ᠴᠢᠩᠬᠢᠰ ᠤᠨ ᠤᠩᠭᠤᠨ ᠤ ᠲᠠᠶᠢᠯᠭ᠎ᠠ ᠶ᠋ᠢ ᠲᠡᠯᠡᠬᠡᠢ ᠶ᠋ᠢᠨ ᠰᠤᠶᠤᠯ ᠤᠨ ᠦᠪ ᠢᠶᠠᠷ ᠪᠦᠷᠢᠳᠭᠡᠬᠦᠯᠬᠦ ᠬᠦᠰᠡᠯ ᠵᠤᠷᠢᠯᠲᠠ

ᠣᠩᠰᠢᠭᠰᠠᠨ ᠤᠳᠠᠭ᠎ᠠ ᠄ 9962     ᠨᠡᠶᠢᠳᠡᠯᠡᠭᠰᠡᠨ ᠴᠠᠭ ᠄ 2016/5/1 8:12:17


      ᠡᠵᠡᠨ ᠬᠤᠷᠤᠬ ‍᠎ᠠ ᠬᠤᠰᠢᠭᠤᠨ ᠳ᠋ᠤ ᠪᠠᠢᠷᠢᠯᠠᠵᠦ ᠪᠠᠶᠢᠭ᠎ᠠ ᠴᠢᠩᠬᠢᠰ ᠤᠨ ᠤᠩᠭᠤᠨ ᠤ ᠲᠠᠶᠢᠯᠭ᠎ᠠ      ᠲᠠᠬᠢᠯᠭ᠎ᠠ ᠶ᠋ᠢᠨ ᠰᠤᠶᠤᠯ ᠨᠢᠬᠡᠨᠳᠡ 789 ᠵᠢᠯ ᠤᠨ ᠲᠡᠦᠬᠡ ᠲᠠᠢ ᠪᠤᠯᠵᠦ ᠪᠤᠢ ᠃ ᠡᠵᠡᠨ ᠴᠢᠩᠬᠢᠰ ᠤᠨ  ᠤᠩᠭᠤᠨ ᠢ  ᠦᠶ  ‍᠎ᠠ ᠶ᠋ᠢᠨ  ᠦᠶ  ‍᠎ᠠ ᠬᠠᠮᠠᠭᠠᠯᠠᠵᠦ ᠰᠠᠬᠢᠭᠰᠠᠭᠠᠷ ᠢᠷᠡᠭᠰᠡᠨ ᠲᠠᠷᠬᠠᠳ ᠴᠦ ᠡᠴᠢᠨᠡᠨ ᠵᠢᠯ ᠤᠨ  ᠲᠤᠷᠰᠢ  ᠲᠠᠶᠢᠯᠭ᠎ᠠ   ᠲᠠᠬᠢᠯᠬ  ‍᠎ᠠ ᠶ᠋ᠢᠨ  ᠶᠤᠰᠤᠯᠠᠯ ᠢᠶᠡᠨ ᠦᠴᠦᠬᠡᠨ ᠴᠦ ᠤᠰᠤᠯᠳᠠᠭᠤᠯᠤᠯ ᠦᠬᠡᠢ ᠶᠠᠪᠤᠭᠳᠠᠭᠤᠯᠤᠭᠰᠠᠭᠠᠷ ᠢᠷᠡᠵᠠᠢ ᠃   1982 ᠤᠨ ᠳ᠋ᠤ ᠂ ᠲᠦᠷᠦ ᠶ᠋ᠢᠨ ᠶᠠᠪᠤᠳᠠᠯ ᠤᠨ ᠬᠤᠷᠢᠶ ‍᠎ᠠ ᠡᠴᠠ ᠴᠢᠩᠬᠢᠰ ᠬᠠᠭᠠᠨ ᠤ ᠤᠩᠭᠤᠨ ᠢ ᠪᠦᠬᠦ ᠤᠯᠤᠰ ᠤᠨ ᠲᠡᠦᠬᠡᠨ ᠲᠤᠷᠠᠰᠬᠠᠯᠳᠦ ᠵᠦᠢᠯᠡᠰ ᠤᠨ ᠬᠠᠮᠠᠭᠠᠯᠠᠯᠳᠠ ᠶ᠋ᠢᠨ ᠴᠢᠬᠤᠯᠠ  ᠪᠦᠬᠦᠢ  ᠨᠢᠭᠡᠴᠡ ᠪᠠᠷ  ᠰᠤᠩᠭᠤᠨ  ᠲᠤᠭᠳᠠᠭᠠᠵᠦ ᠂  ᠲᠦᠷᠦ ᠵᠠᠰᠠᠭ ᠡᠴᠠ ᠬᠦᠷᠦᠩᠬᠡ ᠮᠦᠩᠬᠦ  ᠵᠠᠷᠤᠴᠠᠭᠤᠯᠤᠨ  ᠵᠠᠰᠠᠨ  ᠰᠢᠨᠡᠳᠬᠡᠵᠦ  ᠦᠷᠬᠡᠳᠬᠡᠨ  ᠪᠠᠢᠭᠤᠯᠪᠠ ᠃  ᠤᠳᠤ  ᠴᠢᠩᠬᠢᠰ ᠤᠨ ᠤᠩᠭᠤᠨ ᠨᠢ ᠮᠤᠩᠭᠤᠯᠴᠤᠳ ᠤᠨ ᠲᠡᠦᠭᠡ ᠰᠤᠶᠤᠯ ᠢᠶᠡᠨ ᠤᠯᠠᠮᠵᠢᠯᠠᠨ ᠬᠦᠭᠵᠢᠬᠦᠯᠬᠦ ᠴᠢᠬᠤᠯᠠ  ᠤᠷᠤᠨ  ᠪᠤᠯᠤᠭᠰᠠᠨ  ᠲᠡᠳᠦᠢ ᠦᠭᠡᠢ ᠂ ᠵᠢᠯ ᠳ᠋ᠤ 10  ᠲᠦᠮᠡ ᠡᠴᠠ  ᠲᠡᠬᠡᠭᠰᠢ  ᠵᠤᠭᠠᠴᠠᠭᠰᠠᠳ ᠢ  ᠬᠦᠯᠢᠶᠡᠨ  ᠠᠪᠳᠠᠭ  ᠲᠤᠮᠤᠬᠠᠨ  ᠵᠤᠭᠠᠴᠠᠯ ᠤᠨ  ᠭᠠᠵᠠᠷ ᠪᠤᠯᠤᠬᠰᠠᠨ ᠶᠤᠮ ᠃ ᠴᠢᠩᠬᠢᠰ ᠤᠨ ᠤᠩᠭᠤᠨ ᠤ ᠲᠠᠶᠢᠯᠠᠯᠭ᠎ᠠ ᠲᠠᠬᠢᠯᠭ᠎ᠠ ᠶ᠋ᠢᠨ ᠰᠤᠶᠤᠯ ᠨᠢ  ᠴᠢᠩᠬᠢᠰ  ᠪᠤᠭᠳᠠ ᠶ᠋ᠢᠨ  ᠲᠠᠬᠢᠯᠭ᠎ᠠ  ᠪᠠ ᠬᠠᠷᠢᠶ᠎ᠠ ᠶᠡᠭᠡᠳᠦ ᠬᠠᠷ᠎ᠠ ᠰᠦᠯᠳᠡ ᠶ᠋ᠢᠨ ᠲᠠᠬᠢᠯᠭ᠎ᠠ ᠬᠡᠬᠦ ᠬᠤᠶᠠᠷ ᠭᠤᠤᠯ ᠠᠭᠤᠯᠭ᠎ᠠ ᠶ᠋ᠢ ᠬᠠᠮᠤᠷᠴᠤ ᠪᠠᠢᠨ᠎ᠠ ᠃ ᠡᠵᠡᠨ  ᠪᠤᠭᠳᠠ ᠶ᠋ᠢᠨ ᠰᠦᠯᠳᠡ ᠶ᠋ᠢᠨ ᠡᠳᠦᠷ ᠤᠨ ᠲᠠᠬᠢᠯᠭ᠎ᠠ ᠨᠢ ᠠᠷᠪᠠᠨ ᠬᠤᠶᠠᠷ ᠰᠠᠷ᠎ᠠ ᠶ᠋ᠢᠨ ᠲᠠᠬᠢᠯᠭ᠎ᠠ ᠂ ᠰᠠᠷ᠎ᠠ ᠶ᠋ᠢᠨ ᠲᠠᠬᠢᠯᠭ᠎ᠠ ᠂ ᠲᠦᠷᠪᠡᠨ ᠴᠠᠭ ᠤᠨ ᠶᠡᠭᠡ ᠲᠠᠬᠢᠯᠭ᠎ᠠ ᠂ ᠲᠤᠰᠬᠠᠢ ᠲᠠᠬᠢᠯᠭ᠎ᠠ ᠂ ᠵᠢᠯ ᠤᠨ ᠲᠠᠬᠢᠯᠭ᠎ᠠ ᠵᠡᠷᠭᠡ ᠶ᠋ᠢ  ᠪᠠᠭᠳᠠᠭᠠᠵᠤ  ᠬᠡᠯᠪᠡᠷᠢ ᠨᠢ  ᠤᠯᠠᠨ ᠂  ᠠᠭᠤᠯᠭ᠎ᠠ ᠪᠠᠷ  ᠪᠠᠶᠠᠯᠢᠭ ᠂ ᠠᠭᠤᠯᠤᠭᠳᠠᠭᠴᠠ ᠪᠠᠷ ᠬᠦᠨ ᠪᠠᠢᠵᠤ ᠂ ᠮᠤᠩᠭᠤᠯ ᠦᠨᠳᠦᠰᠦᠳᠡᠨ ᠤ ᠲᠡᠦᠭᠡ ᠰᠤᠶᠤᠯ ᠂ ᠪᠢᠰᠢᠷᠡᠯ ᠰᠢᠳᠦᠯᠭᠡ ᠂  ᠵᠠᠩ  ᠦᠢᠯᠡ ᠂ ᠬᠠᠤᠯᠢ ᠵᠢᠷᠦᠮ ᠵᠡᠷᠭᠡ ᠶ᠋ᠢ ᠤᠯᠠᠨ ᠲᠠᠯ᠎ᠠ ᠪᠠᠷ  ᠬᠠᠷᠠᠭᠤᠯᠤᠭᠰᠠᠨ  ᠶᠤᠮ ᠃  ᠴᠢᠩᠬᠢᠰ ᠤᠨ  ᠲᠠᠶᠢᠯᠭ᠎ᠠ ᠲᠠᠬᠢᠯᠭ᠎ᠠ ᠶ᠋ᠢᠨ  ᠰᠤᠶᠤᠯ ᠢ ᠲᠡᠯᠡᠭᠡᠢ ᠶ᠋ᠢᠨ ᠪᠤᠳᠠᠰ ᠤᠨ ᠪᠤᠰᠤ ᠰᠤᠶᠤᠯ ᠤᠨ ᠦᠪ ᠢᠶᠠᠷ ᠪᠦᠷᠢᠳᠭᠡᠬᠦᠯᠬᠦ ᠨᠢ  ᠦᠨᠳᠦᠰᠦᠳᠡᠨ ᠤ  ᠤᠯᠠᠮᠵᠢᠯᠠᠯᠳᠤ  ᠰᠤᠶᠤᠯ ᠢᠶᠡᠨ ᠬᠠᠮᠠᠭᠠᠯᠠᠬᠤ ᠪᠠ ᠤᠯᠠᠮᠵᠢᠯᠠᠨ ᠬᠦᠭᠵᠢᠬᠦᠯᠬᠦ ᠳ᠋ᠤ ᠲᠦᠯᠬᠢᠴᠡ ᠦᠢᠯᠡᠳᠦᠯ ᠦᠵᠡᠬᠦᠯᠬᠦ ᠨᠢ ᠲᠠᠮᠵᠢᠭ ᠦᠬᠡᠢ ᠃  ᠴᠢᠩᠬᠢᠰ ᠬᠠᠭᠠᠨ ᠤ ᠤᠩᠭᠤᠨ ᠤ ᠵᠤᠭᠠᠴᠠᠯ ᠤᠨ ᠤᠷᠤᠨ ᠤ  ᠬᠠᠮᠢᠶᠠᠷᠤᠯᠳᠠ ᠶ᠋ᠢᠨ  ᠵᠦᠪᠯᠡᠯ ᠤᠨ  ᠰᠤᠨᠢᠨ  ᠮᠡᠳᠡᠬᠡᠨ ᠤ ᠦᠬᠦᠯᠡᠭᠴᠢ ᠲᠠᠩ ᠲᠠᠯᠠᠢ ᠶ᠋ᠢᠨ ᠲᠠᠨᠢᠯᠴᠠᠭᠤᠯᠭ᠎ᠠ ᠳ᠋ᠤ ᠦᠨᠳᠦᠰᠦᠯᠡᠪᠡᠯ᠂ 2006 ᠤᠨ ᠳ᠋ᠤ᠂ ᠴᠢᠩᠬᠢᠰ ᠤᠨ ᠤᠩᠭᠤᠨ ᠤ ᠲᠠᠶᠢᠯᠭ᠎ᠠ ᠨᠢ  ᠨᠢᠭᠡᠳᠦᠭᠡᠷ  ᠪᠦᠯᠦᠭ ᠤᠨ  ᠤᠯᠤᠰ ᠤᠨ  ᠲᠡᠰ ᠤᠨ  ᠪᠤᠳᠠᠰ ᠤᠨ ᠪᠤᠰᠤ  ᠰᠤᠶᠤᠯ ᠤᠨ  ᠦᠪ ᠢᠶᠠᠷ  ᠰᠤᠩᠭᠤᠭᠳᠠᠭᠰᠠᠨ  ᠪᠠ 2008 ᠤᠨ ᠡᠴᠠ ᠲᠡᠳᠡ ᠲᠡᠯᠡᠬᠡᠢ ᠶ᠋ᠢᠨ ᠪᠤᠳᠠᠰ ᠤᠨ ᠪᠤᠰᠤ ᠰᠤᠶᠤᠯ ᠤᠨ  ᠦᠪ ᠢᠶᠠᠷ  ᠡᠷᠡᠮᠡᠯᠵᠡᠯᠡᠬᠦ  ᠪᠡᠯᠡᠳᠬᠡᠯ  ᠠᠵᠢᠯ ᠢᠶᠡᠨ ᠡᠬᠢᠯᠡᠬᠦᠯᠦᠭᠰᠡᠨ ᠪᠠᠢᠨ᠎ᠠ ᠃  ᠬᠡᠳᠦᠢᠢᠪᠡᠷ  ᠤᠯᠠᠨ  ᠵᠦᠢᠯ ᠡᠴᠠ  ᠰᠢᠯᠳᠠᠭᠠᠯᠠᠭᠳᠠᠨ  ᠴᠢᠩᠬᠢᠰ ᠤᠨ  ᠲᠠᠢᠯᠭ᠎ᠠ ᠶ᠋ᠢᠨ  ᠰᠤᠶᠤᠯ ᠨᠢ ᠬᠠᠷᠠᠬᠠᠨ ᠲᠡᠯᠡᠬᠡᠢ ᠶ᠋ᠢᠨ ᠪᠤᠳᠠᠰ ᠤᠨ ᠪᠤᠰᠤ ᠰᠤᠶᠤᠯ ᠤᠨ ᠦᠪ ᠪᠤᠯᠵᠦ ᠴᠢᠳᠠᠭ᠎ᠠ  ᠦᠬᠡᠢ  ᠪᠤᠯᠪᠠᠴᠦ  ᠡᠷᠡᠮᠡᠯᠵᠡᠯᠡᠬᠦ  ᠠᠵᠢᠯ ᠢᠶᠡᠨ ᠳᠡᠳᠡ ᠪᠠᠷᠢᠮᠳᠠᠯᠠᠭᠰᠠᠭᠠᠷ  ᠪᠠᠶᠢᠨ᠎ᠠ

ᠢᠷᠡᠯᠳᠡ᠄ ᠠᠷᠠᠳ ᠤᠨ ᠰᠦᠯᠵᠢᠶ᠎ᠡ ᠨᠠᠶᠢᠷᠠᠭᠤᠯᠤᠭᠴᠢ᠄ ᠪᠣᠣ ᠵᠢᠨ ᠯᠢᠶᠠᠨ