ᠲᠤᠮᠳᠠᠳᠤ ᠤᠯᠤᠰ ᠲᠡᠬᠢ ᠮᠤᠩᠭᠤᠯ ᠬᠡᠯᠡᠨ ᠤ ᠨᠤᠳᠤᠭ ᠤᠨ ᠠᠶᠠᠯᠭᠤ ᠵᠢᠨ ᠭᠠᠵᠠᠷ ᠤᠨ ᠵᠢᠷᠤᠭ ᠤᠨ ᠲᠦᠰᠦᠯ ᠤᠨ ᠠᠵᠢᠯ ᠦᠪᠦᠷ ᠮᠤᠩᠭᠤᠯ ᠤᠨ ᠶᠡᠬᠡ ᠰᠤᠷᠭᠠᠭᠤᠯᠢ ᠳ᠋ᠤ ᠡᠬᠢᠯᠡᠯ᠎ᠡ

ᠣᠩᠰᠢᠭᠰᠠᠨ ᠤᠳᠠᠭ᠎ᠠ ᠄ 6969     ᠨᠡᠶᠢᠳᠡᠯᠡᠭᠰᠡᠨ ᠴᠠᠭ ᠄ 2016/5/1 10:47:49


          ᠠᠷᠠᠳ ᠤᠨ ᠰᠦᠯᠵᠢᠶ᠎ᠠ ᠵᠢᠨ ᠮᠡᠳᠡᠬᠡ 4 ᠰᠠᠷ᠎ᠠ ᠵᠢᠨ 26 ᠤ ᠦᠳᠡ ᠵᠢᠨ ᠬᠤᠶᠢᠨ᠎ᠠ᠂ 2015 ᠤᠨ ᠤ ᠤᠯᠤᠰ ᠤᠨ ᠨᠡᠶᠢᠬᠡᠮ ᠤᠨ ᠰᠢᠨᠵᠢᠯᠡᠬᠦ ᠤᠬᠠᠭᠠᠨ ᠤ ᠰᠠᠭᠤᠷᠢ ᠮᠦᠩᠬᠦ ᠵᠢᠨ ᠴᠢᠬᠤᠯᠠ ᠶᠡᠬᠡ ᠲᠦᠰᠦᠯ           ᠲᠤᠮᠳᠠᠳᠤ  ᠤᠯᠤᠰ ᠲᠡᠬᠢ ᠮᠤᠩᠭᠤᠯ ᠬᠡᠯᠡᠨ ᠤ ᠨᠤᠳᠤᠭ ᠤᠨ ᠠᠶᠠᠯᠭᠤ ᠵᠢᠨ ᠭᠠᠵᠠᠷ ᠤᠨ ᠵᠢᠷᠤᠭ ᠤᠨ ᠰᠡᠳᠦᠪ ᠪᠠᠳᠤᠯᠠᠬᠤ ᠶᠤᠰᠤᠯᠠᠯ ᠦᠪᠦᠷ ᠮᠤᠩᠭᠤᠯ ᠤᠨ ᠶᠡᠬᠡ ᠰᠤᠷᠭᠠᠭᠤᠯᠢ ᠳ᠋ᠤ ᠶᠠᠪᠤᠭᠳᠠᠪᠠ ᠃ ᠲᠤᠰ ᠲᠦᠰᠦᠯ ‍ᠢ ᠦᠪᠦᠷ ᠮᠤᠩᠭᠤᠯ ᠤᠨ ᠶᠡᠬᠡ ᠰᠤᠷᠭᠠᠭᠤᠯᠢ ᠵᠢᠨ ᠮᠤᠩᠭᠤᠯ ᠰᠤᠳᠤᠯᠤᠯ ᠤᠨ ᠬᠦᠷᠢᠶᠠᠯᠠᠩ ᠤᠨ ᠰᠡᠩᠬᠡ ᠫᠷᠤᠹᠸᠰᠰᠤᠷ ᠡᠷᠬᠢᠯᠠᠵᠤ ᠪᠠᠶᠢᠭ᠎ᠠ ᠶᠤᠮ ᠃ ᠲᠡᠬᠦᠨ ᠤ ᠭᠤᠤᠯ ᠬᠠᠷᠠᠯᠳᠠ ᠪᠤᠯ ᠭᠠᠵᠠᠷ ᠤᠨ ᠵᠢᠷᠤᠭ ᠤᠨ ᠬᠡᠯᠪᠡᠷᠢ ᠪᠡᠷ ᠮᠠᠨ ᠤ ᠤᠯᠤᠰ ᠲᠡᠬᠢ ᠮᠤᠩᠭᠤᠯ ᠬᠡᠯᠡᠨ ᠤ ᠠᠳᠠᠯᠢ ᠪᠤᠰᠤ ᠨᠤᠳᠤᠭ ᠤᠨ ᠠᠶᠠᠯᠭᠤ ᠨᠤᠳᠤᠭ ᠤᠨ ᠬᠡᠯᠡᠯᠬᠡ ᠵᠢᠨ ᠵᠠᠭᠠᠭ ᠱᠣᠭᠤᠮ ᠂ ᠡᠯ᠎ᠡ ᠨᠤᠳᠤᠭ ᠤᠨ ᠠᠶᠠᠯᠭᠤ ᠵᠢᠨ ᠬᠦᠷᠢᠶ᠎ᠠ ᠬᠡᠪᠴᠢᠶᠠᠨ ᠳ᠋ᠡᠬᠢ ᠬᠤᠯᠪᠤᠭᠳᠠᠯ ᠪᠦᠬᠦᠢ ᠬᠡᠯᠡᠨ ᠤ ᠦᠵᠡᠭᠳᠡᠯ ᠤᠨ ᠢᠯᠡᠷᠡᠬᠦ ᠬᠡᠯᠪᠡᠷᠢ ᠵᠢᠴᠢ ᠲᠡᠬᠦᠨ ᠤ ᠲᠠᠷᠬᠠᠯᠳᠠ ᠵᠢᠨ ᠪᠠᠶᠢᠳᠠᠯ ‍ᠢ ᠲᠤᠳᠤᠷᠬᠠᠢ ᠢᠯᠡᠷᠡᠬᠦᠯᠬᠦ ᠶᠠᠪᠤᠳᠠᠯ ᠪᠤᠯᠤᠨ᠎ᠠ᠃ ᠡᠨᠡ ᠨᠢ ᠮᠠᠨ ᠤ ᠤᠯᠤᠰ ᠲᠤ ᠪᠤᠯᠵᠤ ᠪᠠᠶᠢᠭ᠎ᠠ ᠠᠩᠬᠠᠳᠠᠭᠴᠢ ᠤᠳᠠᠭ᠎ᠠ ᠭᠠᠵᠠᠷ ᠤᠨ ᠵᠢᠷᠤᠭ ᠤᠨ ᠬᠡᠯᠪᠡᠷᠢ ᠪᠡᠷ ᠮᠠᠨ ᠤ ᠤᠯᠤᠰ  ᠲᠡᠬᠢ  ᠮᠤᠩᠭᠤᠯ ᠬᠡᠯᠡᠨ ᠤ ᠨᠤᠳᠤᠭ ᠤᠨ ᠠᠶᠠᠯᠭᠤ ᠨᠤᠳᠤᠭ ᠤᠨ ᠬᠡᠯᠡᠯᠬᠡ ᠵᠢ ᠰᠤᠳᠤᠯᠬᠤ ᠬᠡᠵᠦ ᠪᠠᠶᠢᠭ᠎ᠠ ᠨᠢᠬᠡᠨ ᠲᠦᠷᠦᠯ ᠤᠨ ᠡᠬᠦᠳᠦᠯᠳᠡ  ᠵᠢᠨ ᠰᠢᠨᠵᠢᠳᠡᠢ ᠰᠤᠳᠤᠯᠭᠠᠨ ᠤ ᠰᠡᠳᠦᠪ ᠪᠤᠯᠬᠤ ᠶᠤᠮ ᠃      

