ᠠᠳᠤᠭᠤᠨ ᠬᠡᠶᠢᠮᠤᠷᠢ ᠰᠡᠷᠬᠦᠭᠡᠭᠰᠡᠨ ᠵᠠᠩ ᠦᠢᠯᠡ ᠶ᠋ᠢᠨ ᠦᠵᠡᠬᠦᠯᠦᠯᠭᠡ ᠠᠪᠠᠭ᠎ᠠ ᠨᠤᠳᠤᠭ ᠲᠦ ᠶᠠᠪᠤᠭᠳᠠᠯ᠎ᠠ

ᠣᠩᠰᠢᠭᠰᠠᠨ ᠤᠳᠠᠭ᠎ᠠ ᠄ 3837     ᠨᠡᠶᠢᠳᠡᠯᠡᠭᠰᠡᠨ ᠴᠠᠭ ᠄ 2016/5/1 8:50:21

   


      4 ᠳ᠋ᠤᠭᠡᠷ ᠰᠠᠷ᠎ᠠ ᠶ᠋ᠢᠨ 6 ‍ᠤ ᠡᠳᠦᠷ ‍ᠤᠨ ᠦᠳᠡ ᠶ᠋ᠢᠨ  ᠡᠮᠦᠨ᠎ᠡ ᠂  ᠠᠪᠠᠭ᠎ᠠ  ᠬᠤᠰᠢᠭᠤᠨ  ‍ᠤ  ᠶᠡᠭᠡᠭᠤᠤᠯ  ᠰᠤᠮᠤᠨ  ‍ᠤ ᠶᠡᠭᠡᠠᠤᠰᠤ ᠭᠠᠴᠠᠭᠠᠨ ‍ᠤ ᠮᠠᠯᠴᠢᠨ ᠮᠦᠩᠭᠡᠳᠤᠯᠭᠠᠭᠤᠷᠢ ᠶ᠋ᠢᠨ ᠬᠠᠪᠤᠷᠵᠢᠶ᠎ᠠ ᠳ᠋ᠤ ᠤᠷᠭᠠᠨ ‍ᠤ ᠮᠤᠷᠢᠳ  ᠢᠶᠡᠨ  ᠲᠡᠭᠡᠭᠡᠭᠰᠡᠨ ᠠᠴᠢᠶᠠᠨ ‍ᠤ ᠮᠠᠰᠢᠨ ᠂ ᠲᠤᠰᠬᠠᠶᠢᠯᠠᠨ ᠵᠤᠷᠢᠭᠰᠠᠨ  ᠬᠦᠩᠭᠡᠨ  ᠮᠠᠰᠢᠨ  ᠭᠡᠮᠡᠨ  ᠤᠯᠠᠨ  ᠤᠨᠤᠭ᠎ᠠ  ᠬᠦᠰᠭᠡ ᠵᠦᠷᠢᠯᠳᠦᠵᠦ ᠂ ᠪᠠᠶᠠᠷ ᠨᠠᠶᠢᠷ ᠢᠶᠠᠷ ᠴᠠᠯᠬᠢᠯᠠᠨ᠎ᠠ ᠃ 10 ᠴᠠᠭ ‍ᠤᠨ ᠪᠠᠷᠤᠭ ᠢᠶᠠᠷ  ᠠᠪᠠᠭ᠎ᠠ  ᠬᠤᠰᠢᠭᠤᠨ  ‍ᠤ  ᠬᠠᠷ᠎ᠠ  ᠠᠳᠤᠭᠤᠨ  ᠰᠤᠶᠤᠯ  ‍ᠤᠨ  ᠵᠠᠩ  ᠦᠢᠯᠡ  ᠶ᠋ᠢᠨ ᠦᠵᠡᠬᠦᠯᠦᠯᠭᠡ ᠡᠨᠳᠡ ᠬᠦᠭᠵᠢᠶᠠᠨᠳᠠᠢ ᠡᠬᠢᠯᠡᠪᠡ ᠃   ᠠᠪᠠᠭ᠎ᠠ ᠬᠤᠰᠢᠭᠤᠨ ‍ᠤ ᠰᠤᠶᠤᠯ ᠲᠠᠮᠢᠷ ᠷᠠᠳᠢᠤ᠋ ᠲᠸᠯᠸᠢᠰ ᠵᠢᠭᠤᠯᠴᠢᠯᠠᠯ ‍ᠤᠨ ᠲᠤᠪᠴᠢᠶ᠎ᠠ ᠂ ᠬᠤᠰᠢᠭᠤᠨ ‍ᠤ ᠤᠳᠬ᠎ᠠ ᠤᠷᠠᠯᠢᠭ ‍ᠤᠨ ᠬᠢᠨ ‍ᠤ ᠬᠤᠯᠪᠤᠭ᠎ᠠ ᠬᠢᠭᠡᠳ ᠶᠠᠭᠡᠭᠤᠤᠯ ᠰᠤᠮᠤᠨ ‍ᠤ ᠵᠠᠰᠠᠭ ‍ᠤᠨ ᠤᠷᠳᠤᠨ ᠡᠴᠡ ᠬᠠᠮᠳᠤᠷᠠᠨ ᠡᠷᠬᠢᠯᠡᠭᠰᠡᠨ ᠡᠨᠡ ᠬᠦ  ᠠᠵᠢᠯᠯᠠᠭ᠎ᠠ  ᠨᠢ ᠠᠳᠤᠭᠤᠨ ᠰᠤᠶᠤᠯ ‍ᠤᠨ ᠪᠠᠬᠠᠳᠠᠳ ᠂ ᠭᠡᠷᠡᠯ ᠵᠢᠷᠤᠭᠴᠢᠳ ᠬᠢᠭᠡᠳ ᠤᠷᠭᠠᠴᠢᠨ ᠡᠮᠨᠢᠭᠴᠢᠳ  ‍ᠤᠨ  ᠲᠤᠷ᠎ᠠ  ᠰᠤᠨᠢᠷᠬᠠᠯ  ‍ᠢ ᠲᠠᠳᠠᠵᠦ᠂ ᠦᠵᠦᠮᠦᠴᠢᠨ᠂ ᠰᠦᠨᠢᠳ᠂ ᠰᠢᠯᠢ ᠶ᠋ᠢᠨ ᠬᠤᠳᠠ ᠬᠢᠭᠡᠳ ᠤᠶᠢᠷ᠎ᠠ ᠵᠡᠷᠭᠡᠯᠡᠳᠡᠭᠡ ᠰᠤᠮᠤ ᠭᠠᠴᠠᠭᠠᠨ ‍ᠤ 60 ᠰᠢᠬᠠᠮ ᠤᠷᠭᠠᠴᠢᠳ ᠬᠤᠷᠠᠨ ᠴᠤᠭᠯᠠᠷᠠᠵᠦ ᠂ ᠬᠡᠶᠢᠮᠤᠷᠢ ᠰᠡᠷᠬᠦᠭᠡᠭᠰᠡᠨ ᠶᠤᠮ ᠃      

      ᠡᠨᠡ ᠬᠦ 《 ᠬᠠᠷ᠎ᠠ ᠠᠳᠤᠭᠤᠨ ‍ᠤ ᠦᠯᠦᠭᠡᠢ》 ᠭᠡᠮᠡᠭᠳᠡᠭᠰᠡᠨ ᠠᠪᠠᠭ᠎ᠠ ᠨᠤᠳᠤᠭ ‍ᠤᠨ ᠬᠠᠪᠤᠷ ‍ᠤᠨ ᠤᠯᠠᠷᠢᠯ ‍ᠤᠨ  ᠪᠠᠰᠠ  ᠨᠢᠭᠡᠨ ᠴᠢᠬᠤᠯᠠ ᠠᠵᠢᠯ ‍ᠤᠨ ᠬᠤᠪᠢ ᠪᠡᠷ ᠡᠷᠭᠡᠪᠰᠢ ᠶᠠᠪᠤᠭᠳᠠᠳᠠᠭ ᠠᠳᠤᠭᠤᠨ ᠲᠡᠯᠯᠡᠭᠡ  ᠵᠡᠷᠭᠡ  ᠪᠡᠨ  ᠡᠨᠡ  ᠤᠳᠠᠭ᠎ᠠ  ᠲᠤᠰᠬᠠᠶᠢᠯᠠᠨ  ᠵᠠᠩ ᠦᠢᠯᠡ ᠶ᠋ᠢᠨ ᠦᠵᠡᠬᠦᠯᠦᠯᠭᠡ ᠶ᠋ᠢᠨ ᠬᠡᠯᠪᠡᠷᠢ ᠪᠡᠷ ᠶᠠᠪᠤᠭᠤᠯᠤᠭᠰᠠᠨ ᠨᠢ ᠶᠠᠮᠠᠷᠬᠠᠨ ᠵᠤᠷᠢᠯᠳᠠ ᠬᠠᠷᠠᠯᠳᠠ ᠲᠠᠢ ᠪᠤᠯ ᠭᠡᠮᠡᠨ ᠰᠤᠨᠢᠭᠤᠴᠢᠯᠠᠬᠤ ᠳ᠋ᠤ ᠬᠤᠰᠢᠭᠤᠨ ‍ᠤ ᠰᠤᠶᠤᠯ ᠲᠠᠮᠢᠷ ᠷᠠᠳᠢᠤ᠋ ᠲᠸᠯᠸᠢᠰ ᠵᠢᠭᠤᠯᠴᠢᠯᠠᠯ ‍ᠤᠨ ᠲᠤᠪᠴᠢᠶᠠᠨ ‍ᠤ ᠲᠤᠪᠴᠢᠶᠠᠨ ᠲᠠᠷᠤᠭ᠎ᠠ ᠬᠠᠰᠪᠠᠭᠠᠨ᠎ᠠ ᠄ 《 ᠬᠠᠪᠤᠷ ‍ᠤᠨ ᠤᠯᠠᠷᠢᠯ ᠳ᠋ᠤ ᠠᠳᠤᠭᠤᠨ ᠲᠡᠯᠯᠡᠭᠡ ᠶ᠋ᠢ ᠲᠤᠬᠢᠶᠠᠯᠳᠤᠭᠤᠯᠤᠨ ᠲᠠᠭ᠎ᠠ ᠲᠠᠮᠠᠭᠠᠯᠠᠬᠤ ᠂ ᠦᠷᠢᠶ᠎ᠡ ᠬᠠᠭᠠᠷᠢᠬᠤ ᠂ ᠡᠮᠨᠢᠭ ᠰᠤᠷᠭᠠᠬᠤ ᠵᠡᠷᠭᠡ ᠤᠯᠠᠮᠵᠢᠯᠠᠯᠳᠦ ᠠᠵᠢᠯᠯᠠᠭ᠎ᠠ ᠨᠤᠬᠦᠳ ‍ᠢ ᠡᠷᠳᠡᠨ ᠡᠴᠡ ᠶᠠᠪᠤᠭᠳᠠᠭᠤᠯᠳᠠᠭ ᠶᠤᠮ ᠃ ᠡᠨᠡ ᠬᠦ ᠠᠳᠤᠭᠤᠨ ᠰᠤᠶᠤᠯ ‍ᠤᠨ  ᠦᠪᠡᠷᠮᠢᠴᠡ  ᠵᠠᠩ ᠦᠢᠯᠡ ᠶ᠋ᠢ ᠨᠡᠩ ᠲᠤᠳᠤᠷᠠᠭᠤᠯᠵᠦ ᠂ ᠤᠯᠠᠮᠵᠢᠯᠠᠨ ᠰᠤᠷᠳᠠᠯᠴᠢᠯᠠᠵᠦ ᠂ ᠦᠪᠯᠡᠨ ᠬᠠᠳᠠᠭᠠᠯᠬᠠᠤ ᠭᠡᠰᠡᠨ ᠨᠢ ᠨᠢᠭᠡ ᠵᠤᠷᠢᠯᠳᠠ ᠃ ᠠᠳᠤᠭᠤ ᠮᠠᠯᠵᠢᠬᠤ ᠬᠦᠮᠦᠰ ᠴᠦᠬᠡᠷᠡᠭᠰᠡᠨ ᠡᠴᠡ ᠪᠤᠯᠤᠭᠠᠳ ᠭᠡᠰᠡᠭ ᠠᠳᠤᠭᠤᠨ ‍ᠤ ᠪᠠᠬᠠᠳᠠᠳ ᠲᠦ ᠤᠷ᠎ᠠ ᠴᠢᠳᠠᠯ ᠢᠶᠡᠨ ᠰᠤᠯᠢᠯᠴᠠᠬᠤ ᠂ ᠤᠷᠮ᠎ᠠ ᠵᠤᠷᠢᠭ ᠢᠶᠡᠨ ᠰᠡᠷᠬᠦᠭᠡᠬᠦ ᠂ ᠵᠠᠩ ᠵᠠᠩᠰᠢᠯ ᠢᠶᠡᠨ ᠤᠯᠠᠮᠵᠢᠯᠠᠬᠤ ᠤᠷᠴᠢᠨ ᠲᠤᠭᠤᠷᠢᠨ ᠬᠤᠪᠤᠷᠳᠠᠵᠦ ᠪᠠᠶᠢᠭ᠎ᠠ ᠪᠠᠶᠢᠳᠠᠯ  ᠲᠤᠤᠷ᠎ᠠ ᠮᠠᠯᠴᠢᠨ ᠲᠦᠮᠡᠨ ᠳ᠋ᠡᠭᠡᠨ ᠲᠡᠷᠡ ᠬᠦ ᠤᠷᠴᠢᠨ ᠲᠤᠭᠤᠷᠢᠨ ‍ᠢ ᠪᠦᠷᠢᠯᠳᠦᠬᠦᠯᠦᠨ ᠦᠭᠬᠦ ᠭᠡᠰᠡᠨ ᠪᠠᠰᠠ ᠨᠢᠭᠡᠨ ᠵᠤᠷᠢᠯᠳᠠ ᠃ ᠲᠠᠬᠢᠪᠠᠯ ᠨᠤᠳᠤᠭ ‍ᠤᠨ ᠠᠯᠳᠠᠷᠰᠢᠯ ᠡᠷᠬᠦᠭᠰᠡᠨ ᠠᠪᠠᠭ᠎ᠠ ᠬᠠᠷ᠎ᠠ ᠠᠳᠤᠭᠤ ᠪᠡᠨ ᠨᠡᠩ ᠦᠷᠭᠡᠨ ᠲᠡᠯᠭᠡᠷ ᠤᠬᠠᠭᠤᠯᠤᠨ ᠂ ᠨᠤᠳᠤᠭ ᠤᠷᠤᠨ ‍ᠤ ᠨᠡᠷᠡᠳᠦ  ᠲᠡᠮᠳᠡᠭ ᠂ ᠦᠩᠭᠡ ᠦᠵᠡᠮᠵᠢ ᠪᠡᠨ ᠭᠡᠷᠡᠯ ᠵᠢᠷᠤᠭ ‍ᠤᠨ ᠮᠠᠰᠢᠨ ᠢᠶᠠᠷ ᠴᠦ ᠪᠤᠯᠤᠭ ᠲᠦᠮᠡᠨ ‍ᠤ ᠬᠠᠷᠠᠭᠠᠨ ᠳ᠋ᠤ ᠲᠤᠳᠤᠷᠠᠭᠤᠯᠵᠦ ᠂ ᠵᠢᠭᠤᠯᠴᠢᠯᠠᠯ  ‍ᠤᠨ ᠦᠢᠯᠡᠰ ‍ᠤᠨ ᠬᠦᠭᠵᠢᠯᠳᠡ ᠳ᠋ᠤ ᠬᠦᠴᠦᠨ ᠨᠡᠮᠡᠷᠢᠯᠡᠬᠦ ᠭᠡᠰᠡᠨ ᠪᠠᠰᠠ ᠨᠢᠭᠡᠨ ᠵᠤᠷᠢᠯᠳᠠ ᠲᠠᠢ ᠵᠤᠬᠢᠶᠠᠨ ᠪᠠᠶᠢᠭᠤᠯᠤᠭᠰᠠᠨ  ᠶᠤᠮ》  ᠭᠡᠮᠡᠨ ᠤᠴᠢᠷᠯᠠᠪᠠ ᠃   ᠠᠪᠠᠭ᠎ᠠ ᠬᠠᠷ᠎ᠠ ᠠᠳᠤᠭᠤ ᠪᠡᠷ ᠢᠶᠡᠨ ᠪᠠᠬᠠᠷᠬᠠᠭᠰᠠᠨ ᠮᠠᠯᠴᠢᠨ ᠠᠶᠢᠯ ᠡᠨᠡ  ᠨᠣᠳᠤᠭ   ᠲᠦ  ᠨᠡᠯᠢᠶᠡᠳ  ᠪᠠᠶᠢᠳᠠᠭ᠋᠃ ᠮᠠᠯᠴᠢᠨ ᠮᠦᠩᠭᠡᠳᠤᠯᠭᠠᠭᠤᠷᠢ ᠶ᠋ᠢᠨ ᠬᠢᠨ ᠴᠦ ᠠᠳᠤᠭᠤᠨ ᠰᠤᠶᠤᠯ ᠢᠶᠡᠨ ᠦᠪ ᠪᠦᠳᠦᠨ ᠦᠯᠡᠳᠡᠭᠡᠬᠦ ᠪᠡᠷ ᠵᠤᠷᠢᠵᠦ ᠂ ᠠᠳᠤᠭᠤ ᠪᠡᠨ  ᠬᠠᠶᠢᠷᠠᠯᠠᠨ ᠦᠷᠡᠵᠢᠬᠦᠯᠵᠦ ᠶᠠᠪᠤᠭ᠎ᠠ ᠶ᠋ᠢᠨ ᠨᠢᠭᠡ ᠨᠢ ᠪᠢᠯᠡ ᠃ ᠡᠳᠡᠨᠡᠶᠢᠬᠢ ᠠᠯᠢ ᠡᠷᠳᠡ  ᠡᠴᠡ  ᠠᠳᠤᠭᠤ  ᠮᠠᠯᠵᠢᠭᠰᠠᠭᠠᠷ  ᠢᠷᠡᠭᠰᠡᠨ ᠃ ᠬᠤᠶᠠᠷ ᠮᠢᠩᠭᠠᠨ ‍ᠤ ᠠᠭᠤᠯᠵᠠᠷ ᠢᠶᠡᠨ ᠦᠷᠬᠦᠯᠵᠢᠯᠡᠭᠰᠡᠨ ᠭᠠᠩ ᠭᠠᠮᠰᠢᠭ ᠪᠤᠯᠵᠦ ᠂ ᠲᠠᠯ᠎ᠠ ᠶ᠋ᠢᠨ ᠮᠠᠯᠴᠢᠳ ᠠᠳᠤᠭᠤ ᠪᠡᠨ  ᠠᠵᠢᠷᠭ᠎ᠠ  ᠠᠵᠢᠷᠭ᠎ᠠ ᠪᠡᠷ ᠬᠤᠳᠠᠯᠳᠤᠵᠦ ᠂ ᠠᠶᠢᠯ ‍ᠤᠳ  ‍ᠤᠨ  ᠭᠠᠳᠠᠨ᠎ᠠ  ᠤᠨᠤᠭᠠᠷᠢ  ᠶ᠋ᠢᠨ  ᠭᠡᠳᠦᠨ  ᠮᠤᠷᠢ  ᠯᠠ  ᠦᠦᠷᠰᠡᠬᠦ  ᠪᠤᠯᠤᠭᠰᠠᠨ᠃ ᠭᠡᠪᠡᠴᠦ ᠮᠦᠩᠭᠡᠳᠤᠯᠭᠠᠭᠤᠷᠢ ᠶ᠋ᠢᠨ ᠬᠢᠨ  ‍ᠤ  ᠠᠳᠤᠭᠤ  ᠮᠦᠨ  ᠯᠡ  ᠭᠡᠳᠦ  ᠵᠠᠭᠤ  