ᠨᠠᠢ᠍ᠮᠠᠨ ᠬᠣᠰᠢ᠍ᠭᠣ ᠬᠠᠮᠳ᠋ᠣᠷᠠᠯ ᠬᠣᠷᠰᠢ᠍ᠶ᠎ᠠ ᠶᠢᠨ ᠭᠡᠯᠪᠡᠷᠢ ᠪᠡᠷ ᠲᠠᠷᠢ᠍ᠭᠰᠠᠨ ᠦᠷ᠎ᠠ ᠦᠬᠡᠢ ᠲᠠᠷᠪᠣᠰ ᠨᠢ ᠪᠣᠬᠢᠷᠳ᠋ᠣᠯ ᠦᠬᠡᠢ ᠪᠡᠷ ᠶᠢᠡᠨ ᠠᠷᠪᠠᠭᠠᠳ ᠮᠣᠵᠢ ᠳ᠋ᠥ ᠪᠣᠷᠣᠯᠠᠭᠣᠯᠣᠭᠳ᠋ᠠᠵᠣ ᠪᠠᠶᠢᠨ᠎ᠠ

ᠣᠩᠰᠢᠭᠰᠠᠨ ᠤᠳᠠᠭ᠎ᠠ ᠄ 3894     ᠨᠡᠶᠢᠳᠡᠯᠡᠭᠰᠡᠨ ᠴᠠᠭ ᠄ 2016/5/1 8:06:25


      ᠨᠠᠢ᠍ᠮᠠᠨ ᠬᠣᠰᠢ᠍ᠭᠣᠨ ᠤ ᠲᠠᠷᠪᠣᠰ ᠤᠨ ᠪᠠᠷᠢ᠍ᠮᠵᠢ᠍ᠶ‍ᠠᠵᠢ᠍ᠯᠠᠭᠰᠠᠨ ᠦᠢ᠍ᠯᠡᠳᠪᠣᠷᠢ᠍ᠯᠡᠯ ᠨᠢ ᠭᠣᠣᠯ ᠨᠢ ᠰᠢ᠍ᠨ ᠴᠢ᠍ᠣᠸᠠᠨ ᠦᠷ᠎ᠠ ᠦᠬᠡᠢ ᠲᠠᠷᠪᠣᠰ ᠤᠨ ᠲᠣᠰᠬᠠᠢ ᠬᠣᠷᠰᠢ᠍ᠶ᠎ᠠ ᠪᠡᠷ  ᠲᠠᠶᠢᠴᠢᠯᠠᠭᠤᠯᠵᠤ ᠦᠷᠭᠡᠳᠭᠡᠨ ᠲᠠᠷᠢ᠍ᠵᠣ  ᠪᠠᠶᠢᠭ᠎ᠠ ᠶᠣᠮ ᠃ ᠲᠣᠰ ᠬᠠᠮᠳ᠋ᠣᠷᠠᠯ ᠬᠣᠷᠰᠢ᠍ᠶ᠎ᠠ ᠨᠢ 2008 ᠣᠨ ᠳ᠋ᠥ  ᠪᠠᠶᠢᠭᠤᠯᠤᠭᠳᠠᠪᠠ  ᠃《 ᠠᠷᠠᠳ  ᠡᠴᠡ ᠡᠷᠬᠢᠯᠡᠬᠦ᠂ ᠠᠷᠠᠳ  ᠡᠴᠡ ᠬᠠᠮᠢ᠍ᠶ‍ᠠᠷᠬᠣ ᠂ ᠠᠷᠠᠳ  ᠲᠤ ᠠᠰᠢ᠍ᠭ ᠬᠦᠷᠳ᠋ᠡᠬᠦ》 ᠵᠠᠷᠴᠢ᠍ᠮ ᠶᠣᠰᠣᠭᠠᠷ ᠂ ᠬᠣᠷᠰᠢ᠍ᠶ᠎ᠠ ᠳ᠋ᠥ ᠣᠷᠣᠭᠰᠠᠨ  ᠨᠡᠶᠢᠭᠡᠮᠯᠢᠭ  ᠦᠨ ᠬᠡᠰᠢ᠍ᠬᠦᠳ  ᠳᠦ ᠮᠡᠷᠭᠡᠵᠢ᠍ᠯ ᠤᠨ ᠵᠢᠯᠣᠭᠣᠳ᠋ᠣᠯᠭ᠎ᠠ ᠂  ᠲᠠᠷᠢᠶᠠᠯᠡᠩ ᠤᠨ ᠡᠳ᠋ ᠪᠣᠳ᠋ᠠᠰ ᠬᠣᠳ᠋ᠠᠯᠳ᠋ᠣᠨ ᠠᠪᠬᠣ ᠂ ᠪᠦᠳ᠋ᠣᠭᠡᠭ᠍ᠳ᠋ᠡᠬᠦᠨ ᠶᠢᠡᠨ ᠪᠣᠷᠣᠯᠠᠭᠣᠯᠬᠣ ᠲᠠᠯ᠎ᠠ ᠶᠢᠨ ᠦᠢ᠍ᠯᠡᠴᠢ᠍ᠯᠡᠭᠡᠨ ᠬᠠᠡᠭ᠍ᠭᠠᠵᠣ ᠂ ᠦᠢ᠍ᠯᠡᠳᠪᠣᠷᠢ᠍ᠯᠡᠯ ᠢ ᠪᠠᠳ᠋ᠣᠯᠠᠵᠣ ᠂ ᠲᠠᠷᠢ᠍ᠮᠠᠯ ᠤᠨ ᠦᠪᠡᠷ ᠤᠨ  ᠦᠷᠲᠡᠭ  ᠢ ᠪᠠᠭᠣᠷᠠᠭᠣᠯᠵᠣ ᠂ ᠬᠡᠰᠢ᠍ᠬᠦᠳ ᠤᠨ ᠣᠷᠣᠯᠭ᠎ᠠ ᠶᠢ ᠨᠡᠮᠡᠭ᠍ᠳ᠋ᠡᠬᠦᠯᠵᠣ ᠂ ᠬᠠᠮᠳ᠋ᠣᠷᠠᠯ ᠬᠣᠷᠰᠢ᠍ᠶ᠎ᠠ  ᠪᠠᠨ ᠬᠦᠭ᠍ᠵᠢ᠍ᠬᠦᠯᠵᠣ  ᠪᠤᠵᠠᠭᠠᠶᠢᠷᠠᠭᠤᠯᠪᠠ᠃

    ᠠᠷᠪᠠᠭᠠᠳ ᠵᠢᠯ ᠤᠨ ᠲᠠᠷᠢ᠍ᠮᠠᠯ ᠡᠵᠡᠡᠭ᠍ᠨᠡᠯᠳ᠋ᠡ ᠪᠡᠷ ᠲᠠᠮᠵᠢ᠍ᠭᠣᠯᠣᠨ ᠨᠠᠢ᠍ᠮᠠᠨ ᠬᠣᠰᠢ᠍ᠭᠣ ᠪᠦᠬᠦ ᠲᠠᠯ᠎ᠠ ᠪᠡᠷ ᠨᠡᠷᠡᠳ᠋ᠣ  ᠲᠡᠮᠲᠡᠭ 《 ᠬᠣᠷᠴᠢ᠍ᠨ ᠤ ᠡᠯᠡᠰᠣᠨ ᠭᠠᠵᠠᠷ ᠤᠨ ᠲᠠᠷᠪᠣᠰ》《 ᠮᠠᠨ ᠱᠠ ᠲᠠᠷᠪᠣᠰ 》 ᠢ ᠪᠣᠢ ᠪᠣᠯᠭᠠᠵᠣ ᠂ ᠨᠢ᠍ᠬᠡᠨᠳ᠋ᠡ ᠦᠨᠳ᠋ᠣᠷ ᠬᠡᠮᠵᠢ᠍ᠶ‍ᠡᠨ ᠤ ