ᠬᠤᠶᠠᠷ ᠬᠤᠷᠠᠯ ᠡᠴᠠ ᠲᠠᠮᠵᠢᠭᠲᠠᠭᠰᠠᠨ ᠠᠷᠠᠳ ᠤᠨ ᠠᠮᠢᠳᠤᠷᠠᠯ ᠤᠨ ᠨᠠᠢᠮᠠᠨ ᠶᠡᠬᠡ ᠡᠬᠦᠷᠬᠡ ᠶ᠋ᠢᠨ ᠴᠠᠭ ᠤᠨ ᠬᠦᠰᠦᠨᠦᠭ

ᠣᠩᠰᠢᠭᠰᠠᠨ ᠤᠳᠠᠭ᠎ᠠ ᠄ 3819     ᠨᠡᠶᠢᠳᠡᠯᠡᠭᠰᠡᠨ ᠴᠠᠭ ᠄ 2016/5/1 10:16:19

  2016 ᠤᠨ ᠪᠤᠯ ᠴᠢᠨᠡᠭᠡᠯᠢᠭ ᠨᠡᠢᠭᠡᠮ ᠢ ᠪᠦᠬᠦ ᠲᠠᠯ᠎ᠠ ᠪᠠᠷ ᠪᠡᠶᠡᠯᠡᠬᠦᠯᠬᠦ  ᠰᠢᠢᠳᠪᠤᠷᠢᠳᠤ  ᠱᠠᠳᠤᠨ ᠤ  ᠡᠬᠢᠯᠡᠯᠳᠡ ᠶ᠋ᠢᠨ ᠵᠢᠯ ᠪᠤᠯᠤᠨ᠎ᠠ ᠃ ᠪᠦᠬᠦ ᠤᠯᠤᠰ ᠤᠨ ᠬᠤᠶᠠᠷ ᠬᠤᠷᠠᠯ ᠲᠡᠭᠡᠷ᠎ᠡ ᠂ ᠠᠵᠢᠯ ᠡᠴᠠ ᠪᠠᠨ  ᠠᠮᠠᠷᠠᠬᠤ ᠶ᠋ᠢ  ᠤᠷᠳᠤᠳᠬᠠᠬᠤ ᠂   ᠨᠠᠶᠢᠭᠡᠮ ᠤᠨ ᠪᠠᠳᠤᠯᠠᠪᠤᠷᠢ ᠂ ᠡᠮ ᠡᠮᠨᠡᠯᠬᠡ ᠂ ᠶᠠᠳᠠᠭᠤ ᠶ᠋ᠢ ᠲᠡᠳᠬᠦᠬᠦ ᠂ ᠰᠤᠷᠭᠠᠭᠤᠯᠢ ᠶ᠋ᠢᠨ ᠨᠠᠰᠤᠨ ᠡᠴᠠ ᠡᠮᠤᠨᠡᠬᠢ ᠰᠤᠷᠭᠠᠨ ᠬᠦᠮᠥᠵᠢᠯ ᠵᠡᠷᠬᠡ ᠡᠭᠡᠯ ᠠᠷᠠᠳ ᠲᠠᠢ ᠨᠢᠬᠳᠠ ᠬᠤᠯᠪᠤᠭᠳᠠᠭᠰᠠᠠ  ᠠᠯᠢ  ᠤᠯᠠᠨ  ᠠᠷᠠᠳ ᠤᠨ  ᠠᠮᠢᠳᠤᠷᠠᠯ ᠤᠨ  ᠡᠬᠦᠷᠬᠡ ᠶ᠋ᠢᠨ  ᠴᠠᠭ ᠤᠨ  ᠬᠦᠰᠦᠨᠦᠭ ᠢ ᠲᠤᠳᠤᠷᠬᠠᠢᠯᠠᠬᠤ ᠪᠤᠯᠤᠮᠵᠢ ᠲᠠᠢ  ᠪᠠᠶᠢᠨ᠎ᠠ ᠃                 
          ᠡᠬᠦᠷᠬᠡ 1 ——                 
         ᠠᠵᠢᠯ ᠡᠴᠠ ᠪᠠᠨ ᠠᠮᠠᠷᠠᠬᠤ ᠶ᠋ᠢ ᠤᠷᠳᠤᠳᠬᠠᠬᠤ ᠄ 2016  ᠤᠨ ᠳ᠋ᠤ  ᠲᠦᠰᠦᠯ  ᠭᠠᠷᠭᠠᠵᠥ   ᠨᠡᠶᠢᠭᠡᠮ ᠡᠴᠠ  ᠰᠠᠨᠠᠯ ᠬᠤᠷᠢᠶᠠᠨ᠎ᠠ ᠃                  

      《 ᠠᠷᠪᠠᠨ ᠭᠤᠷᠪᠠᠳᠤᠭᠠᠷ ᠲᠠᠪᠤᠨ ᠵᠢᠯ》 ᠤᠨ ᠬᠦᠳᠦᠯᠪᠤᠷᠢ ᠶ᠋ᠢᠨ ᠲᠦᠰᠦᠯ ᠳ᠋ᠤ ᠂ ᠠᠵᠢᠯ ᠡᠴᠠ ᠪᠠᠨ ᠠᠮᠠᠷᠠᠬᠤ ᠨᠠᠰᠤ ᠶ᠋ᠢ ᠠᠭᠠᠵᠢᠮ ᠢᠶᠠᠷ ᠤᠷᠳᠤᠳᠬᠠᠬᠤ ᠲᠦᠷᠦ ᠶ᠋ᠢᠨ ᠪᠤᠳᠤᠯᠭ᠎ᠠ ᠶ᠋ᠢ ᠲᠤᠭᠳᠠᠭᠠᠨ᠎ᠠ ᠬᠡᠵᠥ   ᠳᠤᠳᠤᠷᠬᠠᠶᠢᠯᠠᠪᠠ ᠃  ᠬᠦᠮᠥᠨ ᠤ  ᠬᠦᠴᠦᠨ ᠤ ᠡᠬᠢ  ᠪᠠᠶᠠᠯᠢᠭ  ᠪᠤᠯᠤᠨ  ᠨᠡᠶᠢᠭᠡᠮ ᠤᠨ  ᠪᠠᠳᠤᠯᠠᠪᠤᠷᠢ ᠶ᠋ᠢᠨ  ᠶᠠᠮᠤᠨ ᠤ   ᠰᠠᠶᠢᠳ  ᠶᠢᠨ  ᠸᠸᠢ   ᠮᠢᠨ   ᠬᠤᠶᠠᠷ   ᠬᠤᠷᠠᠯ ᠤᠨ ᠬᠤᠭᠤᠴᠠᠭᠠᠨ ᠳ᠋ᠤ ᠂ ᠠᠵᠢᠯ ᠡᠴᠠ ᠪᠠᠨ ᠠᠮᠠᠷᠠᠬᠤ ᠶ᠋ᠢ ᠤᠷᠳᠤᠳᠬᠠᠬᠤ ᠲᠦᠰᠦᠯ ᠢ ᠡᠨᠡ ᠵᠢᠯ ᠬᠠᠮᠢᠶ᠎ᠠ ᠪᠦᠬᠦᠢ ᠲᠡᠰ  ᠲᠠᠷᠠᠭᠠᠯᠠᠯ ᠢᠶᠠᠷ ᠵᠦᠪᠰᠢᠶᠡᠷᠡᠭᠰᠡᠡ ᠤ ᠲᠠᠷᠠᠭ᠎ᠠ  ᠨᠡᠶᠢᠭᠡᠮ ᠡᠴᠠ ᠰᠠᠨᠠᠯ ᠬᠤᠷᠢᠶᠠᠵᠥ ᠂ ᠲᠡᠬᠦᠯᠳᠡᠷᠵᠢᠬᠦᠯᠥᠭᠰᠡᠡ ᠤ ᠲᠠᠷᠠᠭ᠎ᠠ ᠵᠢᠩᠬᠢᠨᠢ ᠪᠠᠷ ᠬᠡᠷᠡᠭᠵᠢᠬᠦᠯᠥᠨ᠎ᠡ ᠬᠡᠵᠥ ᠢᠯᠡᠳᠬᠡᠪᠡ ᠃                

      ᠲᠤᠰᠬᠠᠢ ᠮᠡᠷᠭᠡᠵᠢᠯᠳᠡᠨ ᠡᠴᠠ ᠠᠵᠢᠯ ᠡᠴᠠ ᠪᠠᠨ ᠠᠮᠠᠷᠠᠬᠤ ᠶ᠋ᠢ ᠤᠷᠳᠤᠳᠬᠠᠬᠤ ᠲᠦᠰᠦᠯ ᠢ  ᠲᠤᠭᠳᠠᠭᠠᠬᠤ ᠳ᠋ᠤ  ᠠᠳᠠᠭ ᠪᠠᠭ᠎ᠠ ᠳᠠᠭᠠᠨ  ᠦᠷᠭᠡᠨ ᠢᠶᠠᠷ  ᠰᠠᠨᠠᠯ  ᠬᠤᠷᠢᠶᠠᠬᠤ ᠂  ᠲᠡᠰ  ᠲᠠᠷᠠᠭᠠᠯᠠᠯ  ᠶᠤᠰᠤᠭᠠᠷ   ᠮᠡᠳᠡᠬᠦᠯᠵᠥ   ᠵᠦᠪᠰᠢᠶᠡᠷᠡᠬᠦᠯᠬᠦ ᠂   ᠡᠯ᠎ᠡ ᠭᠠᠵᠠᠷ ᠤᠨ ᠬᠢᠨ ᠨᠠᠷᠢᠨ ᠲᠦᠷᠢᠮ ᠲᠤᠭᠳᠠᠭᠠᠬᠤ ᠭᠤᠷᠪᠠᠨ ᠲᠡᠰ ᠲᠠᠷᠠᠭᠠᠯᠠᠯ ᠢ ᠦᠩᠬᠡᠷᠡᠬᠦᠯᠥᠨ᠎ᠡ ᠬᠡᠵᠥ ᠦᠵᠡᠵᠥ ᠪᠠᠢᠨ᠎ᠠ ᠃ ᠶᠢᠨ ᠸᠸᠢ ᠮᠢᠨ ᠂ ᠠᠵᠢᠯ ᠡᠴᠠ ᠪᠠᠨ ᠠᠮᠠᠷᠠᠬᠤ ᠶ᠋ᠢ ᠤᠷᠳᠤᠳᠬᠠᠬᠤ ᠲᠦᠷᠦ ᠶ᠋ᠢᠨ ᠪᠤᠳᠤᠯᠭ᠎ᠠ ᠶ᠋ᠢᠨ ᠴᠢᠭᠯᠡᠯ ᠪᠤᠯ  ᠠᠯᠬᠤᠮ  ᠠᠯᠬᠤᠮ ᠢᠶᠠᠷ ᠠᠭᠠᠵᠢᠮ ᠬᠡᠷᠡᠭᠵᠢᠬᠦᠯᠵᠦ ᠂ ᠠᠭᠠᠵᠢᠮ ᠢᠶᠠᠷ  ᠨᠠᠶᠢᠳᠡᠪᠤᠷᠢᠵᠢᠭᠤᠯᠬᠤ ᠂ ᠢᠯᠭᠠᠭ᠎ᠠ ᠲᠠᠢ ᠬᠠᠨᠳᠤᠵᠥ ᠂ ᠠᠯᠬᠤᠮ ᠬᠤᠪᠢᠶᠠᠨ  ᠬᠡᠷᠡᠭᠵᠢᠬᠦᠯᠬᠦ ᠪᠤᠯᠤᠨ᠎ᠠ ᠂ ᠵᠢᠱᠢᠯᠳᠡ ᠪᠠᠷ ᠠᠵᠢᠯ ᠡᠴᠠ ᠪᠠᠨ ᠠᠮᠠᠷᠠᠬᠤ  ᠨᠠᠰᠤ ᠶ᠋ᠢ  ᠵᠢᠯ  ᠪᠦᠷᠢ  ᠬᠡᠳᠤᠨ  ᠰᠠᠷ᠎ᠠ  ᠯᠠ  ᠤᠷᠳᠤᠳᠬᠠᠨ᠎ᠠ  ᠬᠡᠵᠥ ᠲᠠᠨᠢᠯᠴᠠᠭᠤᠯᠪᠠ ᠃                   

      ᠡᠬᠦᠷᠬᠡ 2 ——                  
      ᠨᠠᠶᠢᠭᠡᠮ ᠤᠨ ᠪᠠᠳᠤᠯᠠᠪᠤᠷᠢ ᠄ ᠨᠠᠰᠤᠵᠢᠯ ᠤᠨ ᠠᠰᠠᠷᠠᠮᠵᠢ ᠶ᠋ᠢᠨ ᠮᠥᠩᠬᠦ ᠶ᠋ᠢ 2016 ᠤᠨ ᠳ᠋ᠤ ᠵᠢᠱᠢᠯᠳᠡ ᠪᠠᠷ  6.5% ᠦᠰᠭᠡᠨ᠎ᠡ ᠂ ᠡᠯ᠎ᠡ ᠭᠠᠵᠠᠷ ᠤᠨ ᠬᠢᠨ  ᠨᠡᠶᠢᠭᠡᠮ ᠤᠨ ᠪᠠᠳᠤᠯᠠᠪᠤᠷᠢ ᠶ᠋ᠢᠨ ᠰᠦᠢᠳᠬᠡᠯ ᠤᠨ ᠨᠤᠷᠮ᠎ᠠ ᠶ᠋ᠢ ᠪᠠᠭᠤᠷᠠᠭᠤᠯᠤᠨ᠎ᠠ ᠃                  
       ᠬᠢᠨᠡᠨ ᠵᠦᠪᠯᠡᠬᠦᠯᠬᠦ ᠪᠠᠷ  ᠲᠡᠪᠰᠢᠬᠦᠯᠥᠭᠰᠡᠡ  ᠲᠦᠪ ᠤᠨ  ᠪᠠ  ᠤᠷᠤᠨ  ᠨᠤᠳᠤᠭ ᠤᠨ  ᠲᠦᠰᠦᠪ ᠤᠨ  ᠲᠦᠰᠦᠯ ᠤᠨ ᠮᠡᠳᠡᠬᠦᠯᠥᠯᠳᠡ ᠳ᠋ᠤ ᠂ 2016 ᠤᠨ ᠤ 1 ᠰᠠᠷ᠎ᠠ ᠶ᠋ᠢᠨ 1 ᠤ ᠡᠳᠤᠷ ᠡᠴᠠ ᠡᠬᠢᠯᠡᠨ ᠂ 6.5% ᠤᠷᠴᠢᠮ ᠢᠶᠠᠷ ᠠᠵᠥ  ᠠᠬᠤᠶᠢᠯᠠᠯ ᠪᠤᠯᠤᠨ ᠠᠵᠢᠯ ᠦᠢᠯᠡᠰ ᠤᠨ ᠨᠢᠬᠡᠴᠡ ᠶ᠋ᠢᠨ ᠠᠵᠢᠯ ᠡᠴᠠ ᠪᠠᠨ  ᠠᠮᠠᠷᠠᠭᠰᠠᠳ ᠤᠨ  ᠨᠠᠰᠤᠵᠢᠯ ᠤᠨ  ᠠᠰᠠᠷᠠᠮᠵᠢ ᠶ᠋ᠢᠨ  ᠮᠥᠩᠬᠦ ᠶ᠋ᠢᠨ ᠪᠠᠷᠢᠮᠵᠢᠶ᠎ᠠ ᠶ᠋ᠢ ᠲᠡᠭᠡᠭᠰᠢᠯᠡᠬᠦᠯᠥᠨ᠎ᠡ ᠬᠡᠵᠥ ᠲᠤᠷᠠᠳᠪᠠ ᠃                 
        ᠬᠦᠮᠥᠨ ᠤ  ᠬᠦᠴᠦᠨ ᠤ  ᠡᠬᠢ  ᠪᠠᠶᠠᠯᠢᠭ   ᠪᠤᠯᠤᠨ  ᠨᠡᠶᠢᠭᠡᠮ ᠤᠨ   ᠪᠠᠳᠤᠯᠠᠪᠤᠷᠢ ᠶ᠋ᠢᠨ   ᠶᠠᠮᠤᠨ ᠤ    ᠨᠡᠶᠢᠭᠡᠮ ᠤᠨ ᠪᠠᠳᠤᠯᠠᠪᠤᠷᠢ ᠶ᠋ᠢᠨ ᠰᠤᠳᠤᠯᠭᠠᠨ ᠤ  ᠭᠠᠵᠠᠷ ᠤᠨ  ᠲᠠᠷᠤᠭ᠎ᠠ ᠶ᠋ᠢᠨ  ᠭᠠᠩ ᠂  ᠬᠡᠰᠡᠭ  ᠤᠯᠤᠰ ᠤᠨ  ᠦᠮᠴᠢᠯᠡᠯ ᠤᠨ  ᠬᠦᠷᠦᠩᠬᠡ ᠶ᠋ᠢ ᠰᠢᠯᠵᠢᠬᠦᠯᠵᠥ  ᠨᠠᠶᠢᠭᠡᠮ ᠤᠨ ᠪᠠᠳᠤᠯᠠᠪᠤᠷᠢ ᠶ᠋ᠢᠨ ᠰᠠᠭᠤᠷᠢ  ᠮᠥᠩᠬᠦ ᠶ᠋ᠢ  ᠲᠡᠬᠦᠯᠳᠡᠷᠵᠢᠬᠦᠯᠬᠦ  ᠠᠷᠭ᠎ᠠ ᠶ᠋ᠢ  ᠲᠤᠭᠳᠠᠭᠠᠬᠤ ᠂  ᠠᠵᠢᠯᠳᠠᠨ ᠠᠵᠢᠯᠴᠢᠨ ᠤ ᠨᠠᠰᠤᠵᠢᠯ ᠤᠨ ᠲᠠᠭᠠᠳᠬᠠᠯ ᠤᠨ ᠬᠤᠪᠢ ᠬᠦᠮᠥᠨ ᠤ ᠲᠠᠩᠰᠠ ᠶ᠋ᠢ ᠲᠡᠬᠦᠯᠳᠡᠷᠵᠢᠬᠦᠯᠬᠦ ᠂ ᠨᠠᠰᠤᠵᠢᠯ ᠤᠨ ᠲᠠᠭᠠᠳᠬᠠᠯ ᠤᠨ ᠲᠦᠷᠢᠮ ᠤᠨ ᠦᠭᠡᠷᠡᠴᠢᠯᠡᠯᠳᠡ ᠶ᠋ᠢ ᠲᠤᠭᠳᠠᠭᠠᠬᠤ ᠭᠤᠷᠪᠠᠨ ᠴᠢᠬᠤᠯᠠ ᠲᠦᠰᠦᠯ ᠢ ᠨᠢᠬᠡᠨᠳᠡ ᠬᠠᠮᠢᠶ᠎ᠠ ᠪᠦᠬᠦᠢ ᠰᠠᠯᠠᠭ᠎ᠠ ᠮᠦᠴᠢᠷ ᠤᠨ ᠡᠨᠡ ᠵᠢᠯ ᠤᠨ ᠠᠵᠢᠯ ᠤᠨ ᠲᠥᠯᠥᠪᠯᠡᠬᠡ ᠳ᠋ᠤ ᠤᠷᠤᠭᠤᠯᠪᠠ ᠃ ᠤᠳᠤᠬᠠᠨ ᠳ᠋ᠤ ᠂ ᠵᠠᠷᠢᠮ  ᠭᠠᠵᠠᠷ ᠤᠨ ᠬᠢᠨ  ᠨᠢᠬᠡᠨᠳᠡ  ᠤᠷᠢᠳᠡᠪᠡᠷ ᠲᠤᠷᠰᠢᠯᠳᠠ  ᠬᠢᠵᠥ ᠂  ᠭᠤᠸᠠᠩᠳᠦᠢᠩ  ᠵᠡᠷᠬᠡ  ᠤᠯᠠᠨ  ᠭᠠᠵᠠᠷ ᠤᠨ ᠬᠢᠨ  ᠪᠢᠴᠢᠭ  ᠮᠠᠲ᠋ᠸᠷᠢᠶᠠᠯ  ᠪᠠᠭᠤᠯᠭᠠᠵᠥ  ᠨᠠᠶᠢᠭᠡᠮ ᠤᠨ ᠪᠠᠳᠤᠯᠠᠪᠤᠷᠢ ᠶ᠋ᠢᠨ ᠰᠦᠢᠳᠬᠡᠯ ᠤᠨ ᠨᠤᠷᠮ᠎ᠠ ᠶ᠋ᠢ ᠪᠠᠭᠤᠷᠠᠭᠤᠯᠤᠭᠰᠠᠠ ᠪᠠᠶᠢᠨ᠎ᠠ ᠬᠡᠵᠥ ᠢᠯᠡᠳᠬᠡᠪᠡ ᠃                   
