ᠶᠣᠰᠣ ᠰᠣᠷᠳ᠋ᠠᠬᠣᠨ ᠭᠡᠳᠡᠭ ᠪᠣᠯ ᠨᠢ᠍ᠬᠡ ᠵᠣᠢ᠌ᠯ ᠤᠨ ᠬᠦᠴᠢ᠍ᠷᠳ᠋ᠡᠯ ᠪᠡᠷᠭᠡᠳ᠋ᠡᠯ ᠲᠡᠶ ᠣᠴᠢ᠍ᠷ ᠪᠣᠶ‍ᠣ

ᠣᠩᠰᠢᠭᠰᠠᠨ ᠤᠳᠠᠭ᠎ᠠ ᠄ 6921     ᠨᠡᠶᠢᠳᠡᠯᠡᠭᠰᠡᠨ ᠴᠠᠭ ᠄ 2016/5/1 9:14:30

       ᠶᠣᠰᠣ ᠰᠣᠷᠳ᠋ᠠᠬᠣᠨ ᠨᠢ ᠨᠢ᠍ᠬᠡ ᠬᠦᠮᠣᠨ ᠤ ᠦᠪᠡᠷ ᠤᠨ ᠪᠡᠶ᠎ᠠ ᠳᠡᠭᠡᠨ  ᠪᠠᠶᠢᠷᠢᠯᠠᠭᠤᠯᠤᠭᠰᠠᠨ ᠬᠦᠮᠣᠨ ᠤ ᠠᠮᠢ᠍ᠳ᠋ᠣᠷᠠᠯ ᠤᠨ ᠰᠠᠭᠠᠳ ᠲᠣᠳᠬᠠᠷ ᠪᠣᠯᠣᠨ᠎ᠠ ᠃ ᠰᠠᠭᠠᠳ ᠲᠣᠳᠬᠠᠷ ᠨᠢ ᠠᠷᠪᠢᠨ ᠪᠣᠯ ᠪᠡᠷᠭᠡᠳ᠋ᠡᠯ ᠨᠢ ᠶᠡᠬᠡ  ᠪᠠᠶᠢᠳᠠᠭ ᠂ ᠪᠡᠷᠭᠡᠳ᠋ᠡᠯ ᠨᠢ ᠶᠡᠬᠡ  ᠪᠠᠶᠢᠪᠠᠯ ᠶᠣᠰᠣ ᠰᠣᠷᠳ᠋ᠠᠬᠣᠨ ᠨᠢ ᠨᠡᠩ ᠦᠨᠳ᠋ᠣᠷ ᠲᠡᠭ᠍ᠳ᠋ᠡᠷᠴᠡ ᠲᠡᠶ ᠪᠣᠯᠳ᠋ᠠᠭ ᠃

       ᠲᠣᠬᠠᠢ᠌ᠯᠠᠪᠠᠯ ᠦᠬᠡ ᠬᠡᠯᠡᠬᠦ ᠪᠡᠷ ᠪᠣᠳ᠋ᠣᠪᠠᠯ ᠂ ᠨᠢ᠍ᠬᠡ ᠬᠦᠮᠣᠨ ᠲᠣᠷ᠎ᠠ ᠪᠡᠷ ᠶᠢᠡᠨ ᠶᠠᠮᠠᠷ  ᠴᠦ ᠬᠢᠵᠠᠭᠠᠷᠯᠠᠯ ᠦᠬᠡᠢ ᠪᠡᠷ ᠦᠬᠡ ᠬᠡᠯᠡᠪᠡᠯ ᠂ ᠶᠠᠭᠣ ᠪᠣᠳ᠋ᠣᠪᠠᠯ ᠶᠠᠭᠣ ᠪᠠᠨ ᠲᠣᠷ᠎ᠠ ᠪᠡᠷ ᠶᠢᠡᠨ ᠬᠡᠯᠡᠪᠡᠯ ᠦᠪᠡᠷᠳ᠋ᠡᠭᠡᠨ ᠲᠠᠭᠠᠳ᠋ᠠᠢ ᠪᠣᠯᠪᠠᠴᠣ ᠣᠷᠴᠢ᠍ᠨ ᠲᠣᠭᠣᠷᠢ᠍ᠨ ᠤ ᠬᠦᠮᠣᠨ ᠶᠢᠡᠨ ᠰᠢ᠍ᠷᠠᠭᠳ᠋ᠣᠭᠣᠯᠣᠭᠰᠠᠨ  ᠪᠠᠶᠢᠵᠤ  ᠮᠡᠳ᠋ᠡᠨ᠎ᠠ᠃ ᠲᠠᠷᠣᠢ᠂ ᠬᠠᠮᠳ᠋ᠣ ᠠᠵᠢ᠍ᠯᠯᠠᠭᠰᠠᠳ ᠂  ᠨᠠᠶᠢᠵᠠ ᠨᠡᠷ ᠶᠢᠡᠨ ᠂ ᠠᠬ᠎ᠠ ᠲᠡᠬᠦᠣ ᠨᠡᠷ ᠶᠢᠡᠨ ᠂ ᠲᠣᠳ᠋ᠣᠨᠣ ᠶᠢᠨ ᠬᠦᠮᠣᠨ ᠶᠢᠡᠨ ᠰᠢ᠍ᠷᠠᠭᠳ᠋ᠣᠯᠣᠭᠰᠠᠨ ᠮᠠᠭᠠᠳ ᠃  ᠰᠦᠭᠡ ᠪᠡᠷ ᠰᠢ᠍ᠷᠠᠭᠳ᠋ᠣᠭᠣᠯᠣᠭᠰᠠᠨ ᠡᠴᠡ ᠦᠬᠡ ᠪᠡᠷ ᠰᠢ᠍ᠷᠠᠭᠳ᠋ᠣᠭᠣᠯᠣᠭᠰᠠᠨ ᠨᠢ  ᠬᠡᠳᠣᠶᠢᠳᠡᠨ᠎ᠡ ᠬᠡᠰᠡᠨ ᠬᠠᠭᠣᠴᠢ ᠦᠬᠡ ᠪᠠᠢ᠌ᠳ᠋ᠠᠭ ᠃  ᠪᠣᠰᠣᠳ ᠬᠦᠮᠣᠰ ᠢ ᠦᠬᠡ ᠪᠡᠷ ᠰᠢ᠍ᠷᠠᠭᠳ᠋ᠣᠭᠣᠯᠬᠣ ᠦᠬᠡᠢ ᠶᠢᠨ  ᠲᠦᠯᠦᠭᠡ ᠦᠪᠡᠷ ᠤᠨ ᠪᠡᠶ᠎ᠠ ᠳᠡᠭᠡᠨ ᠦᠬᠡ ᠬᠡᠯᠡᠬᠦ ᠦᠶ᠎ᠠ ᠶᠢᠨ ᠠᠡᠭ᠍ᠬᠠᠷᠬᠣ  ᠵᠦᠢᠯ  ᠢ  ᠪᠠᠶᠢᠷᠢᠯᠠᠭᠤᠯᠵᠤ᠂ ᠶᠠᠭᠠᠬᠢᠵᠣ ᠬᠡᠯᠡᠪᠡᠯ ᠵᠣᠬᠢᠬᠣ ᠲᠣᠬᠠᠢ ᠪᠣᠳ᠋ᠣᠯᠬᠢᠯᠠᠳ᠋ᠠᠭ  ᠪᠠᠶᠢᠨ᠎ᠠ ᠃ ᠶᠠᠮᠠᠷ ᠲᠠᠯᠠᠪᠠᠢ ᠳ᠋ᠥ ᠶᠠᠮᠠᠷ ᠦᠬᠡ ᠶᠢ ᠬᠡᠯᠡᠬᠦ ᠂ ᠶᠠᠮᠠᠷ ᠦᠬᠡ ᠶᠢ ᠬᠡᠯᠡᠬᠦ ᠦᠬᠡᠢ ᠪᠠᠶᠢᠬᠤ ᠂ ᠶᠠᠮᠠᠷ ᠦᠬᠡ ᠶᠢ ᠶᠠᠮᠠᠷ ᠶᠠᠡᠭ᠍ᠵᠣ ᠶᠢᠨ ᠬᠦᠮᠣᠨ ᠤ ᠡᠮᠣᠨ᠎ᠠ ᠬᠡᠯᠡᠬᠦ ᠂ ᠶᠠᠮᠠᠷ ᠦᠬᠡ ᠶᠢ ᠬᠡᠵᠢ᠍ᠶᠡᠳ᠋ᠡ ᠭᠡᠯᠡᠬᠦ ᠦᠬᠡᠢ  ᠪᠠᠶᠢᠬᠤ ᠂ ᠶᠠᠮᠠᠷ ᠦᠬᠡ ᠶᠢ ᠶᠠᠮᠠᠷ ᠠᠶᠠᠯᠭᠣ ᠪᠡᠷ ᠬᠡᠯᠡᠬᠦ ᠂ ᠦᠬᠡ ᠶᠢᠨ ᠬᠦᠨᠳ᠋ᠣ ᠲᠣᠰᠣᠯᠳ᠋ᠠ ᠨᠢ ᠬᠠᠮᠢ᠍ᠭ᠎ᠠ ᠬᠦᠷᠴᠣ ᠪᠠᠶᠢᠬᠤ ᠁ ᠡᠳ᠋ᠡᠭᠡᠷ ᠪᠦᠬᠦᠨ ᠨᠢ ᠪᠦᠷ ᠦᠬᠡ ᠬᠡᠯᠡᠬᠦ ᠶᠢᠨ ᠬᠠᠷᠰᠢ ᠰᠠᠭᠠᠳ ᠪᠣᠯᠣᠨ᠎ᠠ ᠃  ᠡᠶᠢᠮᠤᠷᠬᠦ ᠰᠠᠭᠠᠳ ᠣᠯᠠᠨ  ᠪᠠᠶᠢᠬᠤ ᠣᠴᠢ᠍ᠷ ᠡᠴᠡ ᠨᠢ᠍ᠬᠡ ᠦᠬᠡ ᠶᠢ ᠬᠡᠯᠡᠬᠦ ᠦᠶ᠎ᠠ ᠳ᠋ᠥ ᠰᠠᠭᠠᠳ ᠬᠦᠴᠢ᠍ᠷᠳ᠋ᠡᠯ ᠪᠡᠷᠭᠡᠳ᠋ᠡᠯ ᠲᠡᠶ ᠪᠠᠢ᠌ᠳ᠋ᠠᠭ ᠃ ᠶᠡᠷᠣ ᠶᠢᠨ ᠦᠬᠡᠨ ᠳ᠋ᠥ 《 ᠬᠡᠯᠡᠬᠦ ᠡᠴᠡ ᠪᠠᠨ ᠡᠮᠣᠨ᠎ᠠ ᠬᠡᠯᠡᠨ ᠲᠣᠳ᠋ᠣᠷ᠎ᠠ ᠪᠠᠨ ᠬᠡᠳ᠋ᠣ ᠡᠷᠬᠢᠬᠦᠯᠵᠣ ᠪᠣᠳ᠋ᠣᠯᠬᠢᠯᠠ 》  ᠬᠡᠳᠡᠭ ᠨᠢ ᠲᠡᠭᠡᠷᠡᠬᠢ ᠶᠣᠰᠣ ᠶᠢ ᠦᠬᠦᠯᠡᠭ᠍ᠰᠡᠨ ᠪᠠᠢ᠌ᠳ᠋ᠠᠭ ᠃

     ᠦᠬᠡ ᠶᠢ ᠬᠡᠯᠡᠵᠣ ᠴᠢ᠍ᠳ᠋ᠠᠬᠣ ᠨᠢ ᠨᠢ᠍ᠬᠡ ᠵᠣᠢ᠌ᠯ ᠤᠨ ᠶᠣᠰᠣ ᠰᠣᠷᠳ᠋ᠠᠬᠣᠨ ᠪᠣᠯᠠᠢ ᠃ ᠵᠠᠷᠢ᠍ᠮ ᠬᠦᠮᠣᠨ 《 ᠦᠬᠡ ᠪᠡᠷ ᠰᠢ᠍ᠷᠠᠭᠳ᠋ᠣᠭᠣᠯᠬᠣ ᠨᠢ ᠬᠠᠮᠣᠭ ᠤᠨ ᠶᠡᠬᠡ ᠰᠢ᠍ᠷᠠᠭᠳ᠋ᠣᠭᠣᠯᠣᠯ ᠮᠦᠨ 》 ᠬᠡᠵᠣ ᠦᠵᠡᠵᠣ  ᠪᠠᠶᠢᠨ᠎ᠠ  ᠃ ᠰᠣᠶ‍ᠣᠯ ᠤᠨ ᠬᠣᠪᠢᠰᠬᠠᠯ ᠤᠨ ᠦᠶ᠎ᠠ ᠳ᠋ᠥ ᠂ ᠬᠦᠳ᠋ᠡᠯᠪᠡᠯ ᠬᠦᠮᠣᠨ ᠳ᠋ᠥ ᠮᠠᠯᠠᠭᠠᠢ ᠡᠮᠣᠰᠭᠡᠵᠣ ᠂ ᠶᠣᠵᠣᠯᠠᠨ ᠬᠠᠷᠢ᠍ᠶᠠᠵᠣ ᠂ ᠶᠠᠭᠣᠨ ᠤ ᠴᠢ᠍ᠳᠬᠦᠷ ᠰᠢ᠍ᠮᠨᠣ ᠂ ᠭᠠᠵᠠᠷ ᠤᠨ ᠡᠵᠡᠨ ᠤ ᠵᠣᠯᠵᠠᠭ᠎ᠠ ᠂ ᠬᠣᠪᠢᠰᠬᠠᠯ ᠤᠨ ᠡᠰᠡᠷᠬᠦᠴᠡᠭ᠍ᠴᠢ ᠂ ᠬᠦᠷᠣᠡᠭ᠍ᠭᠡᠳ᠋ᠣ ᠶᠣᠰᠣᠨ ᠤ ᠵᠠᠮ ᠶᠢᠡᠷ ᠶᠠᠪᠣᠭᠴᠢ ᠡᠷᠭᠡ ᠪᠠᠷᠢ᠍ᠭᠴᠢ ᠂ ᠣᠷᠪᠠᠭᠴᠢ ᠂ ᠲᠣᠳ᠋ᠣᠭᠠᠳ᠋ᠣ ᠶᠢᠨ ᠵᠠᠯᠢ᠍ᠬᠠᠢ ᠂ᠠᠵᠢ᠍ᠯᠴᠢ᠍ᠨ ᠤ ᠬᠣᠯᠣᠭᠠᠢ ᠂ ᠬᠢᠳ᠋ᠡᠳ ᠤᠨ ᠵᠠᠯᠢ᠍ᠬᠠᠢ ᠂ ᠦᠪᠣᠷ ᠠᠷᠠᠳ ᠤᠨ ᠨᠠᠮᠳ᠋ᠠᠨ ᠂ ᠵᠢᠷᠣᠭ᠎ᠠ ᠨᠣᠬᠠᠢ ᠁ ᠬᠡᠵᠣ ᠶᠠᠡᠭ᠍ᠵᠣ ᠪᠦᠷᠢ ᠪᠡᠷ ᠬᠣᠴᠢ᠍ᠯᠠᠳ᠋ᠠᠭ ᠃ ᠡᠨᠡ ᠪᠣᠯ ᠬᠦᠮᠣᠨ ᠢ ᠬᠦᠨᠳ᠋ᠣᠳᠭᠡᠵᠣ ᠦᠬᠡᠢ ᠂ ᠬᠦᠮᠣᠨ ᠤ ᠨᠡᠷ᠎ᠠ ᠲᠦ᠋ᠷᠣ ᠶᠢ ᠭᠣᠳ᠋ᠠᠭᠠᠵᠣ ᠪᠠᠶᠢᠭ᠎ᠠ ᠶᠠᠪᠣᠳ᠋ᠠᠯ ᠂ ᠬᠦᠮᠣᠨ ᠤ ᠡᠷᠭᠡ ᠳ᠋ᠥ ᠬᠠᠯᠳ᠋ᠠᠵᠣ ᠂ ᠬᠦᠮᠣᠨ  ᠮᠦᠰᠣ  ᠳ᠋ᠥ ᠨᠢ ᠬᠠᠯᠳ᠋ᠠᠵᠣ  ᠪᠠᠶᠢᠭ᠎ᠠ ᠶᠠᠪᠣᠳ᠋ᠠᠯ ᠪᠣᠯᠣᠨ᠎ᠠ ᠃ ᠦᠨᠣᠳ᠋ᠣᠷ ᠪᠢ ᠴᠢ᠍ᠮ᠎ᠠ ᠶᠢ ᠰᠢ᠍ᠷᠠᠭᠳ᠋ᠣᠭᠣᠯᠣᠨ᠎ᠠ ᠂ ᠮᠠᠷᠭᠠᠰᠢ ᠲᠡᠷᠡ ᠴᠢ᠍ᠮ᠎ᠠ ᠶᠢ ᠰᠢ᠍ᠷᠠᠭᠳ᠋ᠣᠭᠣᠯᠣᠨ᠎ᠠ ᠂ ᠡᠨᠡ ᠮᠡᠳ᠋ᠣ ᠰᠢ᠍ᠯᠳ᠋ᠠᠭᠠᠨ  ᠳ᠋ᠦᠩ  ᠦᠨ ᠡᠷᠬᠢᠯᠳ᠋ᠣ ᠪᠡᠷ ᠬᠠᠷᠢ᠍ᠯᠴᠠᠨ ᠪᠡᠶ᠎ᠠ ᠪᠡᠶ᠎ᠠ ᠪᠠᠨ ᠵᠣᠪᠠᠭᠠᠵᠣ  ᠪᠠᠶᠢᠭ᠎ᠠ ᠨᠢ ᠰᠣᠶ‍ᠣᠯ ᠤᠨ ᠬᠣᠪᠢᠰᠬᠠᠯ ᠤᠨ ᠦᠶ᠎ᠠ ᠳ᠋ᠥ ᠪᠣᠯ ᠨᠢ᠍ᠬᠡ  ᠵᠦᠢᠯ ᠤᠨ ᠬᠡᠪ ᠤᠨ ᠪᠠᠢ᠌ᠳ᠋ᠠᠯ ᠪᠣᠯᠵᠣ  ᠪᠠᠶᠢᠵᠠᠢ᠃ ᠡᠨᠡᠬᠦ ᠣᠷᠴᠢ᠍ᠨ ᠲᠣᠭᠣᠷᠢ᠍ᠨ ᠳ᠋ᠥ ᠂ ᠶᠠᠭᠣᠨ ᠤ  ᠨᠡᠶᠢᠲᠡ ᠶᠢᠨ ᠮᠣᠷᠠᠯ ᠂ ᠶᠠᠭᠣᠨ ᠤ ᠬᠣᠪᠢᠨ ᠤ ᠮᠣᠷᠠᠯ ᠢ ᠬᠡᠯᠡᠬᠦ ᠶᠢᠨ ᠠᠷᠭ᠎ᠠ ᠦᠬᠡᠢ ᠃᠂ ᠦᠬᠡ ᠬᠡᠯᠡᠵᠣ ᠴᠢ᠍ᠳ᠋ᠠᠬᠣ ᠨᠢ ᠪᠣᠰᠣᠳ ᠬᠦᠮᠣᠨ ᠤ ᠨᠡᠷ᠎ᠠ ᠲᠦ᠋ᠷᠣ ᠶᠢ ᠬᠦᠨᠳ᠋ᠣᠳᠭᠡᠵᠣ ᠪᠠᠶᠢᠭ᠎ᠠ  ᠶᠠᠪᠣᠳ᠋ᠠᠯ ᠣᠴᠢ᠍ᠷ ᠡᠴᠡ ᠶᠠᠮᠠᠷ  ᠴᠦ ᠣᠴᠢ᠍ᠷ ᠰᠢ᠍ᠯᠳ᠋ᠠᠭᠠᠨ ᠦᠬᠡᠢ ᠪᠡᠷ ᠰᠡᠳᠬᠢᠯ ᠤᠨ ᠰᠢ᠍ᠷᠠᠭᠳ᠋ᠣᠯ ᠪᠡᠳ᠋ᠡᠬᠡᠢ ᠦᠭ᠍ᠬᠦᠶ᠎ᠠ ᠃