       ᠡᠨᠡ ᠬᠦ ᠰᠤᠳᠤᠯᠭᠠᠨ ᠨᠢ ᠮᠤᠩᠭᠤᠯ ᠬᠡᠯᠡᠨ ᠤ ᠨᠤᠳᠤᠭ ᠤᠨ ᠠᠶᠠᠯᠭᠤ ᠵᠢᠨ ᠰᠢᠨᠵᠢᠯᠡᠯ ᠤᠨ ᠬᠦᠷᠢᠶᠠᠨ ᠳ᠋ᠤ  ᠴᠤ‍  ᠰᠢᠨ᠎ᠡ ᠬᠠᠭᠤᠳᠠᠰᠤ ᠵᠢ ᠨᠡᠮᠡᠷᠢᠯᠡᠬᠦ ᠪᠡᠷ ᠦᠯᠦ ᠪᠠᠷᠠᠨ᠂ ᠮᠤᠩᠭᠤᠯ ᠬᠡᠯᠡᠨ ᠤ ᠰᠤᠳᠤᠯᠭᠠᠨ ᠤ ᠪᠦᠬᠦᠯᠢ ᠴᠤᠭᠴᠠ ᠵᠢᠨ ᠬᠢᠷᠢ ᠲᠦᠪᠰᠢᠨ ‍ᠢ ᠲᠡᠭᠡᠭᠰᠢᠯᠡᠬᠦᠯᠬᠦ ᠳ᠋ᠤ ᠲᠦᠯᠬᠢᠴᠠ ᠬᠦᠴᠦᠨ ᠪᠤᠯᠬᠤ ᠨᠢ ᠯᠠᠪᠳᠠᠢ ᠶᠤᠮ ᠃ ( ᠦᠷᠯᠦᠭᠭᠦᠦ ᠮᠡᠳᠡᠭᠡᠯᠡᠪᠡ)

ᠢᠷᠡᠯᠳᠡ᠄ ᠠᠷᠠᠳ ᠤᠨ ᠰᠦᠯᠵᠢᠶ᠎ᠡ ᠨᠠᠶᠢᠷᠠᠭᠤᠯᠤᠭᠴᠢ᠄ ᠪᠣᠣ ᠵᠢᠨ ᠯᠢᠶᠠᠨ

ᠬᠠᠮᠢᠶ᠎ᠡ ᠪᠦᠬᠦᠢ ᠰᠣᠨᠢᠨ