       ᠡᠬᠦᠷᠬᠡ 3 ᠎᠎——                
       ᠡᠮ ᠡᠮᠨᠡᠯᠬᠡ ᠄ 2016 ᠤᠨ ᠳ᠋ᠤ ᠶᠡᠬᠡ  ᠡᠪᠡᠳᠴᠢᠨ ᠤ  ᠲᠠᠭᠠᠳᠬᠠᠯ ᠢ  ᠪᠦᠬᠦᠨ ᠢ  ᠪᠦᠷᠬᠦᠬᠦᠯᠬᠦ ᠶ᠋ᠢ  ᠪᠡᠶᠡᠯᠡᠬᠦᠯᠵᠤ ᠂ ᠬᠤᠳᠠ ᠬᠦᠳᠡᠬᠡ ᠶ᠋ᠢᠨ ᠰᠠᠭᠤᠭᠠᠯᠢ ᠠᠷᠠᠳ ᠤᠨ ᠦᠨᠳᠤᠰᠤᠨ ᠡᠮ ᠡᠮᠨᠡᠯᠬᠡ ᠶ᠋ᠢᠨ ᠲᠠᠭᠠᠳᠬᠠᠯ ᠤᠨ ᠲᠦᠷᠢᠮ ᠢ  ᠨᠡᠶᠢᠳᠭᠡᠨ᠎ᠠ ᠃             
        ᠵᠠᠰᠠᠬ ᠤᠨ ᠤᠷᠳᠤᠨ ᠤ ᠠᠵᠢᠯ ᠤᠨ ᠢᠯᠡᠳᠬᠡᠯ ᠳ᠋ᠤ ᠂ 2016 ᠤᠨ ᠳ᠋ᠤ ᠡᠮ ᠡᠮᠨᠡᠯᠬᠡ ᠂ ᠡᠮᠨᠡᠯᠬᠡ ᠶ᠋ᠢᠨ  ᠲᠠᠭᠠᠳᠬᠠᠯ ᠂ ᠡᠮᠴᠢᠯᠡᠬᠡ ᠡᠮ ᠤᠨ ᠬᠤᠯᠪᠤᠭᠠᠯᠠᠬᠰᠠᠨ ᠦᠬᠡᠷᠡᠴᠢᠯᠠᠯᠳᠠ ᠶ᠋ᠢ ᠠᠬᠢᠭᠤᠯᠤᠨ᠎ᠠ ᠃ 70% ᠰᠢᠬᠠᠮ ᠤᠨ ᠲᠤᠰᠬᠠᠢ  ᠤᠷᠤᠨ ᠳ᠋ᠤ  ᠲᠡᠰ ᠬᠤᠪᠢᠶᠠᠵᠤ ᠤᠨᠤᠰᠢᠯᠠᠨ ᠡᠮᠨᠡᠬᠦ ᠲᠤᠷᠰᠢᠯᠳᠠ ᠶ᠋ᠢ ᠦᠷᠨᠢᠬᠦᠯᠤᠨ᠎ᠠ ᠃ ᠲᠦᠪ ᠤᠨ ᠡᠳ᠋ ᠤᠨ  ᠵᠠᠰᠠᠬ ᠡᠴᠠ  ᠬᠤᠳᠠ  ᠬᠦᠳᠡᠬᠡ ᠶ᠋ᠢᠨ ᠡᠮ ᠡᠮᠨᠡᠯᠬᠡ ᠶ᠋ᠢᠨ ᠠᠪᠤᠷᠠᠨ ᠲᠤᠰᠠᠯᠠᠬᠤ ᠨᠦᠬᠦᠪᠤᠷᠢ ᠶ᠋ᠢᠨ ᠪᠡᠯᠡ ᠮᠦᠩᠬᠦ ᠶ᠋ᠢ 160 ᠳ᠋ᠦᠩᠰᠢᠭᠤᠷ  ᠲᠦᠬᠦᠷᠢᠭ  ᠲᠤᠬᠢᠷᠠᠭᠤᠯᠪᠠ ᠃ ᠡᠬᠦᠨ ᠤ ᠬᠠᠮᠳᠤ ᠂ ᠬᠤᠳᠠ ᠬᠦᠳᠡᠬᠡ ᠶ᠋ᠢᠨ ᠰᠠᠭᠤᠭᠠᠯᠢ ᠠᠷᠠᠳ ᠤᠨ  ᠦᠨᠳᠤᠰᠤᠨ  ᠡᠮ  ᠡᠮᠨᠡᠯᠬᠡ  ᠲᠠᠭᠠᠳᠬᠠᠯ ᠤᠨ  ᠲᠦᠷᠢᠮ ᠢ  ᠨᠡᠶᠢᠳᠭᠡᠵᠦ ᠂  ᠡᠳ᠋ ᠤᠨ  ᠵᠠᠰᠠᠬ ᠤᠨ  ᠨᠦᠬᠦᠪᠤᠷᠢ ᠶ᠋ᠢ  ᠬᠦᠮᠤᠨ  ᠪᠦᠷᠢ ᠳ᠋ᠤ  ᠵᠢᠯ ᠳ᠋ᠤ  380  ᠲᠦᠬᠦᠷᠢᠭ  ᠨᠦᠬᠦᠪᠤᠷᠢᠯᠠᠵᠤ ᠪᠠᠢᠬᠰᠠᠨ ᠡᠴᠠ  420  ᠲᠦᠬᠦᠷᠢᠭ  ᠪᠤᠯᠭᠠᠨ  ᠨᠡᠮᠡᠭᠳᠡᠬᠦᠯᠪᠠ ᠃  ᠦᠨᠳᠤᠰᠤᠨ  ᠤᠯᠠᠨ   ᠨᠡᠶᠢᠳᠠ ᠶ᠋ᠢᠨ  ᠤᠢᠯᠡᠴᠢᠯᠡᠬᠡᠨ ᠤ ᠵᠠᠷᠤᠳᠠᠯ ᠤᠨ ᠡᠳ᠋ ᠤᠨ ᠵᠠᠰᠠᠬ ᠤᠨ ᠨᠦᠬᠦᠪᠤᠷᠢ ᠶ᠋ᠢ ᠬᠦᠮᠤᠨ ᠲᠤᠮᠳᠠᠴᠢ ᠪᠠᠷ 40 ᠲᠦᠬᠦᠷᠢᠭ  ᠪᠠᠶᠢᠭᠰᠠᠨ ᠡᠴᠠ 45  ᠲᠦᠬᠦᠷᠢᠭ ᠪᠤᠯᠭᠠᠨ ᠨᠡᠮᠡᠭᠳᠡᠬᠦᠯᠵᠤ ᠂ ᠡᠮ ᠡᠮᠨᠡᠯᠬᠡ ᠶ᠋ᠢᠨ ᠡᠬᠢ ᠪᠠᠶᠠᠯᠢᠬ ᠢ ᠦᠨᠳᠤᠰᠤᠨ ᠱᠠᠳᠤ ᠪᠤᠯᠤᠨ ᠬᠦᠳᠡᠬᠡ ᠲᠤᠰᠬᠤᠨ ᠳ᠋ᠤ ᠬᠦᠢᠯᠬᠡᠬᠡᠬᠦ ᠶ᠋ᠢ ᠠᠬᠢᠭᠤᠯᠤᠨ᠎ᠠ ᠬᠡᠵᠤ ᠲᠤᠷᠠᠳᠤᠨ ᠭᠠᠷᠭᠠᠪᠠ ᠃                 
       ᠪᠦᠬᠦ ᠤᠯᠤᠰ ᠤᠨ ᠠᠷᠠᠳ ᠤᠨ ᠲᠦᠯᠤᠬᠡᠯᠡᠭᠴᠢᠳ ᠤᠨ  ᠶᠡᠬᠡ  ᠬᠤᠷᠠᠯ ᠤᠨ  ᠲᠦᠯᠤᠬᠡᠯᠡᠭᠴᠢ ᠂  ᠠᠨᡁᠦᠢᠢ  ᠮᠤᠵᠢ ᠶ᠋ᠢᠨ  ᠨᠡᠶᠢᠭᠡᠮ ᠤᠨ ᠰᠢᠨᠵᠢᠯᠡᠬᠦ ᠤᠬᠠᠭᠠᠨ ᠤ ᠬᠦᠷᠢᠶᠠᠯᠠᠩ ᠤᠨ  ᠰᠤᠳᠤᠯᠤᠬᠴᠢ  ᠴᠢᠶᠠᠨ  ᠨᠢᠶᠠᠨ  ᠰᠦᠨ ᠂  ᠮᠠᠨ ᠤ  ᠤᠯᠤᠰ ᠤᠨ  ᠡᠮ ᠡᠮᠨᠡᠯᠬᠡ ᠶ᠋ᠢᠨ  ᠦᠬᠡᠷᠡᠴᠢᠯᠠᠯᠳᠠ ᠶ᠋ᠢ  ᠲᠦᠷᠬᠡᠳᠬᠡᠨ  ᠠᠬᠢᠭᠤᠯᠵᠤ ᠂  ᠡᠬᠡᠯ  ᠠᠷᠠᠳ ᠤᠨ  ᠡᠪᠡᠳᠴᠢᠨ  ᠦᠵᠡᠬᠦᠯᠬᠦ ᠳ᠋ᠤ  ᠬᠦᠴᠢᠷ ᠡᠪᠡᠳᠴᠢᠨ  ᠦᠵᠡᠬᠦᠯᠬᠦ ᠳ᠋ᠤ  ᠦᠨᠠᠳᠠᠢ  ᠠᠰᠠᠭᠤᠳᠠᠯ ᠢ  ᠢᠳᠡᠭ  ᠢᠳᠡᠭ ᠢᠶᠠᠷ  ᠰᠢᠢᠳᠪᠤᠷᠢᠯᠠᠵᠤ  ᠪᠠᠢᠨ᠎ᠠ ᠂  ᠡᠳᠡᠬᠡᠷ ᠨᠢ  ᠴᠤ ᠦᠬᠡᠷᠡᠴᠢᠯᠠᠯᠳᠠ ᠶ᠋ᠢᠨ ᠬᠦᠷᠳᠡᠭᠡᠯ ᠤᠨ ᠮᠡᠳᠡᠷᠡᠮᠵᠢ ᠶ᠋ᠢ ᠨᠡᠮᠡᠭᠳᠡᠬᠦᠯᠬᠦ ᠴᠢᠬᠤᠯᠠ ᠠᠷᠭ᠎ᠠ ᠪᠤᠯᠤᠨ᠎ᠠ ᠃ ᠤᠳᠤᠬᠠᠨ ᠳ᠋ᠤ ᠂  ᠬᠡᠤᠬᠡᠳ ᠤᠨ ᠡᠮᠨᠡᠯᠬᠡ ᠶ᠋ᠢᠨ ᠡᠮᠴᠢ ᠲᠤᠳᠠᠬᠳᠠᠵᠤ ᠂ ᠡᠮᠨᠡᠯᠬᠡ ᠶ᠋ᠢᠨ ᠬᠤᠷᠢᠶᠠᠨ ᠤ 《 ᠳ᠋ᠤᠭᠠᠷ ᠤᠨ ᠰᠠᠷᠢᠭᠠᠴᠢᠨ》 ᠵᠡᠷᠬᠡ  ᠠᠰᠠᠭᠤᠳᠠᠯ  ᠮᠦᠨ  ᠯᠠ ᠤᠷᠤᠰᠢᠵᠤ ᠂  ᠦᠬᠡᠷᠡᠴᠢᠯᠠᠯᠳᠠ ᠶ᠋ᠢᠨ  ᠡᠷᠴᠢᠮ ᠢᠶᠡᠨ  ᠴᠢᠩᠭᠠᠷᠠᠭᠤᠯᠵᠤ ᠂  ᠬᠦᠮᠤᠨ  ᠪᠦᠬᠦᠨ ᠳ᠋ᠤ  ᠨᠡᠩ   ᠪᠦᠷᠢᠨ   ᠲᠡᠬᠦᠯᠳᠡᠷ ᠡᠮᠴᠢᠯᠡᠬᠡᠨ ᠤ  ᠦᠢᠯᠡᠴᠢᠯᠡᠭᠡ ᠡᠳ᠋ᠯᠡᠬᠦᠯᠬᠦ ᠴᠢᠬᠤᠯᠠᠳᠠᠢ ᠬᠡᠵᠤ ᠢᠯᠡᠳᠬᠡᠪᠡ ᠃                  
        ᠡᠬᠦᠷᠬᠡ 4 ——                 
        ᠶᠠᠳᠠᠭᠤ ᠶ᠋ᠢ  ᠲᠡᠳᠬᠦᠬᠦ ᠄  2016  ᠤᠨ ᠳ᠋ᠤ  1000  ᠲᠦᠮᠨ  ᠭᠠᠷᠤᠢ  ᠬᠦᠳᠡᠬᠡ   ᠲᠤᠰᠬᠤᠨ ᠤ   ᠶᠠᠳᠠᠭᠤ ᠬᠦᠴᠢᠷᠳᠠᠯ ᠲᠠᠢ ᠬᠦᠮᠤᠨ ᠠᠮᠠ ᠶ᠋ᠢ ᠶᠠᠳᠠᠭᠤ ᠡᠴᠠ ᠠᠩᠬᠢᠵᠢᠷᠠᠭᠤᠯᠵᠤ ᠂ ᠲᠦᠪ ᠤᠨ ᠡᠳ᠋ ᠤᠨ ᠵᠠᠰᠠᠬ ᠤᠨ  ᠶᠠᠳᠠᠭᠤ ᠶ᠋ᠢ  ᠲᠡᠳᠬᠦᠬᠦ ᠪᠡᠯᠡ ᠮᠦᠩᠬᠦ ᠶ᠋ᠢ 43.4% ᠢᠶᠠᠷ ᠨᠡᠮᠡᠭᠳᠡᠬᠦᠯᠤᠨ᠎ᠠ ᠃                        
       ᠵᠠᠰᠠᠭ ‍ᠤᠨ ᠤᠷᠳᠤᠨ ᠤ ᠠᠵᠢᠯ ᠤᠨ ᠢᠯᠡᠳᠬᠡᠯ ᠳ᠋ᠤ ᠂  ᠶᠠᠳᠠᠭᠤ ᠡᠴᠠ  ᠠᠩᠬᠢᠵᠢᠷᠠᠭᠤᠯᠵᠤ  ᠪᠤᠭᠤᠮᠳᠠ  ᠰᠢᠪᠳᠤᠯᠬᠤ ᠢᠨᠵᠸᠨ᠋ᠸᠷᠢᠩ ᠢ  ᠭᠡᠷᠡᠭᠵᠢᠬᠦᠯᠤᠨ᠎ᠠ ᠃  2016  ᠤᠨ ᠳ᠋ᠤ  1000  ᠲᠦᠮᠡ  ᠭᠠᠷᠤᠢ  ᠬᠦᠳᠡᠬᠡ  ᠲᠤᠰᠬᠤᠨ ᠤ  ᠶᠠᠳᠠᠭᠤ ᠬᠦᠴᠢᠷᠳᠠᠯ ᠲᠠᠢ ᠬᠦᠮᠤᠨ ᠠᠮᠠ ᠢ ᠶᠠᠳᠠᠭᠤ ᠡᠴᠠ ᠠᠩᠬᠢᠵᠢᠷᠠᠭᠤᠯᠬᠤ ᠡᠬᠦᠷᠬᠡ ᠶ᠋ᠢ  ᠪᠡᠶᠡᠯᠡᠬᠦᠯᠵᠤ ᠂  ᠡᠬᠦᠨ ᠳ᠋ᠤ  200  ᠲᠦᠮᠡᠨ ᠬᠦᠮᠤᠨ ᠢ ᠪᠤᠰᠤᠳ ᠭᠠᠵᠠᠷ ᠲᠤ ᠨᠡᠬᠦᠯᠬᠡᠨ ᠶᠠᠳᠠᠭᠤ ᠡᠴᠠ ᠠᠩᠬᠢᠵᠢᠷᠠᠭᠤᠯᠵᠤ ᠂ ᠶᠠᠳᠠᠭᠤ ᠬᠦᠴᠢᠷᠳᠠᠯ ᠲᠠᠢ ᠲᠠᠷᠢᠶᠠᠴᠢᠨ ᠡᠷᠤᠬᠡ ᠶ᠋ᠢᠨ ᠠᠶᠤᠯ ᠲᠠᠢ ᠭᠡᠷ ᠪᠠᠢᠰᠢᠩ ᠢ  ᠰᠢᠨᠡᠳᠬᠡᠨ  ᠵᠠᠰᠠᠬᠤ ᠶ᠋ᠢ  ᠦᠷᠬᠦᠯᠵᠢᠯᠠᠨ  ᠠᠬᠢᠭᠤᠯᠤᠨ᠎ᠠ ᠃  ᠲᠦᠪ ᠤᠨ  ᠡᠳ᠋ ᠤᠨ  ᠵᠠᠰᠠᠬ ᠤᠨ ᠶᠠᠳᠠᠭᠤ ᠶ᠋ᠢ  ᠲᠡᠳᠬᠦᠬᠦ  ᠪᠡᠯᠡ  ᠮᠦᠩᠬᠦ ᠶ᠋ᠢ  43.4%  ᠨᠡᠮᠡᠭᠳᠡᠬᠦᠯᠪᠠ ᠃  ᠤᠨᠢᠨ  ᠲᠡᠭᠡᠷ᠎ᠠ ᠨᠢ  ᠶᠠᠳᠠᠭᠤ ᠶ᠋ᠢ   ᠲᠡᠳᠬᠦᠬᠦ ᠶ᠋ᠢ ᠪᠠᠷᠢᠮᠳᠠᠯᠠᠵᠤ ᠂ ᠬᠦᠮᠤᠨ ᠪᠠ ᠭᠠᠵᠠᠷ ᠤᠷᠤᠨ ᠤ  ᠪᠠᠶᠢᠳᠠᠯ ᠢ ᠦᠨᠳᠤᠰᠤᠯᠠᠨ ᠲᠦᠷᠤ ᠶ᠋ᠢᠨ ᠪᠤᠳᠤᠯᠭ᠎ᠠ ᠶ᠋ᠢ ᠭᠡᠷᠡᠭᠵᠢᠬᠦᠯᠤᠨ᠎ᠠ ᠃                 
       ᠪᠦᠬᠦ ᠤᠯᠤᠰ ᠤᠨ ᠠᠷᠠᠳ ᠤᠨ ᠲᠦᠯᠤᠬᠡᠯᠡᠭᠴᠢᠳ ᠤᠨ ᠶᠡᠬᠡ  ᠬᠤᠷᠠᠯ ᠤᠨ  ᠲᠦᠯᠤᠬᠡᠯᠡᠭᠴᠢ  ᠯᠢ  ᠰᠦᠩ  ᠴᠢᠤᠸᠠᠨ ᠂ ᠶᠠᠳᠠᠭᠤ ᠶ᠋ᠢ ᠲᠡᠳᠬᠦᠬᠦ ᠪᠤᠭᠤᠮᠳᠠ ᠰᠢᠪᠳᠤᠯᠬᠤ ᠡᠬᠦᠷᠬᠡ ᠶ᠋ᠢ ᠪᠡᠶᠡᠯᠡᠬᠦᠯᠬᠦ ᠳ᠋ᠤ ᠵᠠᠰᠠᠬ ᠤᠨ ᠤᠷᠳᠤᠨ ᠂ ᠠᠵᠤ   ᠠᠬᠤᠶᠢᠯᠠᠯ  ᠵᠡᠷᠬᠡ ᠶ᠋ᠢ ᠪᠠᠬᠳᠠᠭᠠᠬᠰᠠᠨ ᠡᠯ᠎ᠠ ᠲᠠᠯ᠎ᠠ ᠶ᠋ᠢᠨ ᠬᠦᠴᠤᠨ ᠢ ᠬᠦᠭᠵᠢᠬᠡᠵᠤ ᠂ ᠶᠠᠳᠠᠭᠤ ᠬᠦᠴᠢᠷᠳᠠᠯ ᠲᠠᠢ  ᠭᠠᠵᠠᠷ  ᠤᠷᠤᠨ ᠤ  ᠠᠷᠠᠳ  ᠲᠦᠮᠡᠨ ᠤ ᠴᠢᠨᠡᠭᠡᠯᠢᠭ  ᠨᠡᠶᠢᠭᠡᠮ ᠢ ᠪᠡᠶᠡᠯᠡᠬᠦᠯᠬᠦ ᠠᠶᠠᠨ ᠵᠠᠮ ᠳ᠋ᠤ ᠡᠩᠨᠡᠬᠡ ᠡᠴᠠ ᠬᠤᠴᠤᠷᠬᠤ ᠦᠬᠡᠢ  ᠪᠠᠶᠢᠬᠤ ᠶ᠋ᠢ  ᠪᠠᠳᠤᠯᠠᠬᠤ  ᠭᠡᠷᠡᠭᠳᠠᠢ  ᠬᠡᠵᠤ ᠢᠯᠡᠳᠬᠡᠪᠡ ᠃                  