ᠪᠡᠷ  ᠲᠤᠭᠠᠯᠠᠭᠳᠠᠵᠦ  ᠪᠠᠶᠢᠯ᠎ᠠ ᠃ ᠲᠡᠶᠢᠨ  ᠬᠦ ᠬᠠᠮᠠᠭᠠᠯᠠᠨ ᠦᠷᠡᠵᠢᠬᠦᠯᠦᠭᠰᠡᠭᠡᠷ ᠪᠠᠶᠢᠵᠦ ᠂ ᠤᠳᠤ ᠪᠤᠯᠬᠤ ᠳ᠋ᠤ 400 ᠭᠠᠷᠤᠢ ᠠᠳᠤᠭᠤ ᠲᠠᠢ ᠪᠤᠯᠵᠠᠢ ᠃ ᠡᠬᠦᠨ ᠡᠴᠡ ᠭᠠᠳᠠᠨ᠎ᠠ  ᠬᠤᠨᠢ ᠦᠭᠡᠷ ᠮᠠᠯᠵᠢᠨ ᠂ ᠭᠡᠷ ᠪᠦᠯᠢ ᠶ᠋ᠢᠨ ᠮᠠᠯᠵᠢᠯ ‍ᠤᠨ ᠲᠠᠯᠠᠪᠠᠢ ᠶ᠋ᠢᠨ ᠬᠤᠪᠢ ᠪᠡᠷ ᠮᠠᠯᠵᠢᠬᠤ ᠦᠢᠯᠡᠳᠪᠤᠷᠢᠯᠡᠯ ᠳ᠋ᠡᠭᠡᠨ ᠬᠤᠰᠢᠭᠤᠴᠢ ᠲᠠᠭᠤᠷᠢᠶᠠᠯ ᠨᠢ ᠪᠤᠯᠤᠭᠰᠠᠭᠠᠷ ᠶᠠᠪᠤᠭ᠎ᠠ ᠃ ᠡᠶᠢᠨᠬᠦ ᠦᠨᠦᠳᠦᠷ ‍ᠤᠨ ᠠᠵᠢᠯᠯᠠᠭ᠎ᠠ ᠡᠳᠡᠨᠡᠶᠢᠬᠢᠨ ‍ᠤ ᠭᠠᠳᠠᠨ᠎ᠠ ᠡᠶᠢᠨ ᠬᠦ ᠦᠷᠨᠢᠵᠦ ᠂ ᠠᠳᠤᠭᠤ ᠲᠠᠢ ᠠᠶᠢᠯ ‍ᠤᠨ ᠠᠵᠢᠯ ᠰᠢᠯᠤᠭᠤᠳᠬᠠᠵᠦ ᠂ ᠠᠳᠤᠭᠤᠨ ‍ᠤ ᠪᠠᠬᠠᠳᠠᠳ ‍ᠤᠨ ᠬᠡᠶᠢᠮᠦᠷᠢ ᠰᠡᠷᠬᠦᠭᠡᠭᠰᠡᠨ ᠨᠢ ᠤᠴᠢᠷᠳᠠᠢ ᠃    ᠬᠠᠷᠢᠨ ᠮᠦᠩᠭᠡᠳᠤᠯᠭᠠᠭᠤᠷᠢ ᠶ᠋ᠢᠨ ᠬᠢᠨ ᠪᠠᠰᠠ ᠠᠳᠤᠭᠤᠨ ‍ᠤ ᠠᠰᠢᠭ  ᠰᠢᠮ᠎ᠡ  ᠡᠴᠡ  ᠪᠡᠨ  ᠪᠠᠭ᠎ᠠ  ᠪᠤᠰᠤ ᠮᠠᠯᠵᠢᠯ  ‍ᠤᠨ ᠤᠷᠤᠯᠭ᠎ᠠ ᠡᠬᠦᠳᠳᠡᠭ ᠶᠤᠮ ᠪᠠᠶᠢᠨ᠎ᠠ ᠃   ᠭᠤᠤᠯᠳᠠᠭᠤ ᠭᠡᠬᠦᠦ ᠰᠠᠭᠠᠬᠤ ᠪᠡᠷ ᠭᠤᠤᠯᠳᠠᠵᠦ᠂ ᠨᠢᠳᠤᠨᠤᠨ ᠲᠦᠴᠢᠭᠡᠳ ᠭᠡᠬᠦᠦ ᠪᠠᠷᠢᠭᠰᠠᠨ᠂ ᠦᠨᠦ ᠵᠢᠯ  ᠨᠠᠶᠠᠭᠠᠳ ᠭᠡᠬᠦᠦ ᠪᠠᠷᠢᠬᠤ ᠰᠠᠨᠠᠭᠠᠳᠠᠢ ᠂ ᠴᠡᠭᠡ ᠶ᠋ᠢᠨ ᠪᠤᠷᠤᠯᠠᠭᠤᠯᠭ᠎ᠠ ᠶᠡᠭᠡ ᠰᠠᠶᠢᠨ ᠃ ᠬᠤᠷᠢᠨ ᠭᠡᠬᠦᠦ ᠳ᠋ᠤ ᠬᠤᠶᠠᠷ  