ᠲᠤᠮᠳᠠᠳᠦ ᠤᠯᠤᠰ ‍ᠤᠨ ᠬᠠᠮᠤᠭ ‍ᠤᠨ ᠲᠤᠮᠤ ᠮᠤᠩᠭᠤᠯ ᠭᠡᠷ ‍ᠢ ᠬᠦᠬᠡᠬᠤᠳᠠ ᠳ᠋ᠤ ᠪᠤᠰᠬᠠᠯ᠎ᠠ

ᠣᠩᠰᠢᠭᠰᠠᠨ ᠤᠳᠠᠭ᠎ᠠ ᠄ 7067     ᠨᠡᠶᠢᠳᠡᠯᠡᠭᠰᠡᠨ ᠴᠠᠭ ᠄ 2016/5/1 11:15:05

      

            


      ᠤᠶᠢᠷ᠎ᠠ ᠳ᠋ᠤ ᠂ ᠪᠡᠭᠡᠵᠢᠩ ‍ᠤᠨ ᠬᠤᠸᠠ ᠢᠤᠢ ᠺᠤᠮᠫᠠᠨᠢ ᠡᠴᠠ ᠲᠠᠭᠠᠭᠠᠴᠢᠯᠠᠵᠦ ᠪᠠᠷᠢᠭᠰᠠᠨ  ᠠᠪᠤᠷᠭᠤ  ᠲᠤᠮᠤ  ᠮᠣᠩᠭᠣᠯ ᠭᠡᠷ ᠤᠨ ᠬᠡᠯᠪᠡᠷᠢᠲᠦ ᠬᠦᠬᠡᠳᠠᠯ᠎ᠠ ᠬᠤᠷᠠᠯ ‍ᠤᠨ ᠲᠦᠪ ᠪᠠᠷᠢᠯᠭ᠎ᠠ ᠲᠠᠭᠤᠰᠤᠯ᠎ᠠ ᠃ ᠲᠤᠰ  ᠪᠠᠷᠢᠯᠭ᠎ᠠ  ᠨᠢ  2  ᠰᠠᠷ᠎ᠠ  ᠭᠠᠷᠤᠢ  ᠶ᠋ᠢᠨ ᠬᠤᠭᠤᠴᠠᠭ᠎ᠠ ᠬᠡᠷᠡᠭᠯᠡᠭᠰᠡᠨ ᠪᠦᠭᠡᠳ ᠭᠤᠤᠯ ᠮᠤᠩᠭᠤᠯ ᠭᠡᠷ ‍ᠤᠨ ᠳ᠋ᠢᠶᠠᠮᠸᠲ᠋ᠷ ᠨᠢ 64 ᠮᠸᠲ᠋ᠷ ᠪᠠᠶᠢᠵᠦ ᠂ ᠤᠯᠤᠰ ‍ᠤᠨ ᠲᠤᠳᠤᠭᠠᠳᠦ ᠶ᠋ᠢᠨ ᠬᠠᠮᠤᠭ ‍ᠤᠨ ᠲᠤᠮᠤ ᠮᠤᠩᠭᠤᠯ ᠭᠡᠷ ᠪᠤᠯᠵᠠᠢ ᠃       

     ᠮᠤᠩᠭᠤᠯ ᠭᠡᠷ ‍ᠢ ᠪᠠᠷᠢᠬᠤ ᠳ᠋ᠠᠭᠠᠨ ᠪᠤᠯᠤᠳ ᠪᠦᠳᠦᠴᠡ ᠪᠡᠷ ᠭᠤᠤᠯ ᠴᠤᠭᠴᠠ ᠪᠤᠯᠭᠠᠵᠦ ᠂ ᠭᠠᠳᠠᠷ ᠬᠡᠯᠪᠡᠷᠢ ᠶ᠋ᠢ ᠨᠢ 13 ᠳ᠋ᠤᠭᠠᠷ ᠵᠠᠭᠤᠨ ᠤ ᠦᠶ᠎ᠡ ᠶ᠋ᠢᠨ ᠮᠤᠩᠭᠤᠯ ᠭᠡᠷ ‍ᠤᠨ ᠬᠡᠯᠪᠡᠷᠢ ‍ ᠶᠢ ᠲᠠᠭᠤᠷᠢᠶᠡᠵᠦ ᠂ ᠭᠡᠷ ᠲᠤᠳᠤᠷᠡᠬᠢ ᠶ᠋ᠢ ᠮᠤᠩᠭᠤᠯ ᠦᠨᠳᠦᠰᠦᠳᠡᠨ ᠤ ᠵᠠᠰᠠᠯ ᠴᠢᠮᠡᠭᠯᠡᠯ ‍ᠤᠨ ᠦᠪᠡᠷᠮᠢᠴᠠ ᠮᠠᠶ᠋ᠢᠭ ᠪᠡᠷ ᠴᠢᠮᠡᠭᠯᠡᠭᠰᠡᠨ ᠪᠠᠶᠢᠨ᠎ᠡ ᠃ ᠤᠶᠢᠯᠠᠭᠠᠭᠰᠠᠨ ᠢᠶᠠᠷ ᠂ ᠲᠤᠰ ᠪᠠᠷᠢᠯᠭ᠎ᠠ ᠨᠢ 2015  ᠤᠨ ᠤ ᠢᠲ᠋ᠠᠯᠢ ᠶ᠋ᠢᠨ  《 ᠮᠢᠯᠠᠨ ᠤᠯᠠᠨ ᠤᠯᠤᠰ ‍ᠤᠨ ᠠᠮᠢ ᠠᠬᠤᠢ ᠶ᠋ᠢᠨ ᠱᠠᠩᠨᠠᠯ》 ᠢ ᠬᠦᠷᠳᠡᠭᠰᠡᠨ ᠪᠠᠶᠢᠨ᠎ᠡ ᠃                                                        

 

                                       (ᠲᠤᠷᠤᠨ᠎ᠠ ᠮᠡᠳᠡᠭᠡᠯᠡᠪᠡ) 
ᠢᠷᠡᠯᠳᠡ᠄ ᠠᠷᠠᠳ ᠤᠨ ᠰᠦᠯᠵᠢᠶ᠎ᠡ ᠨᠠᠶᠢᠷᠠᠭᠤᠯᠤᠭᠴᠢ᠄ ᠪᠣᠣ ᠵᠢᠨ ᠯᠢᠶᠠᠨ

ᠬᠠᠮᠢᠶ᠎ᠡ ᠪᠦᠬᠦᠢ ᠰᠣᠨᠢᠨ