      ᠡᠬᠦᠷᠬᠡ 5 ——                 

      ᠤᠷᠤᠨ ᠰᠠᠭᠤᠴᠠ ᠄ 2016 ᠤᠨ ᠳ᠋ᠤ ᠬᠤᠳᠠ ᠪᠠᠯᠭᠠᠰᠤᠨ ᠤ ᠲᠦᠬᠦᠮ ᠪᠦᠳᠤᠴᠠᠳᠤ ᠤᠷᠤᠨ ᠰᠠᠭᠤᠴᠠ ᠶ᠋ᠢ 600 ᠲᠦᠮᠡᠨ ᠢᠵᠢ ᠰᠢᠨᠡᠳᠬᠡᠨ ᠵᠠᠰᠠᠵᠤ ᠂ ᠬᠦᠳᠡᠬᠡ  ᠲᠤᠰᠬᠤᠨ ᠤ  314  ᠲᠦᠮᠡᠨ  ᠡᠷᠤᠬᠡ ᠶ᠋ᠢᠨ  ᠠᠶᠤᠯ ᠲᠠᠢ  ᠬᠡᠷ   ᠪᠠᠶᠢᠰᠢᠩ ᠢ ᠰᠢᠨᠡᠳᠬᠡᠨ ᠵᠠᠰᠠᠨ᠎ᠠ   ᠃              

      ᠵᠠᠰᠠᠬ ᠤᠨ ᠤᠷᠳᠤᠨ ᠤ ᠠᠵᠢᠯ ᠤᠨ ᠢᠯᠡᠳᠬᠡᠯ ᠵᠢᠴᠢ  ᠤᠯᠤᠰ  ᠠᠷᠠᠳ ᠤᠨ  ᠠᠵᠤ  ᠠᠬᠤᠢ  ᠪᠤᠯᠤᠨ  ᠨᠠᠶᠢᠭᠡᠮ ᠤᠨ ᠬᠦᠭᠵᠢᠯᠳᠠ ᠶ᠋ᠢᠨ ᠲᠦᠯᠤᠪᠯᠡᠬᠡ ᠶ᠋ᠢᠨ ᠲᠦᠰᠤᠯ ᠳ᠋ᠤ ᠂ ᠬᠤᠳᠠ ᠪᠠᠯᠭᠠᠰᠤᠨ ᠤ ᠪᠠᠳᠤᠯᠠᠪᠤᠷᠢ ᠶ᠋ᠢᠨ ᠴᠢᠨᠠᠷᠳᠠᠢ ᠤᠷᠤᠨ  ᠰᠠᠭᠤᠴᠠ ᠶ᠋ᠢᠨ ᠠᠮᠤᠷ ᠠᠮᠤᠭᠤᠯᠠᠩ ᠢᠨᠵᠸᠨ᠋ᠸᠷᠢᠩ ᠤᠨ ᠪᠦᠳᠤᠬᠡᠨ  ᠪᠠᠶᠢᠭᠤᠯᠤᠯᠳᠠ ᠪᠤᠯᠤᠨ ᠭᠡᠷ  ᠭᠠᠵᠠᠷ  ᠬᠦᠷᠤᠩᠬᠡ ᠶ᠋ᠢᠨ  ᠵᠠᠬ᠎ᠠ  ᠲᠡᠯᠬᠡᠬᠦᠷ ᠤᠨ ᠲᠤᠭᠳᠠᠭᠤᠨ ᠡᠷᠡᠬᠦᠯ ᠬᠦᠭᠵᠢᠯᠳᠠ ᠶ᠋ᠢ ᠠᠬᠢᠭᠤᠯᠵᠤ ᠂ ᠬᠤᠳᠠ  ᠪᠠᠯᠭᠠᠰᠤᠨ ᠤ  ᠲᠦᠬᠦᠮ  ᠪᠦᠳᠤᠴᠠᠳᠤ  ᠤᠷᠤᠨ  ᠰᠠᠭᠤᠴᠠ ᠶ᠋ᠢ 600 ᠲᠦᠮᠡᠨ ᠢᠵᠢ ᠰᠢᠨᠡᠳᠬᠡᠨ ᠵᠠᠰᠠᠵᠤ ᠂ ᠬᠦᠳᠡᠬᠡ ᠲᠤᠰᠬᠤᠨ ᠤ 314 ᠲᠦᠮᠡᠨ ᠡᠷᠤᠬᠡ ᠶ᠋ᠢᠨ ᠠᠶᠤᠯᠳᠠᠢ  ᠭᠡᠷ  ᠪᠠᠢᠰᠢᠩ ᠢ ᠰᠢᠨᠡᠳᠬᠡᠨ ᠵᠠᠰᠠᠨ᠎ᠠ ᠃  ᠲᠡᠷᠡᠴᠢᠯᠠᠨ ᠂  ᠲᠦᠷᠢᠶᠡᠰᠤᠯᠡᠬᠦ  ᠬᠤᠳᠠᠯᠳᠤᠨ  ᠠᠪᠬᠤ ᠶ᠋ᠢ  ᠵᠡᠷᠬᠡᠴᠡᠬᠦᠯᠦᠭᠰᠡᠨ  ᠤᠷᠤᠨ  ᠰᠠᠭᠤᠴᠠ ᠶ᠋ᠢᠨ ᠲᠦᠷᠢᠮ ᠢ  ᠪᠠᠶᠢᠭᠤᠯᠵᠦ᠂ ᠨᠦᠬᠦᠴᠠᠯ ᠳ᠋ᠤ ᠲᠤᠬᠢᠷᠠᠬᠤ ᠭᠠᠳᠠᠨ᠎ᠠ ᠡᠴᠠ ᠢᠷᠡᠭᠰᠡᠨ ᠡᠷᠤᠬᠡ ᠶ᠋ᠢ  ᠢᠳᠡᠭ  ᠢᠳᠡᠭ ᠢᠶᠠᠷ   ᠨᠡᠶᠢᠳᠠ ᠶ᠋ᠢᠨ ᠲᠦᠷᠢᠶᠠᠰᠤᠨ ᠬᠡᠷ ᠢ ᠬᠠᠩᠭᠠᠬᠤ ᠬᠡᠪᠴᠢᠶᠠᠨ ᠳ᠋ᠤ ᠤᠷᠤᠭᠤᠯᠤᠨ᠎ᠠ ᠃                  

       ᠪᠦᠬᠦ ᠤᠯᠤᠰ ᠤᠨ ᠠᠷᠠᠳ ᠤᠨ  ᠲᠦᠯᠤᠬᠡᠯᠡᠭᠴᠢᠳ ᠤᠨ  ᠶᠡᠬᠡ  ᠬᠤᠷᠠᠯ ᠤᠨ  ᠲᠦᠯᠤᠬᠡᠯᠡᠭᠴᠢ ᠂  ᠬᠢᠷᠢᠨ  ᠮᠤᠵᠢ ᠶ᠋ᠢᠨ ᠲᠦᠩᠬᠤᠸᠠ  ᠬᠤᠳᠠ ᠶ᠋ᠢᠨ  ᠨᠠᠮ ᠤᠨ  ᠬᠤᠷᠢᠶᠠᠨ ᠤ  ᠱᠦᠵᠢ ᠶ᠋ᠢᠨ  ᠢᠤᠢ  ᠬᠤᠢ ᠂  ᠤᠷᠤᠨ   ᠰᠠᠭᠤᠴᠠ ᠶ᠋ᠢᠨ   ᠪᠦᠳᠤᠬᠡᠨ ᠪᠠᠢᠭᠤᠯᠤᠯᠳᠠ ᠪᠤᠯᠤᠨ ᠪᠠᠳᠤᠯᠠᠪᠤᠷᠢ ᠶ᠋ᠢᠨ ᠲᠦᠪᠰᠢᠨ ᠢ ᠲᠡᠭᠡᠭᠰᠢᠯᠡᠬᠦᠯᠬᠦ ᠂  ᠭᠡᠷ  ᠭᠠᠵᠠᠷ  ᠬᠦᠷᠤᠩᠬᠡ ᠶ᠋ᠢᠨ  ᠵᠠᠬ᠎ᠠ  ᠲᠡᠯᠬᠡᠬᠦᠷ ᠤᠨ ᠡᠷᠡᠬᠦᠯ ᠬᠦᠭᠵᠢᠯᠳᠠ ᠶ᠋ᠢ ᠠᠬᠢᠭᠤᠯᠬᠤ ᠵᠡᠷᠬᠡ ᠡᠬᠦᠷᠬᠡ ᠮᠠᠰᠢ ᠳᠤᠳᠤᠷᠬᠠᠢ ᠪᠤᠯᠵᠠᠢ ᠬᠡᠵᠤ ᠢᠯᠡᠳᠬᠡᠪᠡ ᠃ 《 ᠤᠷᠤᠨ  ᠨᠤᠳᠤᠬ ᠤᠨ ᠪᠤᠳᠠᠳᠠᠢ ᠡᠴᠠ ᠪᠠᠨ  ᠡᠬᠦᠰᠴᠤ ᠂  ᠬᠤᠯᠪᠤᠬᠳᠠᠯ  ᠪᠦᠬᠦᠢ  ᠠᠷᠠᠳ ᠲᠤ  ᠠᠰᠢᠬ  ᠬᠦᠷᠳᠡᠬᠡᠬᠦ  ᠲᠦᠷᠤ ᠶ᠋ᠢᠨ  ᠪᠤᠳᠤᠯᠭ᠎ᠠ  ᠪᠤᠯᠤᠨ ᠪᠠᠳᠤᠯᠠᠪᠤᠷᠢ ᠶ᠋ᠢᠨ  ᠠᠷᠭ᠎ᠠ ᠶ᠋ᠢ  ᠪᠤᠳᠠᠳᠠᠢ   ᠨᠡᠶᠢᠳᠠᠪᠤᠷᠢᠵᠢᠭᠤᠯᠵᠦ ᠂  ᠠᠷᠠᠳ  ᠲᠦᠮᠡᠨ ᠤ  ᠤᠷᠤᠨ  ᠰᠠᠭᠤᠴᠠ ᠶ᠋ᠢᠨ  ᠨᠦᠬᠦᠴᠠᠯ ᠢ  ᠰᠠᠶᠢᠵᠢᠷᠠᠭᠤᠯᠵᠦ ᠂ ᠠᠷᠠᠳ ᠲᠦᠮᠡᠨ ᠢ ᠰᠠᠭᠤᠬᠤ ᠭᠡᠷ ᠲᠠᠢ ᠂ ᠨᠡᠩ ᠶᠡᠬᠡ ᠬᠦᠷᠳᠡᠬᠡᠯ ᠤᠨ ᠮᠡᠳᠡᠷᠡᠮᠵᠢ ᠲᠠᠢ  ᠪᠠᠶᠢᠯᠭᠠᠬᠤ  ᠭᠡᠷᠡᠭᠳᠠᠢ》 ᠬᠡᠵᠤ ᠶ᠋ᠢᠨ ᠢᠤᠢ ᠬᠤᠢ ᠬᠡᠯᠡᠪᠡ ᠃                  
       ᠡᠬᠦᠷᠭᠡ 6 ——                 
       ᠬᠤᠪᠢ ᠶ᠋ᠢᠨ ᠤᠯᠵᠠᠪᠤᠷᠢ ᠶ᠋ᠢᠨ  ᠭᠠᠶᠢᠯᠢ ᠄ ᠦᠭᠡᠷᠡᠴᠢᠯᠡᠯᠳᠠ ᠶ᠋ᠢᠨ ᠲᠦᠰᠦᠯ ᠢ ᠡᠨᠡ ᠵᠢᠯ ᠪᠦᠬᠦ  ᠤᠯᠤᠰ ᠤᠨ  ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠳ᠋ᠤ ᠲᠡᠪᠰᠢᠬᠦᠯᠦᠨ ᠬᠢᠨᠠᠨ ᠵᠦᠪᠯᠡᠬᠦᠯᠦᠨ᠎ᠠ ᠃
     《 ᠠᠷᠪᠡᠨ ᠭᠤᠷᠪᠠᠳᠤᠭᠠᠷ ᠲᠠᠪᠤᠨ ᠵᠢᠯ》 ᠤᠨ ᠲᠦᠯᠦᠪᠵᠢᠬᠦᠯᠭᠡ ᠶ᠋ᠢᠨ ᠬᠦᠳᠦᠯᠪᠦᠷᠢ ᠶ᠋ᠢᠨ ᠲᠦᠰᠦᠯ ᠳ᠋ᠤ ᠂  ᠶᠡᠷᠤᠩᠬᠡᠶᠢᠯᠡᠬᠦ ᠪᠠ ᠬᠤᠪᠢᠶᠠᠷᠢᠯᠠᠬᠤ ᠶ᠋ᠢ ᠤᠶᠠᠯᠳᠤᠭᠤᠯᠤᠭᠰᠠᠨ ᠬᠤᠪᠢ ᠶ᠋ᠢᠨ ᠤᠯᠵᠠᠪᠤᠷᠢ ᠶ᠋ᠢᠨ  ᠭᠠᠶᠢᠯᠢ ᠶ᠋ᠢᠨ  ᠲᠦᠷᠢᠮ ᠢ  ᠲᠦᠷᠭᠡᠨ  ᠪᠠᠶᠢᠭᠤᠯᠤᠨ᠎ᠠ ᠭᠡᠵᠦ  ᠳᠤᠳᠤᠷᠬᠠᠶᠢᠯᠠᠪᠠ ᠃ ᠡᠳ᠋ ᠤᠨ ᠵᠠᠰᠠᠭ ᠤᠨ ᠶᠠᠮᠤᠨ ᠤ  ᠰᠡᠶᠢᠳ ᠯᠸᠦ ᠵᠢᠢ  ᠸᠸᠢ  ᠬᠤᠶᠠᠷ  ᠬᠤᠷᠠᠯ ᠤᠨ  ᠰᠤᠨᠢᠨ  ᠮᠡᠳᠡᠭᠡ  ᠨᠡᠶᠢᠳᠡᠯᠡᠬᠦ ᠬᠤᠷᠠᠯ ᠳᠡᠭᠡᠷ᠎ᠠ ᠂ ᠤᠳᠤᠬᠠᠨ ᠳ᠋ᠤ ᠬᠤᠪᠢ ᠶ᠋ᠢᠨ  ᠤᠯᠵᠠᠪᠤᠷᠢ ᠶ᠋ᠢᠨ  ᠭᠠᠶᠢᠯᠢ ᠶ᠋ᠢᠨ  ᠲᠦᠰᠦᠯ ᠢ  ᠨᠢᠭᠡᠨᠳᠠ  ᠲᠦᠷᠦ ᠶ᠋ᠢᠨ ᠶᠠᠪᠤᠳᠠᠯ ᠤᠨ ᠬᠤᠷᠢᠶ᠎ᠠ ᠳ᠋ᠤ ᠲᠡᠪᠰᠢᠬᠦᠯᠪᠠ ᠃ ᠪᠦᠬᠦ ᠤᠯᠤᠰ ᠤᠨ ᠠᠷᠠᠳ ᠤᠨ ᠲᠦᠯᠦᠭᠡᠯᠡᠭᠴᠢᠳ ᠤᠨ ᠶᠡᠭᠡ  ᠬᠤᠷᠠᠯ ᠤᠨ  ᠬᠠᠤᠯᠢ ᠳᠤᠭᠳᠠᠭᠠᠬᠤ ᠶ᠋ᠢᠨ ᠲᠦᠯᠦᠪᠵᠢᠬᠦᠯᠦᠭᠡ ᠪᠠ ᠲᠦᠷᠦ ᠶ᠋ᠢᠨ  ᠶᠠᠪᠤᠳᠠᠯ ᠤᠨ  ᠬᠤᠷᠢᠶᠠᠨ ᠤ  ᠱᠠᠭᠠᠷᠳᠠᠯᠭ᠎ᠠ  ᠶᠤᠰᠤᠭᠠᠷ ᠂  ᠡᠨᠡ  ᠵᠢᠯ ᠶᠡᠷᠤᠩᠬᠡᠶᠢᠯᠡᠬᠦ ᠪᠠ ᠬᠤᠪᠢᠶᠠᠷᠢᠯᠠᠬᠤ ᠶ᠋ᠢ ᠤᠶᠠᠯᠳᠤᠭᠤᠯᠤᠭᠰᠠᠨ ᠬᠤᠪᠢ ᠶ᠋ᠢᠨ ᠤᠯᠵᠠᠪᠤᠷᠢ ᠶ᠋ᠢᠨ  ᠭᠠᠶᠢᠯᠢ ᠶ᠋ᠢᠨ ᠬᠠᠤᠯᠢ ᠶ᠋ᠢᠨ ᠲᠦᠰᠦᠯ ᠢ ᠪᠦᠬᠦ  ᠤᠯᠤᠰ ᠤᠨ  ᠠᠷᠠᠳ ᠤᠨ  ᠲᠦᠯᠦᠭᠡᠯᠡᠭᠴᠢᠳ ᠤᠨ  ᠶᠡᠭᠡ  ᠬᠤᠷᠠᠯ ᠳ᠋ᠤ  ᠲᠡᠪᠰᠢᠬᠦᠯᠦᠨ  ᠬᠢᠨᠠᠨ  ᠵᠦᠪᠯᠡᠬᠦᠯᠦᠨ᠎ᠠ  ᠭᠡᠵᠦ ᠢᠯᠡᠳᠭᠡᠪᠡ ᠃                 
         ᠵᠠᠷᠢᠮ ᠲᠦᠯᠦᠭᠡᠯᠡᠭᠴᠢ ᠭᠡᠰᠢᠬᠦᠨ ᠪᠠ ᠠᠵᠢᠯ ᠲᠦᠷᠦᠯ ᠤᠨ ᠲᠤᠰᠬᠠᠢ ᠮᠡᠷᠭᠡᠵᠢᠯᠳᠠᠨ ᠂ 11 ᠵᠦᠢᠯ ᠤᠨ  ᠤᠯᠵᠠᠪᠤᠷᠢ ᠶ᠋ᠢ ᠵᠤᠬᠢᠰᠳᠠᠢ ᠪᠠᠷ  ᠨᠡᠶᠢᠳᠭᠡᠨ ᠳᠠᠳᠠᠪᠤᠷᠢᠯᠡᠵᠦ ᠂ 《 ᠦᠨᠳᠦᠰᠦᠨ ᠬᠠᠰᠤᠯᠳᠠ + ᠲᠤᠰᠬᠠᠢ ᠬᠠᠰᠤᠯᠳᠠ》 ᠶ᠋ᠢᠨ ᠭᠠᠶᠢᠯᠢ ᠡᠴᠠ ᠡᠮᠦᠨ᠎ᠠ ᠬᠠᠰᠤᠬᠤ ᠲᠦᠷᠢᠮ ᠢ  ᠪᠠᠶᠢᠭᠤᠯᠬᠤ ᠡᠨᠡ ᠬᠤᠶᠠᠷ ᠲᠠᠯ ‍᠎ᠠ ᠨᠢ ᠦᠭᠡᠷᠡᠴᠢᠯᠡᠯᠳᠠ ᠶ᠋ᠢᠨ ᠭᠤᠤᠯᠳᠠᠯᠭ᠎ᠠ ᠪᠤᠯᠵᠦ ᠂ ᠤᠯᠠᠮᠵᠢᠯᠠᠯᠳᠦ  ᠳᠠᠩ ᠴᠤᠯᠭᠤᠢ ᠪᠠᠷ ᠴᠠᠯᠢᠩ ᠬᠦᠯᠦᠰᠦ ᠶ᠋ᠢᠨ  ᠤᠯᠭᠤᠮᠵᠢ ᠶ᠋ᠢᠨ 《 ᠡᠬᠢᠯᠡᠵᠦ  ᠳᠠᠳᠠᠪᠤᠷᠢᠯᠠᠬᠤ  ᠴᠢᠬ》 ᠤᠨ  《 ᠨᠢᠭᠡᠯᠡ  ᠬᠢᠳᠤᠭ᠎ᠠ ᠪᠠᠷ ᠵᠦᠰᠦᠬᠦ》 ᠶ᠋ᠢ ᠵᠠᠷᠤᠯᠭ᠎ᠠ ᠶ᠋ᠢᠨ ᠵᠦᠷᠢᠶ᠎ᠠ ᠶ᠋ᠢ ᠬᠠᠷᠠᠭᠤᠯᠤᠭᠰᠠᠨ 《 ᠦᠪᠡᠷᠮᠢᠴᠡ ᠤᠨᠴᠠᠯᠢᠭ》 ᠲᠠᠢ ᠪᠤᠯᠭᠠᠵᠠᠢ ᠃                  
        ᠡᠬᠦᠷᠭᠡ 7 ——                 
        ᠤᠷᠴᠢᠨ ᠲᠤᠭᠤᠷᠢᠨ ᠤ ᠵᠠᠰᠠᠯᠳᠠ ᠄ 5 ᠵᠢᠯ ᠤᠨ ᠳᠤᠳᠤᠷ᠎ᠠ ᠭᠠᠵᠠᠷ ᠤᠨ ᠲᠡᠰ ᠡᠴᠠ ᠳᠡᠭᠡᠭᠰᠢᠬᠢ  ᠬᠤᠳᠠ ᠶ᠋ᠢᠨ  ᠠᠭᠠᠷ ᠮᠠᠨᠳᠠᠯ ᠤᠨ ᠶᠠᠰᠤ ᠴᠢᠨᠡᠷ ᠤᠨ ᠰᠢᠯᠢᠳᠡᠭ  ᠰᠠᠶᠢᠨ ᠡᠳᠦᠷ ᠤᠨ ᠬᠠᠷᠢᠴᠠᠯ ᠢ 80% ᠡᠴᠠ ᠳᠡᠭᠡᠭᠰᠢ ᠪᠠᠢᠯᠭᠠᠨ᠎ᠠ  ᠃                 
        ᠵᠠᠰᠠᠭ ᠤᠨ ᠤᠷᠳᠤᠨ ᠤ ᠠᠵᠢᠯ ᠤᠨ ᠢᠯᠡᠳᠭᠡᠯ ᠳ᠋ᠤ ᠂ ᠭᠤᠤᠯᠳᠠᠯᠭ᠎ᠠ ᠲᠠᠢ ᠭᠠᠵᠠᠷ  ᠤᠷᠤᠨ ᠤ  ᠲᠤᠭᠤᠰᠤᠨᠴᠢᠷ  ᠪᠤᠳᠠᠰ (PM2.5) ᠶ᠋ᠢᠨ  ᠦᠳᠭᠡᠴᠡ ᠶ᠋ᠢᠨ  ᠭᠡᠮᠵᠢᠶ᠎ᠠ ᠶ᠋ᠢ  ᠦᠷᠬᠦᠯᠵᠢᠯᠡᠨ  ᠪᠠᠭᠤᠷᠠᠭᠤᠯᠤᠨ᠎ᠠ ᠃  ᠡᠬᠦᠨ ᠤ  ᠵᠡᠷᠭᠡᠪᠡᠷ ᠂  ᠨᠡᠬᠦᠷᠡᠰᠦ ᠰᠢᠳᠠᠭᠠᠬᠤ ᠶ᠋ᠢᠨ ᠪᠤᠬᠢᠷᠳᠤᠯ ᠪᠤᠳᠠᠰ ᠭᠠᠳᠠᠭᠰᠢᠯᠠᠭᠤᠯᠬᠤ  ᠪᠠ  ᠮᠠᠰᠢᠨ  ᠳᠡᠷᠭᠡᠨ ᠤ  ᠪᠤᠬᠢᠷᠳᠤᠯ  ᠪᠤᠳᠠᠰ  ᠭᠠᠳᠠᠭᠰᠢᠯᠠᠭᠤᠯᠬᠤ ᠶ᠋ᠢ ᠬᠦᠴᠦᠯᠡᠨ ᠪᠠᠭᠤᠷᠠᠭᠤᠯᠤᠨ᠎ᠠ ; 380 ᠲᠦᠮᠡᠡ ᠰᠢᠷ᠎ᠠ  ᠫᠠᠶᠢᠰᠠᠳᠤ ᠳᠡᠷᠭᠡ ᠪᠠ ᠬᠠᠭᠤᠴᠢᠷᠠᠭᠰᠠᠨ  ᠮᠠᠰᠢᠨ  ᠳᠡᠷᠭᠡ ᠶ᠋ᠢ  ᠰᠢᠭᠰᠢᠨ ᠬᠠᠶᠠᠨ᠎ᠠ ; ᠡᠨ᠋ᠸᠷᠬᠢ ᠠᠷᠪᠢᠯᠠᠬᠤ ᠤᠷᠴᠢᠨ ᠲᠤᠭᠤᠷᠢᠨ ᠢ ᠬᠠᠮᠠᠭᠠᠯᠠᠬᠤ ᠠᠵᠤ ᠦᠢᠯᠡᠰ ᠢ ᠶᠡᠭᠡ ᠬᠦᠴᠦ ᠪᠠᠷ ᠬᠦᠭᠵᠢᠬᠦᠯᠦᠨ᠎ᠠ ᠭᠡᠵᠦ ᠲᠤᠷᠠᠳᠪᠠ ᠃  《 ᠠᠷᠪᠡᠨ  ᠭᠤᠷᠪᠠᠳᠤᠭᠠᠷ  ᠲᠠᠪᠤᠨ  ᠵᠢᠯ》 ᠤᠨ  ᠲᠦᠯᠦᠪᠵᠢᠬᠦᠯᠭᠡ ᠶ᠋ᠢᠨ  ᠬᠦᠳᠦᠯᠪᠦᠷᠢ ᠶ᠋ᠢᠨ   ᠲᠦᠰᠦᠯ ᠳ᠋ᠤ ᠂ ᠬᠤᠳᠠ ᠶ᠋ᠢᠨ ᠠᠭᠠᠷ ᠮᠠᠨᠳᠠᠯ ᠤᠨ ᠶᠠᠰᠤ ᠴᠢᠨᠡᠷ ᠢ ᠪᠠᠷᠢᠮᠵᠢᠶ᠎ᠠ ᠳ᠋ᠤ ᠬᠦᠷᠭᠡᠬᠦ ᠲᠦᠯᠦᠪᠯᠡᠭᠡ ᠶ᠋ᠢ ᠲᠤᠭᠳᠠᠭᠠᠵᠦ ᠂ ᠭᠠᠵᠠᠷ ᠤᠨ ᠲᠡᠰ ᠡᠴᠠ ᠳᠡᠭᠡᠭᠰᠢᠬᠢ ᠬᠤᠳᠠ ᠶ᠋ᠢᠨ ᠬᠦᠨᠳᠦ ᠪᠤᠬᠢᠷᠳᠤᠯ ᠲᠠᠢ ᠡᠳᠦᠷ ᠤᠨ ᠲᠤᠭ᠎ᠠ ᠶ᠋ᠢ 25% ᠢᠶᠠᠷ  ᠪᠠᠭᠤᠷᠠᠭᠤᠯᠤᠨ᠎ᠠ ;  ᠬᠠᠷ᠎ᠠ  ᠦᠮᠡᠭᠡᠢ ᠤᠰᠤ ᠶ᠋ᠢ  ᠵᠠᠰᠠᠬᠤ  ᠬᠦᠴᠦᠯᠡᠴᠡ ᠪᠠᠨ  ᠴᠢᠩᠭᠠᠳᠬᠠᠨ᠎ᠠ ;  ᠬᠦᠷᠦᠰᠦᠨ ᠤ  ᠪᠤᠬᠢᠷᠳᠤᠯ ᠢ  ᠬᠤᠪᠢᠶᠠᠷᠢᠯᠠᠵᠦ  ᠲᠡᠰ  ᠬᠤᠪᠢᠶᠠᠨ  ᠰᠠᠷᠭᠡᠶᠢᠯᠡᠨ ᠵᠠᠰᠠᠬᠤ ᠶ᠋ᠢ ᠭᠡᠷᠡᠭᠵᠢᠬᠦᠯᠦᠨ᠎ᠠ ᠭᠡᠵᠦ ᠲᠤᠷᠠᠳᠪᠠ ᠃                 
        ᠤᠷᠴᠢᠨ  ᠲᠤᠭᠤᠷᠢᠨ ᠤ  ᠬᠠᠮᠠᠭᠠᠯᠠᠯᠳᠠ ᠶ᠋ᠢᠨ  ᠶᠠᠮᠤᠨ ᠤ  ᠰᠠᠢᠳ   ᠴᠸᠨ   ᠵᠢᠢ   ᠨᠢᠩ   ᠬᠤᠶᠠᠷ   ᠬᠤᠷᠠᠯ ᠤᠨ ᠬᠤᠭᠤᠴᠠᠭᠠᠨ ᠳ᠋ᠤ ᠂ ᠮᠠᠨ ᠤ ᠤᠯᠤᠰ ᠤᠳᠤᠬᠠᠨ ᠳ᠋ᠤ ᠶᠠᠭ ᠪᠤᠬᠢᠷ ᠮᠠᠨᠠᠨ ᠢ ᠵᠠᠰᠠᠬᠤ  ᠬᠤᠶᠠᠳᠤᠭᠠᠷ  ᠱᠠᠳᠤᠨ ᠳ᠋ᠤ  ᠤᠷᠤᠰᠢᠵᠦ ᠂ ᠳᠤᠮᠳᠠᠳᠤ ᠤᠯᠤᠰ ᠰᠢᠷᠢᠰ ᠬᠠᠳᠠᠭᠤ ᠠᠷᠭ᠎ᠠ ᠠᠪᠴᠠᠯ ᠢᠶᠠᠷ ᠪᠡᠷᠭᠡ ᠬᠠᠳᠠᠭᠤᠵᠢᠯᠳᠠᠢ ᠦᠷᠢᠰᠦᠯᠳᠦᠭᠡᠨ ᠢ ᠠᠷᠭᠠᠴᠠᠭᠠᠵᠦ ᠂ ᠰᠢᠯᠢᠳᠡᠭ  ᠰᠠᠶᠢᠨ ᠡᠳᠦᠷ ᠤᠨ ᠲᠤᠭ᠎ᠠ ᠂ ᠬᠦᠨᠳᠦ ᠪᠤᠬᠢᠷᠳᠤᠯ ᠲᠠᠢ ᠡᠳᠦᠷ ᠤᠨ ᠲᠤᠭ᠎ᠠ ᠂ ᠪᠦᠬᠦ ᠵᠢᠯ ᠤᠨ PM2.5 ᠤᠨ  ᠦᠳᠭᠡᠴᠡ ᠶ᠋ᠢᠨ ᠭᠡᠮᠵᠢᠶ᠎ᠠ ᠵᠡᠷᠭᠡ ᠬᠦᠢᠴᠡᠳᠭᠡᠯ ᠲᠤᠭ᠎ᠠ ᠶᠠᠭ ᠢᠳᠡᠪᠬᠢᠳᠠᠢ ᠬᠤᠪᠢᠷᠠᠯᠳᠠ ᠭᠠᠷᠴᠦ ᠪᠤᠢ ᠭᠡᠵᠦ ᠢᠯᠡᠳᠭᠡᠪᠡ ᠃                  
      ᠡᠬᠦᠷᠭᠡ 8 ——                 
     ᠰᠤᠷᠬᠤ ᠨᠠᠰᠤᠨ ᠡᠴᠠ ᠡᠮᠦᠨᠡᠬᠢ ᠰᠤᠷᠭᠠᠨ ᠬᠦᠮᠦᠵᠢᠯ ᠄  5  ᠵᠢᠯ ᠤᠨ  ᠳᠤᠳᠤᠷ᠎ᠠ  ᠴᠡᠴᠡᠷᠯᠢᠭ ᠲᠤ  ᠤᠷᠤᠬᠤ  ᠪᠦᠬᠦ ᠨᠤᠷᠮ᠎ᠠ ᠶ᠋ᠢ 85% ᠡᠴᠠ ᠳᠡᠭᠡᠭᠰᠢ  ᠪᠠᠶᠢᠯᠭᠠᠨ᠎ᠠ ᠃                 
       ᠰᠤᠷᠭᠠᠨ ᠬᠦᠮᠦᠵᠢᠯ ᠤᠨ ᠶᠠᠮᠤᠨ ᠤ  ᠰᠠᠶᠢᠳ ᠶᠤᠸᠠᠨ ᠬᠦᠢ ᠷᠸᠨ  ᠬᠤᠶᠠᠷ  ᠬᠤᠷᠠᠯ ᠤᠨ  ᠬᠤᠭᠤᠴᠠᠭᠠᠨ ᠳ᠋ᠤ ᠂  ᠨᠢᠭᠡ ᠬᠤᠤᠰ ᠡᠷ᠎ᠠ ᠡᠮ᠎ᠠ ᠬᠤᠶᠠᠷ ᠭᠡᠦᠭᠡᠳ ᠠᠪᠴᠦ  ᠪᠤᠯᠬᠤ  ᠲᠦᠷᠦ ᠶ᠋ᠢᠨ  ᠪᠤᠳᠤᠯᠭ᠎ᠠ ᠶ᠋ᠢ  ᠪᠦᠬᠦ  ᠲᠠᠯ᠎ᠠ ᠪᠠᠷ  ᠭᠡᠷᠡᠭᠵᠢᠬᠦᠯᠦᠭᠰᠡᠨ ᠤ ᠳᠠᠷᠠᠭ᠎ᠠ ᠂ ᠬᠤᠯᠪᠤᠭᠳᠠᠯ ᠪᠦᠬᠦᠢ ᠲᠠᠯ᠎ᠠ ᠶ᠋ᠢᠨ ᠬᠢᠨ ᠤ ᠲᠦᠰᠦᠭᠡᠯᠡᠭᠰᠡᠨ ᠢᠶᠠᠷ  ᠵᠢᠯ  ᠪᠦᠷᠢ  300  ᠲᠦᠮᠡᠨ  ᠵᠢᠭᠠᠯ  ᠰᠢᠨ᠎ᠠ ᠪᠠᠷ ᠨᠡᠮᠡᠭᠳᠡᠵᠦ ᠂ ᠰᠤᠷᠬᠤ ᠨᠠᠰᠤᠨ ᠡᠴᠠ ᠡᠮᠦᠨᠡᠬᠢ ᠰᠤᠷᠭᠠᠨ  ᠬᠦᠮᠦᠵᠢᠯ ᠨᠢ  ᠨᠡᠯᠢᠶᠡᠳ  ᠶᠡᠭᠡ  ᠳᠠᠷᠤᠯᠳᠠ  ᠬᠦᠯᠢᠶᠡᠬᠦ  ᠪᠤᠯᠤᠨ᠎ᠠ ᠃ 《 ᠠᠷᠪᠡᠨ ᠭᠤᠷᠪᠠᠳᠤᠭᠠᠷ ᠲᠠᠪᠤᠨ ᠵᠢᠯ》 ᠤᠨ ᠲᠦᠯᠦᠪᠵᠢᠬᠦᠯᠭᠡ ᠶ᠋ᠢᠨ ᠬᠦᠳᠦᠯᠪᠦᠷᠢ ᠶ᠋ᠢᠨ ᠲᠦᠰᠦᠯ ᠳ᠋ᠤ ᠂  ᠰᠤᠷᠬᠤ  ᠨᠠᠰᠤᠨ ᠡᠴᠠ ᠡᠮᠦᠨᠡᠬᠢ ᠭᠤᠷᠪᠡᠨ ᠵᠢᠯ ᠤᠨ ᠴᠡᠴᠡᠷᠯᠢᠭ ᠲᠤ ᠤᠷᠤᠬᠤ ᠪᠦᠬᠦ ᠨᠤᠷᠮ᠎ᠠ ᠶ᠋ᠢ 85% ᠡᠴᠠ ᠳᠡᠭᠡᠭᠰᠢ  ᠪᠠᠶᠢᠯᠭᠠᠨ᠎ᠠ ᠭᠡᠵᠦ ᠲᠤᠷᠠᠳᠪᠠ ᠃                 
       ᠪᠦᠬᠦ  ᠤᠯᠤᠰ ᠤᠨ  ᠤᠯᠤᠰ  ᠲᠦᠷᠦ ᠶ᠋ᠢᠨ  ᠵᠦᠪᠯᠡᠯᠭᠡᠨ ᠤ  ᠭᠡᠰᠢᠬᠦᠨ ᠂   ᠬᠤᠸᠠ   ᠵᠦᠩ   ᠪᠠᠭᠰᠢ ᠶ᠋ᠢᠨ   ᠶᠡᠭᠡ ᠰᠤᠷᠭᠠᠭᠤᠯᠢ ᠶ᠋ᠢᠨ ᠨᠠᠮ ᠤᠨ  ᠬᠤᠷᠢᠶ᠎ᠠ ᠶ᠋ᠢᠨ  ᠱᠦᠵᠢ  ᠮᠠ  ᠮᠢᠨ  ᠵᠡᠷᠭᠡ  ᠲᠦᠯᠦᠭᠡᠯᠡᠭᠴᠢᠳ ᠂  ᠤᠳᠤᠬᠠᠨ ᠳ᠋ᠤ  ᠨᠡᠩ  ᠤᠯᠠᠨ ᠬᠠᠷᠠᠭᠠᠯᠵᠠᠯ ᠦᠵᠡᠬᠦᠯᠬᠦ ᠴᠢᠨᠠᠷᠳᠠᠢ ᠠᠷᠭ ‍᠎ᠠ ᠠᠪᠴᠠᠯ ᠢ  ᠠᠪᠴᠦ  ᠰᠤᠷᠬᠤ  ᠨᠠᠰᠤᠨ ᠡᠴᠠ  ᠡᠮᠦᠨᠡᠬᠢ  ᠰᠤᠷᠭᠠᠨ  ᠬᠦᠮᠦᠵᠢᠯ ᠤᠨ ᠬᠦᠭᠵᠢᠯᠳᠠ ᠶ᠋ᠢ ᠳᠡᠮᠵᠢᠵᠦ ᠂ ᠠᠯᠪᠡᠨ ᠡᠴᠠ ᠡᠷᠬᠢᠯᠡᠭᠰᠡᠨ ᠴᠡᠴᠡᠷᠯᠢᠭ ᠤᠨ ᠲᠤᠭ᠎ᠠ ᠶ᠋ᠢ  ᠨᠡᠮᠡᠭᠳᠡᠬᠦᠯᠵᠦ ᠂  ᠠᠷᠠᠳ ᠡᠴᠠ  ᠡᠷᠬᠢᠯᠡᠭᠰᠡᠨ ᠴᠡᠴᠡᠷᠯᠢᠭ ᠤᠨ ᠪᠠᠭᠰᠢ ᠳ᠋ᠤ ᠡᠳ᠋ ᠤᠨ ᠵᠠᠰᠠᠭ ᠤᠨ  ᠨᠦᠬᠦᠪᠦᠷᠢ  ᠤᠯᠭᠤᠬᠤ  ᠵᠡᠷᠭᠡ  ᠠᠮᠢᠳᠤᠯᠢᠭ  ᠭᠡᠯᠪᠡᠷᠢ ᠪᠠᠷ  ᠴᠡᠴᠡᠷᠯᠢᠭ ᠤᠨ ᠪᠠᠭᠰᠢ ᠶ᠋ᠢ ᠬᠦᠮᠦᠵᠢᠬᠦᠯᠬᠦ ᠭᠡᠪᠴᠢᠶ᠎ᠠ ᠪᠠᠨ ᠦᠷᠭᠡᠳᠭᠡᠬᠦ ᠴᠢᠬᠤᠯᠠᠳᠠᠢ ᠭᠡᠵᠦ ᠰᠠᠨᠠᠭᠤᠯᠭ᠎ᠠ ᠲᠤᠷᠠᠳᠪᠠ ᠃  ( ᠰᠢᠨᠬᠤᠸᠠ ᠬᠤᠷᠢᠶ᠎ᠠ ᠶ᠋ᠢᠨ ᠰᠢᠨᠬᠤᠸᠠ ᠬᠠᠷᠠᠭᠠᠰᠤ ᠶ᠋ᠢᠨ ᠰᠤᠷᠪᠤᠯᠵᠢᠯᠠᠭᠴᠢ ᠄ ᠡᠤ ᠮᠸᠩ ᠳ᠋ᠠ ᠯᠢ ᠶ᠋ᠢᠨ ᠹᠸᠩ ᠵᠠᠢ ᠶᠦᠩ ᠭᠤᠸᠠᠨ ᠯᠢᠦ ᠱᠦᠸᠸ)
ᠢᠷᠡᠯᠳᠡ᠄ ᠨᠠᠢᠮᠠᠨ ᠤ ᠵᠠᠰᠠᠭ ᠤᠨ ᠣᠷᠳᠣᠨ ᠨᠠᠶᠢᠷᠠᠭᠤᠯᠤᠭᠴᠢ᠄ ᠪᠤᠤ ᠵᠢᠨ ᠯᠢᠶᠠᠨ

ᠬᠠᠮᠢᠶ᠎ᠡ ᠪᠦᠬᠦᠢ ᠰᠣᠨᠢᠨ