ᠬᠦᠮᠦᠨ ᠬᠦᠯᠦᠰᠦᠯᠡᠳᠡᠭ ᠃ ᠴᠡᠭᠡ ᠶ᠋ᠢᠨ ᠤᠷᠤᠯᠭ᠎ᠠ ᠨᠢᠳᠤᠨᠤᠨ ᠭᠠᠩ ᠲᠠᠢ ᠴᠦ 8 ᠲᠦᠮᠡ ᠬᠦᠷᠴᠠᠢ ᠭᠡᠵᠦ ᠮᠦᠩᠭᠡᠳᠤᠯᠭᠠᠭᠤᠷᠢ ᠠᠳᠤᠭᠤᠨ ‍ᠤ  ᠠᠰᠢᠭ  ᠤᠷᠤᠯᠭ᠎ᠠ ᠶ᠋ᠢᠨ ᠢᠶᠡᠨ ᠲᠤᠬᠠᠢ ᠲᠦᠬᠦᠮᠬᠡᠨ ᠲᠠᠨᠢᠯᠴᠠᠭᠤᠯᠤᠯ᠎ᠠ ᠃

       ᠦᠨᠦᠳᠦᠷ ‍ᠤᠨ ᠠᠵᠢᠯᠯᠠᠭ᠎ᠠ ᠨᠢ ᠠᠳᠤᠭᠤ ᠲᠡᠯᠯᠡᠬᠦ ᠂ ᠲᠠᠭ᠎ᠠ ᠲᠠᠮᠠᠭᠠᠯᠠᠬᠤ ᠂ ᠦᠷᠢᠶ᠎ᠡ ᠬᠠᠭᠠᠷᠢᠬᠤ ᠂ ᠡᠮᠨᠢᠭ ᠤᠨᠤᠬᠤ ᠵᠡᠷᠭᠡ ᠤᠯᠠᠮᠵᠢᠯᠠᠯᠳᠦ ᠵᠠᠩ ᠦᠢᠯᠡ ᠶ᠋ᠢᠨ ᠬᠡᠯᠪᠡᠷᠢ ᠪᠡᠷ ᠢᠯᠭᠠᠵᠦ ᠭᠠᠷᠭᠠᠭᠰᠠᠨ 200 ᠭᠠᠷᠤᠢ  ᠠᠳᠤᠭᠤᠳ  ‍ᠤᠨ  ᠲᠤᠮᠳᠠ  ᠶᠠᠪᠤᠭᠳᠠᠵᠦ ᠂ ᠤᠷᠭᠠᠴᠢᠳ ᠂ ᠡᠮᠨᠢᠭᠴᠢᠳ ᠦᠪᠡᠷ ᠦᠪᠡᠷᠰᠡᠳ ‍ᠤᠨ ᠤᠷ᠎ᠠ ᠴᠢᠳᠠᠯ ᠢᠶᠡᠨ ᠭᠠᠶᠢᠬᠠᠭᠤᠯᠤᠨ᠂ ᠤᠷᠭ᠎ᠠ ᠶ᠋ᠢᠨ ᠦᠵᠦᠬᠦᠷ ᠨᠠᠬᠢᠯᠵᠠᠭᠤᠯᠤᠨ ᠬᠦᠭᠵᠢᠯᠳᠦᠬᠦ ᠳ᠋ᠤ ᠤᠨᠤᠭᠰᠠᠨ ᠮᠤᠷᠢᠳ ᠨᠢ ᠡᠵᠡᠨ ‍ᠤ ᠪᠡᠨ ᠰᠠᠨᠠᠭ᠎ᠠ ᠶ᠋ᠢ ᠮᠡᠳᠡᠭᠰᠡᠨ ᠮᠡᠳᠦ ᠬᠠᠨᠳᠤᠭᠰᠠᠨ ᠵᠦᠭ ᠲᠤᠨᠢ ᠲᠠᠪᠬᠢᠯᠳᠤᠨ᠎ᠠ ᠃  

      ᠵᠠ ᠂ ᠦᠨᠦᠳᠦᠷ ᠪᠢ ᠮᠦᠩᠭᠡᠳᠤᠯᠭᠠᠭᠤᠷᠢ ᠠᠬ᠎ᠠ ᠶ᠋ᠢᠨ ᠠᠳᠤᠭᠤᠨ ᠲᠡᠯᠯᠡᠭᠡ ᠶ᠋ᠢᠨ ᠴᠢᠮᠡᠭᠡ ᠶ᠋ᠢ ᠰᠤᠨᠤᠰᠤᠭᠠᠳ ᠭᠠᠴᠠᠭᠠᠨ ‍ᠤ ᠪᠡᠨ ᠭᠡᠳᠦᠨ ᠤᠷᠭᠠᠴᠢᠨ ᠲᠠᠢ ᠢᠷᠡᠭᠡᠳ ᠶᠡᠭᠡ ᠰᠠᠶᠢᠬᠠᠨ ᠨᠠᠭᠠᠳᠤᠯ᠎ᠠ ᠃ ᠴᠢᠮᠡᠭᠡ ᠬᠤᠯᠪᠤᠭ᠎ᠠ ᠰᠠᠶᠢᠨ᠂ ᠵᠠᠮ ᠨᠡᠪᠳᠡᠷᠡᠯᠭᠡ  ᠲᠦᠬᠦᠮ ᠪᠤᠯᠤᠭᠰᠠᠨ ᠪᠤᠯᠬᠤᠷ ᠤᠤᠯ ‍ᠤᠨ ᠰᠢᠭ ᠮᠤᠷᠢ ᠤᠨᠤᠭ᠎ᠠ ᠪᠡᠨ ᠬᠦᠳᠦᠯᠦᠨ ᠢᠷᠡᠬᠦ ᠴᠢᠬᠤᠯᠠ  ᠦᠭᠡᠢ  ᠪᠤᠯᠤᠭᠰᠠᠨ ᠃  ᠰᠢᠭᠤᠳ  ᠯᠡ ᠮᠠᠰᠢᠨ ᠲᠡᠷᠭᠡ ᠲᠠᠢ ᠲᠠᠪᠬᠢᠭᠠᠳ ᠪᠠᠭᠤᠵᠦ ᠴᠢᠳᠠᠬᠤ ᠪᠤᠯᠤᠭᠰᠠᠨ ᠰᠢᠤ ᠃ ᠡᠶᠢᠮᠦᠷᠬᠦ ᠠᠵᠢᠯᠯᠠᠭ᠎ᠠ ᠪᠡᠷ ᠦᠷᠬᠦᠯᠵᠢ ᠤᠷᠤᠯᠴᠠᠵᠦ ᠶᠠᠪᠤᠬᠤ ᠰᠠᠶᠢᠬᠠᠨ ᠳ᠋ᠠ ᠭᠡᠮᠡᠨ ᠪᠤᠯᠠᠭ ‍ᠤᠨ ᠤᠪᠤᠭ᠎ᠠ ᠭᠠᠴᠠᠭᠠᠨ ‍ᠤ ᠮᠠᠯᠴᠢᠨ ᠪᠤᠶᠠᠨᠪᠠᠳᠦ ᠶᠠᠷᠢᠨ᠎ᠠ ᠃     

      ᠦᠨᠦᠳᠦᠷ ᠡᠯᠡᠰᠦᠨ ᠰᠢᠭᠤᠷᠭ᠎ᠠ ᠲᠡᠭᠳᠡᠵᠦ ᠪᠠᠶᠢᠭᠰᠠᠨ ᠴᠦ ᠨᠠᠭᠠᠳᠤᠮᠴᠢᠳ ‍ᠤᠨ ᠬᠤᠪᠢ ᠳ᠋ᠤ ᠰᠡᠳᠬᠢᠯ ᠮᠠᠰᠢ ᠦᠨᠳᠦᠷ ᠪᠠᠶᠢᠭ᠎ᠠ ᠪᠠᠶᠢᠬᠤ ᠭᠡᠵᠦ ᠪᠤᠳᠤᠵᠦ ᠪᠤᠢ ᠃ ᠮᠠᠨ ‍ᠤ ᠭᠠᠴᠠᠭᠠᠨ ᠳ᠋ᠤ ᠡᠶᠢᠮᠦᠷᠬᠦ ᠠᠵᠢᠯᠯᠠᠭ᠎ᠠ ‍ᠢ ᠵᠢᠯ ᠳ᠋ᠡᠭᠡᠨ ᠪᠠᠷᠤᠭ ᠬᠤᠷᠢ ᠰᠢᠬᠠᠮ ᠤᠳᠠᠭ᠎ᠠ ᠦᠷᠨᠢᠬᠦᠯᠳᠡᠭ ᠃ ᠬᠤᠵᠢᠮ ᠬᠤᠶᠢᠰᠢᠳᠡ ᠵᠠᠯᠠᠭᠤᠴᠤᠳ ᠪᠠᠭᠠᠴᠤᠳ  ᠮᠤᠩᠭᠤᠯ  ᠠᠳᠤᠭᠤᠨ  ᠳ᠋ᠤ  ᠤᠯᠠᠮ  ᠡᠴᠡ  ᠤᠯᠠᠮ  ᠪᠠᠬᠠᠳᠠᠢ ᠪᠤᠯᠭᠠᠬᠤ ᠳ᠋ᠤ ᠡᠶᠢᠮᠦᠷᠬᠦ ᠠᠵᠢᠯᠯᠠᠭ᠎ᠠ ᠶ᠋ᠢᠨ ᠦᠷᠨᠢᠯ ᠨᠡᠩ ᠴᠢᠬᠤᠯᠠ ᠱᠠᠭᠠᠷᠳᠠᠨ᠎ᠠ ᠭᠡᠮᠡᠨ ᠶᠡᠭᠡᠠᠤᠰᠤ ᠭᠠᠴᠠᠭᠠᠨ  ‍ᠤ  ᠭᠠᠴᠠᠭᠠᠨ  ᠲᠠᠷᠤᠭ᠎ᠠ ᠤᠷᠴᠢᠯᠠᠩ ᠶᠠᠷᠢᠨ᠎ᠠ ᠃  

      ᠲᠡᠶᠢᠮᠦ ᠡ ᠃ ᠠᠪᠠᠭ᠎ᠠ ᠬᠤᠰᠢᠭᠤᠨ ‍ᠤ ᠠᠳᠣᠭᠤᠨ ‍ᠤ ᠲᠤᠭ᠎ᠠ 2.41 ᠲᠦᠮᠡ ᠳ᠋ᠤ ᠬᠦᠷᠴᠦ ᠂ ᠡᠬᠦᠨ ᠳ᠋ᠤ ᠬᠠᠷ᠎ᠠ ᠠᠳᠤᠭᠤ 9037 ᠪᠡᠷ ᠲᠤᠭᠠᠯᠠᠭᠳᠠᠨ ᠂ 800 ᠭᠠᠷᠤᠢ ᠡᠷᠦᠭᠡ ᠠᠳᠤᠭᠤ ᠮᠠᠯᠵᠢᠵᠦ ᠪᠠᠶᠢᠭ᠎ᠠ ᠮᠦᠷᠳᠡᠭᠡᠨ ᠲᠤᠰᠬᠠᠢ  ᠠᠳᠤᠭᠤᠨ  ‍ᠤ  ᠲᠤᠬᠠᠢ ᠬᠤᠷᠰᠢᠶᠠᠵᠢᠯ 13  ᠪᠤᠯᠵᠠᠢ ᠃  ᠨᠢᠳᠤᠨᠤᠨ  280  ᠲᠤᠨ  ᠴᠡᠭᠡ  ᠪᠤᠷᠤᠯᠠᠭᠤᠯᠵᠦ ᠂  63  ᠡᠷᠦᠭᠡ  ᠭᠡᠬᠦᠦ ᠪᠠᠷᠢᠵᠦ ᠂ ᠴᠡᠭᠡ ᠪᠤᠷᠤᠯᠠᠭᠤᠯᠤᠭᠰᠠᠨ ᠤᠷᠤᠯᠭ᠎ᠠ 700 ᠭᠠᠷᠤᠢ ᠲᠦᠮᠡᠨ ᠲᠦᠬᠦᠷᠢᠭ ᠲᠦ  ᠬᠦᠷᠦᠭᠰᠡᠨ ᠡᠶᠢᠮᠦᠷᠬᠦ ᠶᠡᠭᠡ ᠲᠠᠯ᠎ᠠ ᠶ᠋ᠢᠨ ᠤᠷᠴᠢᠨ ᠳ᠋ᠤ  ᠡᠨᠡ ᠨᠤᠳᠤᠭ ᠲᠣ ᠠᠳᠤᠭᠤᠨ ‍ᠤ ᠵᠤᠭᠤᠭ ᠲᠠᠰᠤᠷᠠᠬᠤ ᠪᠤᠯᠤᠮᠵᠢ ᠦᠭᠡᠢ ᠃ ᠠᠳᠤᠭᠤ  ᠪᠡᠷ  ᠢᠶᠡᠨ  ᠪᠠᠬᠠᠷᠬᠠᠭᠰᠠᠨ  ᠬᠦᠮᠦᠨ  ᠠᠷᠠᠳ  ᠨᠢ ᠠᠳᠤᠭᠤᠨ ᠰᠤᠶᠤᠯ ‍ᠤᠨ ᠤᠯᠠᠮᠵᠢᠯᠠᠯᠳᠦ ᠵᠠᠩ ᠵᠠᠩᠰᠢᠯ ᠢᠶᠡᠨ ᠨᠡᠩ ᠰᠠᠶᠢᠨ ᠦᠪᠯᠡᠬᠦ ᠪᠡᠷ ᠤᠬᠠᠭᠠᠨ ᠰᠤᠷᠢᠵᠦ᠂ ᠨᠡᠩ ᠤᠯᠠᠨ ᠦᠢᠯᠡ ᠪᠦᠳᠦᠭᠡᠨ᠎ᠡ ᠭᠡᠳᠡᠭ ᠨᠢ ᠯᠠᠪᠳᠠᠢ ᠃                                               ( ᠪᠤ ᠂ ᠲᠤᠶᠠᠭ᠎ᠠ ᠂ ᠳᠠᠪᠰᠢᠯᠳᠤ ᠮᠡᠳᠡᠭᠡᠯᠡᠪᠡ )

ᠢᠷᠡᠯᠳᠡ᠄ ᠠᠷᠠᠳ ᠤᠨ ᠰᠦᠯᠵᠢᠶ᠎ᠡ ᠨᠠᠶᠢᠷᠠᠭᠤᠯᠤᠭᠴᠢ᠄ ᠪᠤᠤ ᠵᠢᠨ ᠯᠢᠶᠠᠨ