠡᠯᠡᠬᠦᠯᠥᠭ᠍ᠰᠡᠨ  ᠪᠠᠶᠢᠨ᠎ᠠ᠃ ᠳᠤᠰ ᠳᠤᠪᠴᠢ᠍ᠶ᠎ᠠ ᠠᠷᠠᠳ ᠤᠨ ᠴᠠᠭᠳ᠋ᠠᠭ᠎ᠠ ᠶᠢᠨ ᠤᠯᠠᠨ  ᠲᠦᠮᠡᠨ ᠳᠤ ᠦᠢ᠍ᠯᠡᠴᠢ᠍ᠯᠡᠬᠦ ᠬᠢᠷᠢ ᠳᠥᠪᠰᠢ᠍ᠨ ᠶᠢᠡᠨ ᠤᠯᠠᠮ ᠨᠢ᠍ᠬᠡ ᠠᠯᠬᠤᠮ ᠲᠡᠭᠡᠭ᠍ᠰᠢ᠍ᠯᠡᠭᠦᠯᠬᠦ ᠶᠢᠨ ᠬᠠᠮᠳ᠋ᠤ ᠂ ᠠᠮᠤᠷ  ᠲᠦᠪᠰᠢᠨ ᠢ  ᠰᠡᠷᠭᠡᠶᠢᠯᠡᠬᠦ  ᠤᠬᠠᠭᠤᠯᠭ᠎ᠠ ᠶᠢᠨ ᠮᠠᠲ᠋ᠧᠷᠢ᠍ᠶ‍ᠠᠯ ᠢ ᠦᠷᠭᠡᠨ ᠶᠢᠡᠷ ᠲᠠᠷᠬᠠᠭᠠᠨ ᠂ ᠠᠮᠤᠷ  ᠲᠦᠪᠰᠢᠨ ᠢ  ᠰᠡᠷᠭᠡᠶᠢᠯᠡᠬᠦ ᠬᠦᠮᠦᠵᠢ᠍ᠯ ᠤᠨ ᠬᠢᠴᠢ᠍ᠶ‍ᠡᠯ ᠵᠡᠷᠭᠡ ᠶᠢ ᠵᠤᠬᠢᠶ‍ᠠᠨ ᠪᠠᠶᠢᠭᠤᠯᠤᠨ ᠦᠷᠨᠢᠭᠦᠯᠵᠤ ᠂ ᠤᠯᠠᠨ ᠲᠦᠮᠡᠨ ᠤ ᠠᠮᠤᠷ  ᠲᠦᠪᠰᠢᠨ ᠢ  ᠰᠡᠷᠭᠡᠶᠢᠯᠡᠬᠦ  ᠦᠵᠡᠯ ᠤᠬᠠᠮᠰᠠᠷ ᠢ ᠲᠡᠭᠡᠭ᠍ᠰᠢ᠍ᠯᠡᠭᠦᠯᠵᠦ ᠂ ᠠᠷᠠᠳ ᠤᠨ ᠴᠠᠭᠳ᠋ᠠᠭ᠎ᠠ ᠶᠢᠨ ᠨᠦ᠋ᠯᠦᠬᠡᠯᠡᠬᠦ ᠬᠦᠴᠦᠨ ᠪᠠ ᠤᠯᠠᠨ ᠲᠦᠮᠡᠨ  ᠤ ᠬᠠᠨᠤᠮᠵᠢ᠍ᠳ᠋ᠠᠢ   ᠪᠠᠶᠢᠬᠤ ᠬᠡᠮᠵᠢ᠍ᠶ᠎ᠠ ᠶᠢ ᠲᠡᠭᠡᠭ᠍ᠰᠢ᠍ᠯᠡᠭᠦᠯᠦᠭ᠍ᠰᠡᠨ  ᠪᠠᠶᠢᠨ᠎ᠠ᠃


ᠢᠷᠡᠯᠳᠡ᠄ ᠲᠦᠩᠯᠢᠶᠤᠤ ᠬᠤᠲᠠ ᠶᠢᠨ ᠵᠠᠰᠠᠭ ᠤᠨ ᠣᠷᠳᠣᠨ ᠨᠠᠶᠢᠷᠠᠭᠤᠯᠤᠭᠴᠢ᠄ ᠪᠤᠤ ᠵᠢᠨ ᠯᠢᠶᠠᠨ

ᠬᠠᠮᠢᠶ᠎ᠡ ᠪᠦᠬᠦᠢ ᠰᠣᠨᠢᠨ