ᠭᠠᠩ ᠭᠠᠴᠢ᠍ᠭ ᠮᠠᠨ ᠤ ᠠᠮᠢ᠍ᠳ᠋ᠤᠷᠠᠯ ᠳ᠋ᠥ ᠠᠪᠴᠢ᠍ᠷᠠᠭᠰᠠᠨ ᠵᠤᠪᠠᠨᠢ᠍ᠯ

ᠣᠩᠰᠢᠭᠰᠠᠨ ᠤᠳᠠᠭ᠎ᠠ ᠄ 5863     ᠨᠡᠶᠢᠳᠡᠯᠡᠭᠰᠡᠨ ᠴᠠᠭ ᠄ 2016/6/19 14:31:21

       ᠵᠢᠯ ᠡᠭᠡᠯᠵᠢ᠍ᠯᠡᠨ ᠂ ᠤᠯᠠᠷᠢ᠍ᠨ ᠬᠤᠪᠢᠷᠠᠭᠰᠠᠭᠠᠷ ᠵᠤᠨ ᠤ ᠤᠯᠠᠷᠢ᠍ᠯ ᠪᠠᠰᠠ ᠯᠡ ᠮᠠᠨ ᠲᠡᠶ ᠭᠠᠷ  ᠳᠠᠯᠠᠯᠤᠨ  ᠣᠶᠢᠷᠠᠳᠣᠯ᠎ᠠ᠃ ᠦᠩᠭᠡ ᠶᠢᠨ ᠰᠠᠢ᠌ᠬᠠᠨ   ᠴᠡᠴᠡᠭ ᠮᠢ᠍ᠷᠠᠯᠵᠠᠭᠰᠠᠨ ᠂ ᠠᠩᠭᠢᠯᠤᠮ᠎ᠠ ᠰᠠᠢ᠌ᠬᠠᠨ ᠦᠨᠦᠷ ᠬᠠᠩᠭᠢᠭᠤᠯᠤᠭᠰᠠᠨ ᠵᠢᠮᠢ᠍ᠰ ᠤᠨ ᠮᠤᠳ᠋ᠤᠳ ᠦᠪᠡᠷ ᠤᠨ ᠡᠷᠬᠡ ᠦᠭᠡᠶ ᠨᠢ᠍ᠳ᠋ᠦᠨ ᠡᠮᠦᠨ᠎ᠠ ᠲᠤᠳ᠋ᠤᠷᠠᠬᠤ ᠶᠤᠮ  ᠃ ᠵᠤᠨ ᠤ ᠴᠠᠭ  ᠰᠠᠶᠢᠬᠠᠨ ᠂ ᠵᠤᠨ ᠤ ᠦᠩᠭᠡ ᠦᠵᠡᠮᠵᠢ ᠭᠤᠶ‍ᠤ ᠂ ᠵᠤᠨ ᠤ ᠤᠯᠠᠷᠢ᠍ᠯ ᠤᠨ ᠬᠠᠮᠤᠭ ᠪᠦᠬᠦᠨ   ᠲᠡᠶᠢᠮᠤ ᠯᠡ ᠲᠠᠭᠠᠯᠠᠮᠵᠢ᠍ᠲᠠᠢ ᠰᠠᠨᠠᠭᠳ᠋ᠠᠳ᠋ᠠᠭ ᠃ ᠭᠡᠪᠡᠴᠦ  ᠡᠶᠢᠮᠤ  ᠰᠠᠶᠢᠬᠠᠨ ᠤᠯᠠᠷᠢ᠍ᠯ ᠳ᠋ᠥ ᠶᠡᠷᠦ ᠨᠢ ᠬᠠᠮᠤᠭ ᠪᠤᠳ᠋ᠠᠰ ᠤᠨ ᠠᠮᠢ᠍ᠨ ᠭᠤᠤᠯ ᠪᠤᠯᠳ᠋ᠠᠭ ᠤᠰᠤᠨ ᠤ ᠡᠬᠢ ᠪᠠᠶ‍ᠠᠯᠢ᠍ᠭ ᠶᠠᠭᠠᠬᠢᠭᠰᠠᠨ ᠴᠤ ᠲᠤᠲᠠᠭᠲᠠᠵᠤ ᠪᠤᠯᠳ᠋ᠠᠭ ᠦᠭᠡᠶ ᠨᠢ ᠬᠦᠮᠦᠨ ᠪᠦᠬᠦᠨ ᠤ ᠮᠡᠳ᠋ᠡᠭᠡᠵᠢ  ᠃

     ᠶᠠᠭ ᠯᠡ ᠬᠦᠮᠦᠨ ᠤ ᠠᠮᠢ᠍ᠳ᠋ᠤᠷᠠᠯ ᠬᠡᠵᠢ᠍ᠶ‍ᠡᠳ᠋ᠡ ᠰᠢ᠍ᠭᠤᠳ ᠰᠢ᠍ᠯᠤᠭᠤᠨ ᠪᠠᠶᠢᠵᠤ ᠴᠢ᠍ᠳ᠋ᠠᠬᠤ ᠦᠭᠡᠶ ᠲᠡᠶ ᠠᠳ᠋ᠠᠯᠢ ᠪᠡᠷ ᠂  ᠦᠨᠦ ᠵᠢᠯ ᠤᠨ ᠭᠠᠩ ᠭᠠᠴᠢ᠍ᠭ ᠶᠠᠭᠠᠬᠢᠬᠤ ᠶᠢᠨ ᠠᠷᠭ᠎ᠠ ᠦᠭᠡᠶ ᠰᠡᠳᠬᠢᠯ ᠢ ᠰᠢ᠍ᠮᠰᠢ᠍ᠷᠡᠭᠦᠯᠦᠨ᠎ᠠ ᠃ ᠲᠠᠷᠢ᠍ᠶ‍ᠠᠴᠢ᠍ᠳ ᠂ ᠮᠠᠯᠴᠢ᠍ᠨ ᠤ ᠵᠤᠪᠠᠯᠠᠩ ᠴᠤ ᠲᠠᠭᠠᠯᠳ᠋ᠠᠨ ᠬᠦᠨᠳ᠋ᠦᠷᠡᠨ᠎ᠠ ᠂ ᠲᠡᠳ᠋ᠡᠨᠦᠰ ᠤᠨ ᠦᠷ᠎ᠠ ᠬᠡᠤᠬᠡᠳ ᠪᠤᠯᠤᠭᠰᠠᠨ ᠪᠢᠳ᠋ᠡ ᠮᠦᠨ ᠬᠦ ᠰᠡᠳᠬᠢᠯ ᠬᠦᠨᠳ᠋ᠦ ᠪᠤᠯᠵᠤ ᠪᠤᠢ᠃        

     ᠪᠤᠷᠤᠭᠠᠨ ᠲᠤᠰᠤᠯ ᠤᠷᠤᠭ᠎ᠠ ᠲᠠᠰᠤ ᠂ ᠬᠠᠯᠠᠭᠤᠨ ᠨᠠᠷᠠ ᠡᠳ᠋ᠦᠷ ᠤᠨ ᠵᠤᠷᠢ᠍ᠭ ᠶᠢᠡᠷ ᠲᠦᠭᠡᠭᠡᠨᠡᠵᠤ ᠮᠤᠳ᠋ᠤᠨ ᠨᠠᠪᠴᠢ᠍ᠰ ᠴᠤ ᠦᠩᠭᠡ ᠪᠠᠨ ᠠᠯᠳ᠋ᠠᠵᠤ ᠂ ᠤᠷᠭᠤᠮᠠᠯ ᠤᠳ ᠠᠮᠢ᠍ᠵᠢ᠍ᠷᠠᠯ ᠤᠨ ᠬᠦᠴᠦᠨ ᠶᠢᠡᠨ ᠠᠯᠳ᠋ᠠᠵᠤ ᠬᠤᠴᠤᠷᠠᠭᠰᠠᠨ ᠃ ᠡᠨᠡᠬᠦ ᠦᠵᠡᠭ᠍ᠳ᠋ᠡᠯ ᠳ᠋ᠥ ᠮᠠᠨ ᠤ ᠠᠷᠠᠳ  ᠲᠦᠮᠡᠨ ᠂ ᠤᠰᠤᠨ ᠡᠬᠢ ᠰᠤᠷᠪᠤᠯᠵᠢ ᠶᠢ ᠬᠠᠩᠭ᠋ᠠᠭᠠᠬᠤ ᠲᠠᠯ᠎ᠠ ᠪᠡᠷ ᠬᠦᠳ᠋ᠡᠭᠡ ᠲᠤᠰᠬᠤᠨ ᠳ᠋ᠥ ᠲᠡᠭᠡᠳ᠋ᠦ ᠮᠡᠷᠬᠡᠵᠢ᠍ᠯ ᠢ ᠲᠠᠳ᠋ᠠᠨ ᠤᠷᠤᠭᠤᠯᠵᠤ ᠢᠯᠡᠭᠦᠤ  ᠰᠢᠭ  ᠲᠡᠳᠭᠦᠮᠵᠢ ᠦᠭ᠍ᠬᠦ ᠶᠢ ᠬᠦᠰᠡᠬᠦ ᠨᠢ ᠡ  !


                                   ᠭᠤᠷᠪᠠᠨᠬᠤᠸᠠ ᠰᠤᠮᠤᠨ ᠤ ᠨᠠᠮ ᠤᠨ ᠡᠭᠦᠷ ᠤᠨ

                                       ᠠᠯᠪᠠᠨ  ᠭᠡᠷ ᠦᠨ  ᠡᠤ  ᠴᠡᠯᠮᠡᠭ ᠮᠠᠳᠡᠭᠡᠯᠡᠪᠠ

ᠢᠷᠡᠯᠳᠡ᠄ ᠨᠠᠢᠮᠠᠨ ᠤ ᠵᠠᠰᠠᠭ ᠤᠨ ᠣᠷᠳᠣᠨ ᠨᠠᠶᠢᠷᠠᠭᠤᠯᠤᠭᠴᠢ᠄ ᠪᠤᠤ ᠵᠢᠨ ᠯᠢᠶᠠᠨ

ᠬᠠᠮᠢᠶ᠎ᠡ ᠪᠦᠬᠦᠢ ᠰᠣᠨᠢᠨ