        ᠶᠣᠰᠣ ᠰᠣᠷᠳ᠋ᠠᠬᠣᠨ ᠬᠠᠣᠯᠢ᠍ᠵᠢ᠍ᠯ ᠤᠨ  ᠨᠡᠶᠢᠭᠡᠮ ᠳ᠋ᠥ ᠦᠬᠡ ᠪᠡᠷ ᠬᠦᠮᠣᠨ ᠢ ᠰᠢ᠍ᠷᠠᠭᠳ᠋ᠣᠭᠣᠯᠵᠣ ᠪᠣᠯᠬᠣ ᠦᠬᠡᠢ ᠃ ᠬᠣᠳ᠋ᠠᠯ ᠬᠡᠯᠡᠵᠣ ᠬᠣᠯᠣ ᠲᠡᠯᠡᠰᠴᠣ ᠪᠣᠯᠬᠣ ᠦᠬᠡᠢ ᠃ ᠡᠬᠦᠨ ᠢ ᠬᠠᠣᠯᠢ ᠬᠦᠯᠢ᠍ᠶᠡᠬᠦ ᠦᠬᠡᠢ ᠃ ᠬᠡᠶ᠎ᠠ ᠣᠳ᠋ᠣᠬᠢ  ᠨᠡᠶᠢᠭᠡᠮ  ᠳ᠋ᠥ ᠶᠣᠰᠣ ᠰᠣᠷᠳ᠋ᠠᠬᠣᠨ ᠲᠡᠶ  ᠨᠡᠶᠢᠴᠡᠬᠦ ᠦᠬᠡᠢ ᠦᠵᠡᠭ᠍ᠳ᠋ᠡᠯ ᠲᠣᠡᠭ᠌ ᠣᠯᠠᠨ ᠣᠷᠣᠰᠢ᠍ᠵᠣ  ᠪᠠᠶᠢᠨ᠎ᠠ ᠃ ᠵᠠᠷᠢ᠍ᠮ ᠬᠦᠮᠣᠨ ᠪᠣᠰᠣᠳ ᠤᠨ  ᠬᠤᠶᠢᠨ᠎ᠠ  ᠲᠡᠮᠡᠢ ᠦᠬᠡ ᠬᠡᠯᠡᠬᠦ ᠪᠣᠶ‍ᠣ ᠨᠢ᠍ᠭᠣᠴᠡ  ᠵᠦᠢᠯ ᠢ ᠨᠢ ᠠᠭᠣᠳ᠋ᠠᠯᠠᠨ ᠬᠡᠯᠡᠬᠦ ᠲᠣᠷᠠᠳ᠋ᠠᠢ ᠃  ᠣᠨᠴᠠᠭᠠᠶᠢᠯᠡᠨ ᠪᠡᠯᠭᠡ ᠶᠢᠨ ᠣᠴᠢ᠍ᠷ ᠂ ᠨᠢ᠍ᠭᠣᠴᠡ ᠣᠴᠢ᠍ᠷ ᠢ ᠬᠡᠯᠡᠬᠦ ᠲᠣᠷᠠᠳ᠋ᠠᠢ ᠃ ᠪᠠᠰᠠ ᠨᠢ᠍ᠬᠡ ᠦᠵᠡᠭ᠍ᠳ᠋ᠡᠯ ᠨᠢ ᠂ ᠮᠢ᠍ᠨᠣ ᠬᠢᠶ᠎ᠠ ᠬᠡᠵᠣ ᠪᠣᠳ᠋ᠣᠵᠣ  ᠪᠠᠶᠢᠭ᠎ᠠ ᠵᠦᠢᠯ  ᠢ ᠪᠣᠰᠣᠳ ᠬᠦᠮᠣᠨ ᠬᠢᠴᠢ᠍ᠭᠡᠪᠡᠯ ᠮᠠᠭᠣᠰᠢ᠍ᠶᠠᠨ ᠬᠦᠳᠭᠡᠵᠣ ᠂ ᠲᠣᠷᠣᠮᠵᠢ᠍ᠯᠠᠬᠣ ᠂ ᠠᠳ᠋ᠠᠭ᠎ᠠ ᠬᠣᠷᠣᠰᠣᠯ ᠡᠬᠦᠰᠬᠦ ᠂ ᠴᠣᠬᠢᠯᠳ᠋ᠡ ᠦᠭ᠍ᠬᠦ ᠪᠠ ᠲᠣᠳ᠋ᠣᠭᠠᠳ᠋ᠣ ᠰᠡᠳᠬᠢᠯᠬᠡ ᠳᠡᠭᠡᠨ ᠲᠦᠢᠯ ᠤᠨ ᠵᠣᠪᠠᠭᠣᠷᠢ ᠲᠡᠶ ᠪᠣᠯᠳ᠋ᠠᠭ ᠃ ᠦᠪᠡᠷ ᠶᠢᠡᠨ ᠬᠢᠬᠦ ᠦᠬᠡᠢ ᠭᠡᠵᠣ ᠪᠣᠳ᠋ᠣᠵᠣ  ᠪᠠᠶᠢᠭᠰᠠᠨ  ᠵᠦᠢᠯ  ᠢ ᠪᠣᠰᠣᠳ ᠬᠦᠮᠣᠨ ᠬᠢᠪᠡᠯ ᠲᠣᠣᠷᠠᠰᠢ᠍ᠶᠠᠨ ᠬᠦᠡᠭ᠍ᠭᠡᠯᠡᠨ ᠪᠠᠰᠣᠮᠵᠢ᠍ᠯᠠᠨ ᠦᠵᠡᠵᠣ ᠲᠣᠳ᠋ᠣᠭᠠᠳ᠋ᠣ ᠰᠡᠳᠬᠢᠯᠬᠡ ᠨᠢ  ᠬᠦᠩᠭᠡᠷᠡᠳᠡᠭ ᠪᠢᠯᠡ ᠃ ᠪᠠᠰᠠ ᠨᠢ᠍ᠬᠡ ᠦᠵᠡᠭ᠍ᠳ᠋ᠡᠯ ᠨᠢ ᠬᠣᠳ᠋ᠠᠯ ᠬᠡᠯᠡᠬᠦ ᠃ ᠬᠣᠳ᠋ᠠᠯ ᠬᠡᠯᠡᠬᠦ ᠨᠢ ᠶᠣᠰᠣ ᠮᠣᠷᠠᠯ ᠲᠣᠳ᠋ᠠᠭᠳ᠋ᠠᠵᠣ  ᠪᠠᠶᠢᠭ᠎ᠠ  ᠬᠠᠮᠣᠭ ᠠᠶ‍ᠣᠯ ᠲᠡᠶ ᠶᠠᠪᠣᠳ᠋ᠠᠯ ᠪᠣᠯᠣᠨ᠎ᠠ ᠃ ᠶᠠᠭᠠᠬᠢᠭᠠᠳ ᠬᠣᠳ᠋ᠠᠯ  ᠬᠡᠯᠡᠳᠡᠭ ᠪᠣᠢ ? ᠨᠢ᠍ᠬᠡ ᠨᠢ ᠬᠣᠪᠢ ᠶᠢᠨ ᠠᠰᠢ᠍ᠭ ᠲᠣᠰᠠ ᠶᠢᠨ  ᠲᠦᠯᠦᠭᠡ᠂ ᠬᠣᠶᠠᠷ ᠨᠢ ᠦᠨᠡᠨ ᠪᠠᠢ᠌ᠳ᠋ᠠᠯ ᠶᠢᠡᠨ ᠬᠠᠯᠬᠠᠯᠠᠬᠣ ᠶᠢᠨ  ᠲᠦᠯᠦᠭᠡ ᠂ ᠲᠡᠭᠡᠳ᠋ᠣ ᠱᠠᠳ᠋ᠣᠨ ᠳᠠᠭᠠᠨ  ᠰᠠᠶᠢᠨ ᠪᠣᠯᠵᠣ ᠂ ᠲᠣᠣᠷᠠᠬᠢ ᠣᠯᠠᠨ ᠬᠦᠮᠣᠰ ᠢ ᠮᠡᠭᠡᠯᠡᠬᠦ ᠶᠢᠨ  ᠲᠦᠯᠦᠭᠡ ᠬᠣᠳ᠋ᠠᠯ  ᠬᠡᠯᠡᠳᠡᠭ᠃ ᠵᠠᠷᠢ᠍ᠮ ᠬᠦᠮᠣᠨ 《  ᠰᠠᠶᠢᠨ  ᠰᠠᠨᠠᠭ᠎ᠠ ᠲᠡᠶ ᠬᠣᠳ᠋ᠠᠯ  ᠬᠡᠯᠡᠳᠡᠭ 》 ᠃ ᠡᠬᠦᠨ ᠢ  ᠴᠦ ᠰᠣᠳ᠋ᠣᠯᠣᠭᠣᠰᠢ᠍ᠲᠠᠢ ᠃

      ᠬᠣᠳ᠋ᠠᠯ ᠬᠡᠯᠡᠬᠦ ᠨᠢ ᠬᠣᠶᠠᠷ ᠣᠨᠴᠠᠯᠢ᠍ᠭ ᠲᠡᠶ ᠂ ᠨᠢ᠍ᠬᠡ ᠨᠢ ᠦᠪᠡᠷ ᠶᠢᠡᠨ ᠬᠣᠳ᠋ᠠᠯ ᠬᠡᠯᠡᠵᠣ  ᠪᠠᠶᠢᠭ᠎ᠠ  ᠪᠠᠨ ᠮᠡᠳ᠋ᠡᠨ᠎ᠠ ᠂ ᠬᠣᠶᠠᠷ ᠨᠢ ᠂ ᠬᠣᠳ᠋ᠠᠯ ᠬᠡᠯᠡᠵᠣ ᠪᠠᠶᠢᠭ᠎ᠠ  ᠨᠢ ᠶᠠᠭ ᠦᠨᠡᠨ ᠬᠡᠯᠡᠵᠣ  ᠪᠠᠶᠢᠭ᠎ᠠ ᠰᠢᠭ᠃ ᠨᠢ᠍ᠬᠡ ᠬᠦᠮᠣᠨ ᠬᠣᠳ᠋ᠠᠯ ᠦᠬᠡ ᠬᠡᠯᠡᠬᠦ ᠶᠢᠨ  ᠲᠦᠯᠦᠭᠡ ᠲᠡᠬᠦᠰ   ᠲᠦᠭᠦᠷᠡᠩ ᠬᠣᠳ᠋ᠠᠯ  ᠬᠡᠯᠡᠳᠡᠭ  ᠂ ᠲᠦ᠋ᠪ  ᠲᠦᠭᠦᠷᠡᠭ ᠬᠣᠳ᠋ᠠᠯ ᠬᠡᠯᠡᠬᠦ ᠶᠢᠨ  ᠲᠦᠯᠦᠭᠡ ᠨᠡᠩ ᠣᠯᠠᠨ ᠬᠣᠳ᠋ᠠᠯ ᠢ ᠨᠠᠢ᠌ᠷᠠᠭᠣᠯᠣᠨ ᠵᠣᠬᠢᠶᠠᠳ᠋ᠠᠭ ᠃ ᠪᠠᠰᠠ ᠨᠢ᠍ᠬᠡ ᠵᠦᠢᠯ  ᠦᠨ ᠦᠵᠡᠭ᠍ᠳ᠋ᠡᠯ ᠨᠢ ᠬᠦᠮᠣᠨ ᠤ ᠠᠷᠣ ᠶᠢᠨ  ᠬᠤᠶᠢᠨ᠎ᠠ  ᠲᠡᠮᠡᠢ ᠪᠠᠯᠠᠢ ᠦᠬᠡ ᠬᠡᠯᠡᠬᠦ ᠨᠢ ᠨᠢ᠍ᠬᠡᠨ ᠶᠣᠰᠣ ᠰᠣᠷᠳ᠋ᠠᠬᠣᠨ ᠤ ᠠᠰᠠᠭᠣᠳ᠋ᠠᠯ ᠪᠣᠯᠣᠨ᠎ᠠ ᠃ ᠬᠦᠮᠣᠨ ᠤ ᠠᠷᠣ ᠳ᠋ᠥ ᠲᠡᠮᠡᠢ ᠪᠠᠯᠠᠢ ᠦᠬᠡ ᠬᠡᠯᠡᠬᠦ ᠨᠢ ᠪᠣᠰᠣᠳ ᠬᠦᠮᠣᠨ ᠰᠣᠨᠣᠰᠴᠣ ᠪᠠᠶᠢᠳᠠᠭ ᠦᠬᠡᠢ  ᠴᠦ ᠦᠪᠡᠷ ᠶᠢᠡᠨ ᠶᠣᠰᠣ ᠰᠣᠷᠳ᠋ᠠᠬᠣᠨ ᠤ ᠲᠡᠭᠡᠳ᠋ᠣ  ᠴᠢᠭ  ᠢ ᠡᠵᠡᠯᠡᠵᠣ ᠂ ᠦᠪᠡᠷ ᠤᠨ ᠪᠡᠶ᠎ᠠ ᠳ᠋ᠥ ᠨᠢ ᠲᠠᠭᠠᠯᠠᠮᠵᠢ᠍ᠲᠠᠢ ᠣᠴᠢ᠍ᠷ ᠬᠡᠵᠣ ᠪᠣᠳ᠋ᠣᠭᠳ᠋ᠠᠳ᠋ᠠᠭ ᠃ ᠬᠣᠳ᠋ᠠᠯ ᠬᠡᠯᠡᠬᠦ ᠨᠢ  ᠨᠡᠩ ᠴᠦ ᠪᠣᠰᠣᠳ ᠬᠦᠮᠣᠨ  ᠦᠵᠡᠳᠡᠭ ᠦᠬᠡᠢ ᠠᠰᠢ᠍ᠭ ᠲᠣᠰᠠ ᠪᠣᠯᠣᠨ᠎ᠠ ᠭᠡᠵᠣ  ᠦᠵᠡᠳᠡᠭ ᠪᠠᠶᠢᠨ᠎ᠠ ᠃ ᠬᠡᠷᠪᠡ ᠡᠨᠡᠬᠦ ᠬᠣᠶᠠᠷ  ᠵᠦᠢᠯ ᠢ  ᠲᠡᠪᠴᠢ᠍ᠬᠦ ᠨᠢ   ᠲᠤᠩ  ᠬᠦᠴᠢ᠍ᠷ ᠪᠡᠷᠭᠡ ᠲᠡᠶ  ᠪᠠᠶᠢᠳᠠᠭ ᠂ ᠦᠨ᠎ᠠ  ᠦᠷᠲᠡᠭ ᠭᠠᠷᠭᠠᠳ᠋ᠠᠭ ᠂ ᠴᠢ᠍ᠨᠠᠭᠰᠢ᠍ᠯᠠᠨ ᠠᠮᠢ ᠨᠠᠰᠣᠨ ᠤ ᠦᠷᠲᠡᠭ ᠴᠦ  ᠭᠠᠷᠭᠠᠳ᠋ᠠᠭ ᠶᠣᠮ ᠃ ᠶᠣᠰᠣ ᠮᠣᠷᠠᠯ ᠢ  ᠵᠦᠷᠢᠴᠡᠨ ᠬᠣᠳ᠋ᠠᠯ ᠬᠡᠯᠡᠬᠦ ᠂ ᠬᠦᠮᠣᠨ ᠤ ᠠᠷᠣ ᠳ᠋ᠥ ᠪᠠᠯᠠᠢ ᠦᠬᠡ ᠬᠡᠯᠡᠬᠦ ᠂ ᠬᠣᠯᠠᠭᠠᠢ ᠬᠢᠬᠦ ᠨᠢ ᠠᠬ᠎ᠠ ᠲᠠᠬᠦᠣ ᠭᠣᠷᠪᠠ ᠪᠢᠯᠡ ᠂ ᠡᠨᠡᠬᠦ ᠠᠬ᠎ᠠ ᠲᠡᠬᠦᠣ ᠪᠠᠷᠢ᠍ᠯᠳ᠋ᠣᠯᠭ᠎ᠠ ᠲᠡᠶ ᠪᠣᠯᠪᠠᠯ  ᠨᠡᠩ ᠣᠯᠠᠨ  ᠰᠠᠶᠢᠨ ᠬᠦᠮᠣᠨ ᠢ  ᠦᠭᠡᠶᠢᠬᠢᠨ᠎ᠡ᠂ ᠴᠢ᠍ᠨᠠᠭᠰᠢ᠍ᠯᠠᠨ ᠨᠡᠶᠢᠭᠡᠮ ᠢ ᠨᠦᠯᠦᠭᠡᠯᠡᠨ᠎ᠡ᠃  ᠮᠦᠨ ᠶᠣᠰᠣ ᠰᠣᠷᠳ᠋ᠠᠬᠣᠨ ᠢ  ᠵᠦᠷᠢᠴᠡᠵᠤ ᠪᠠᠶᠢᠭ᠎ᠠ  ᠪᠠᠯᠠᠢ ᠠᠵᠢ᠍ᠯᠯᠠᠭ᠎ᠠ ᠪᠣᠯᠣᠨ᠎ᠠ ᠃ ᠪᠠᠯᠠᠢ ᠠᠵᠢ᠍ᠯᠯᠠᠭ᠎ᠠ ᠭᠡᠪᠡᠯ ᠣᠯᠠᠨ ᠣᠯᠠᠨ ᠪᠠᠶᠢᠳᠠᠭ᠃ ᠭᠠᠵᠠᠷ ᠪᠣᠯᠭᠠᠨ ᠳ᠋ᠥ ᠨᠢ᠍ᠯᠪᠣᠬᠦ ᠂ ᠲᠣᠷ᠎ᠠ ᠶᠢᠡᠷ ᠶᠢᠡᠨ ᠬᠣᠭ ᠨᠣᠪᠰᠢ ᠬᠠᠶᠠᠬᠣ ᠂ ᠨᠡᠶᠢᠲᠡ ᠲᠠᠯᠠᠪᠠᠢ ᠳ᠋ᠥ ᠲᠡᠮᠡᠬᠢ ᠲᠠᠳ᠋ᠠᠬᠣ ᠵᠡᠷᠭᠡ ᠨᠢ ᠠᠪᠣᠨ ᠦᠵᠡᠪᠡᠯ ᠪᠡᠶ᠎ᠠ ᠪᠠᠨ ᠦᠵᠡᠵᠣ  ᠪᠠᠶᠢᠭ᠎ᠠ  ᠠᠰᠠᠭᠣᠳ᠋ᠠᠯ ᠂ ᠦᠨᠡᠨᠳ᠋ᠡᠭᠡᠨ ᠶᠣᠰᠣ ᠮᠣᠷᠠᠯ ᠤᠨ ᠠᠰᠠᠭᠣᠳ᠋ᠠᠯ ᠪᠣᠯᠣᠨ᠎ᠠ ᠃ ᠭᠡᠪᠡᠴᠣ ᠴᠢ ᠪᠡᠶ᠎ᠠ ᠳᠡᠭᠡᠨ ᠲᠦ᠋ᠷᠢ᠍ᠮ ᠭᠣᠷᠢ᠍ᠮ ᠲᠣᠭᠳ᠋ᠠᠭᠠᠵᠣ ᠦᠭ᠍ᠪᠡᠯ ᠂ ᠲᠦ᠋ᠷ ᠴᠠᠭ ᠪᠡᠷᠭᠡ ᠲᠡᠶ ᠪᠣᠯᠪᠠᠴᠣ ᠣᠳ᠋ᠠᠭᠠᠨ ᠳᠠᠭᠠᠨ ᠲᠠᠳᠴᠢ᠍ᠬᠠᠬᠣ ᠶᠣᠮ ᠃

     ᠲᠠᠬᠢᠨ ᠲᠣᠷᠠᠳᠪᠠᠯ ᠂ ᠨᠢ᠍ᠭᠣᠷ ᠶᠢᠡᠨ ᠴᠡᠪᠡᠷ ᠣᠬᠢᠶᠠᠵᠣ ᠂ ᠬᠣᠪᠴᠠᠰᠣ ᠪᠠᠨ ᠲᠡᠷᠢ ᠲᠡᠭ᠍ᠰᠢ ᠡᠮᠣᠰᠴᠣ ᠂ ᠨᠡᠶᠢᠲᠡ ᠶᠢᠨ ᠲᠠᠯᠠᠪᠠᠢ ᠳ᠋ᠥ ᠶᠡᠬᠡ ᠲᠠᠭᠣ ᠪᠡᠷ ᠦᠬᠡ ᠬᠡᠯᠡᠬᠦ ᠦᠬᠡᠢ ᠂ ᠬᠦᠮᠣᠨ ᠤ  ᠭᠡᠷ ᠲᠤ  ᠣᠷᠣᠪᠠᠯ ᠡᠬᠦᠳ᠋ᠡ ᠶᠢ ᠨᠢ ᠲᠣᠭᠰᠢ᠍ᠬᠣ ᠂ ᠶᠠᠭᠣᠮ᠎ᠠ ᠬᠣᠳ᠋ᠠᠯᠳ᠋ᠣᠨ ᠠᠪᠬᠣ ᠳ᠋ᠥ  ᠮᠦᠷᠣᠯᠡᠵᠤ ᠵᠢᠭᠰᠠᠭᠠᠬᠣ ᠂ ᠵᠠᠮ ᠬᠠᠷᠢ᠍ᠯᠴᠠᠭ᠎ᠠ ᠶᠢᠨ  ᠲᠦᠷᠢᠮ  ᠶᠢ ᠵᠢᠷᠣᠮᠵᠢ᠍ᠯᠠᠬᠣ ᠂ ᠬᠣᠭᠣᠯᠠᠨ ᠰᠢ᠍ᠷᠡᠭᠡᠨ ᠲᠡᠭᠡᠷ᠎ᠠ ᠦᠯᠡᠳ᠋ᠡᠭ᠍ᠰᠡᠨ ᠢᠳ᠋ᠡᠭᠡᠨ ᠶᠢᠡᠨ ᠬᠠᠶᠠᠬᠣ ᠦᠬᠡᠢ᠂ ᠶᠠᠮᠠᠷ ᠲᠠᠯᠠᠪᠠᠢ ᠳ᠋ᠥ ᠡᠮᠡᠭ᠍ᠳ᠋ᠠᠢ ᠬᠦᠮᠣᠨ ᠢ ᠣᠷᠢ᠍ᠳ᠋ᠡᠪᠡᠷ ᠣᠷᠣᠭᠣᠯᠬᠣ ᠂ ᠪᠣᠰᠣᠳ ᠤᠨ ᠪᠡᠶ᠎ᠠ ᠲᠡᠭᠡᠷ᠎ᠠ ᠨᠢ᠍ᠳ᠋ᠠᠭᠠᠬᠣ ᠦᠬᠡᠢ ᠂  ᠨᠠᠰᠣᠲᠠᠶᠢᠴᠣᠳ ᠶᠢᠡᠨ ᠬᠦᠨᠳ᠋ᠣᠯᠡᠬᠦ ᠂ ᠬᠦᠴᠢ᠍ᠷᠳ᠋ᠡᠯ ᠲᠡᠶ ᠲᠣᠷᠣᠢ  ᠪᠠᠭᠤᠷᠠᠶᠢᠴᠣᠳ ᠢ ᠲᠣᠰᠠᠯᠠᠬᠣ ᠂ ᠦᠳ᠋ᠡᠬᠦᠰ ᠶᠢᠡᠨ ᠲᠡᠳᠬᠦᠵᠣ ᠨᠢ᠍ᠯᠬᠠᠰ ᠶᠢᠡᠨ  ᠬᠠᠶᠢᠷᠠᠯᠠᠬᠤ ᠂ ᠬᠦᠳ᠋ᠡᠯᠣᠡᠭ᠍ᠬᠦᠢ ᠪᠡᠷ ᠰᠠᠭᠣᠳ᠋ᠠᠯ  ᠬᠠᠶᠢᠷᠠᠯᠠᠬᠤ ᠂ ᠪᠣᠷᠣᠭᠣ ᠭᠠᠷᠭᠠᠪᠠᠯ ᠪᠣᠷᠣᠭᠣ ᠪᠠᠨ ᠮᠡᠳ᠋ᠡᠷᠡᠬᠦ ᠂ ᠦᠨᠡᠨᠴᠢ ᠢᠳ᠋ᠡᠭᠡᠯ ᠢ ᠶᠠᠷᠢ᠍ᠬᠣ ᠂ ᠬᠡᠷ᠎ᠠ ᠶᠢ ᠵᠢᠷᠣᠮᠯᠡᠵᠣ ᠂ ᠬᠡᠯᠡᠯᠴᠡᠭᠡᠷ ᠶᠢᠡᠨ ᠬᠦᠨᠳ᠋ᠣᠳᠭᠡᠬᠦ ᠂ ᠬᠡᠷᠭᠡᠢ ᠪᠠᠨ ᠲᠣᠷᠣᠮᠵᠢ᠍ᠯᠠᠬᠣ ᠦᠬᠡᠢ ᠂ ᠬᠠᠷᠢ᠍ᠶᠠᠵᠣ ᠴᠣᠬᠢᠬᠣ ᠦᠬᠡᠢ ᠂ ᠪᠤᠰᠤᠳ ᠲᠤ  ᠪᠡᠯᠭᠡ ᠶᠢᠨ ᠬᠠᠯᠳ᠋ᠠᠯᠭ᠎ᠠ ᠬᠢᠬᠦ ᠦᠬᠡᠢ ᠂ ᠬᠣᠳ᠋ᠠᠯ ᠬᠡᠯᠡᠬᠦ ᠦᠬᠡᠢ ᠂ ᠬᠣᠯᠠᠭᠠᠢ ᠬᠢᠬᠦ ᠦᠬᠡᠢ᠁ ᠡᠳ᠋ᠡᠭᠡᠷ ᠵᠢᠷᠣᠮ ᠭᠣᠷᠢ᠍ᠮ ᠤᠨ ᠨᠠᠷᠢ᠍ᠨ  ᠵᠦᠢᠯᠡᠰ ᠨᠢ ᠲᠠᠷᠣᠢ ᠶᠣᠰᠣ ᠮᠣᠷᠠᠯ ᠪᠣᠯᠣᠨ᠎ᠠ ᠃    

       ᠶᠣᠰᠣ ᠮᠣᠷᠠᠯ ᠪᠣᠯ ᠠᠨᠳᠠᠭᠠᠢ ᠲᠠᠡᠭ᠍ᠭᠠᠷᠢ᠍ᠭ ᠪᠢᠰᠢ ᠂ ᠪᠡᠶ᠎ᠠ ᠪᠠᠨ ᠭᠣᠯᠣᠬᠣ ᠪᠣᠳ᠋ᠣᠯ ᠪᠢᠰᠢ ᠂ ᠣᠮᠣᠷᠬᠠᠭ ᠪᠠᠷᠳ᠋ᠠᠮᠨᠠᠯ ᠪᠢᠰᠢ ᠂ ᠵᠢᠰᠣᠷᠳ᠋ᠡᠯ ᠪᠢᠯᠪᠢᠬᠦᠷᠳ᠋ᠡᠯ ᠪᠢᠰᠢ ᠂ ᠶᠣᠰᠣ ᠮᠣᠷᠠᠯ ᠪᠣᠯ ᠬᠠᠷᠢ᠍ᠨ ᠨᠢ᠍ᠬᠡ ᠵᠣᠢ᠌ᠯ ᠤᠨ ᠲᠡᠭ᠍ᠰᠢ ᠬᠠᠨᠳ᠋ᠣᠯᠭ᠎ᠠ  ᠮᠦᠨ᠂ ᠬᠦᠮᠣᠨ ᠠᠷᠠᠨᠰᠢ᠍ᠨ ᠮᠦᠨ ᠃

       ᠴᠣᠬᠣᠮ ᠶᠣᠰᠣ ᠮᠣᠷᠠᠯ ᠬᠡᠭ᠍ᠴᠢ ᠶᠠᠭᠣ ᠪᠣᠯᠬᠣ ᠪᠣᠢ ? ᠦᠬᠡ ᠶᠠᠷᠢ᠍ᠶᠠᠨ ᠤ ᠲᠠᠯ᠎ᠠ ᠳ᠋ᠥ ᠦᠪᠡᠷ ᠤᠨ ᠪᠡᠶ᠎ᠠ ᠳᠡᠭᠡᠨ ᠬᠢᠵᠣ ᠪᠠᠶᠢᠭ᠎ᠠ  ᠨᠣᠭᠳ᠋ᠣ ᠬᠠᠵᠠᠭᠠᠷ ᠲᠣᠣᠱᠠ ᠴᠢ᠍ᠳ᠋ᠣᠷ ᠂ ᠠᠵᠢ᠍ᠯᠯᠠᠭ᠎ᠠ ᠲᠡᠭᠡᠷ᠎ᠠ ᠪᠠᠨ ᠪᠡᠶ᠎ᠠ ᠳᠡᠭᠡᠨ ᠲᠣᠭᠳ᠋ᠠᠭᠠᠭᠰᠠᠨ ᠰᠠᠬᠢᠯᠭ᠎ᠠ ᠵᠢᠷᠣᠮ ᠮᠦᠨ ᠊᠊᠊᠊᠊᠊᠊᠊᠊᠊᠊᠊᠊᠊᠊ ᠡᠨᠡ ᠪᠣᠯ ᠲᠠᠷᠣᠢ ᠶᠣᠰᠣ ᠮᠣᠷᠠᠯ  ᠭᠡᠳᠡᠭ ᠪᠣᠯᠠᠢ ᠃ 

       ᠭᠡᠪᠡᠴᠣ ᠶᠣᠰᠣ ᠮᠣᠷᠠᠯ ᠨᠢ ᠲᠡᠭᠡᠷᠡᠬᠢ ᠬᠡᠯᠡᠭᠰᠡᠨ ᠰᠢᠭ ᠣᠯᠠᠨ ᠪᠡᠷᠭᠡᠳ᠋ᠡᠯ ᠬᠦᠴᠢ᠍ᠷᠳ᠋ᠡᠯᠭᠡ ᠲᠡᠶ ᠶᠣᠮ ᠃ ᠶᠣᠰᠣ ᠮᠣᠷᠠᠯ ᠪᠣᠯ ᠨᠢ᠍ᠬᠡ  ᠵᠦᠢᠯ ᠤᠨ ᠬᠠᠨᠳ᠋ᠣᠯᠭ᠎ᠠ ᠶᠢᠨ ᠬᠦᠴᠢ᠍ᠷᠳ᠋ᠡᠯ ᠂ ᠨᠢ᠍ᠬᠡ ᠵᠦᠢᠯ ᠤᠨ ᠰᠡᠳᠬᠢᠴᠡ ᠶᠢᠨ ᠬᠦᠴᠢ᠍ᠷᠳ᠋ᠡᠯ ᠂ ᠨᠢ᠍ᠬᠡ  ᠵᠦᠢᠯ ᠤᠨ ᠮᠡᠷᠭᠡᠵᠢ᠍ᠯ ᠤᠨ ᠬᠦᠴᠢ᠍ᠷᠳ᠋ᠡᠯ ᠂ ᠨᠢ᠍ᠬᠡ  ᠵᠦᠢᠯ ᠤᠨ ᠪᠣᠰᠣᠳ ᠤᠨ  ᠲᠦᠯᠦᠭᠡᠨ ᠤ ᠬᠦᠴᠢ᠍ᠷᠳ᠋ᠡᠯ ᠂ ᠨᠢ᠍ᠬᠡ  ᠵᠦᠢᠯ  ᠦᠨ ᠲᠡᠣᠭᠡᠳ᠋ᠣ ᠡᠬᠦᠷᠭᠡ ᠶᠢᠨ ᠬᠦᠴᠢ᠍ᠷᠳ᠋ᠡᠯ ᠪᠣᠯᠣᠨ᠎ᠠ ᠃ ᠶᠣᠰᠣ ᠮᠣᠷᠠᠯ ᠲᠡᠶ ᠬᠦᠮᠣᠨ  ᠭᠡᠳᠡᠭ ᠨᠢ ᠪᠡᠷᠭᠡᠳ᠋ᠡᠯ ᠬᠦᠴᠢ᠍ᠷᠳ᠋ᠡᠯ ᠤᠨ ᠲᠣᠮᠳ᠋ᠠ ᠡᠴᠡ ᠭᠠᠷᠴᠣ ᠢᠷᠡᠭ᠍ᠰᠡᠨ ᠬᠦᠮᠣᠰ ᠪᠣᠯᠣᠨ᠎ᠠ ᠃ ᠪᠦᠬᠦ ᠨᠡᠶᠢᠭᠡᠮ ᠳ᠋ᠥ ᠶᠣᠰᠣ ᠮᠣᠷᠠᠯ ᠢ ᠴᠢ᠍ᠬᠣᠯᠠᠴᠢ᠍ᠯᠠᠵᠣ  ᠪᠠᠶᠢᠭ᠎ᠠ ᠣᠳᠬ᠎ᠠ ᠠᠭᠣᠯᠭ᠎ᠠ ᠨᠢ ᠡᠬᠦᠨ ᠳᠡᠭᠡᠨ  ᠪᠠᠶᠢᠭ᠎ᠠ ᠶᠣᠮ ᠡ !

                                                    ᠮᠠᠡᠭ᠍ᠭᠣᠳ ᠪᠦᠬᠡ ᠂2016.3.5

ᠢᠷᠡᠯᠳᠡ᠄ ᠨᠠᠢᠮᠠᠨ ᠤ ᠵᠠᠰᠠᠭ ᠤᠨ ᠣᠷᠳᠣᠨ ᠨᠠᠶᠢᠷᠠᠭᠤᠯᠤᠭᠴᠢ᠄ ᠪᠤᠤ ᠵᠢᠨ ᠯᠢᠶᠠᠨ

ᠬᠠᠮᠢᠶ᠎ᠡ ᠪᠦᠬᠦᠢ ᠰᠣᠨᠢᠨ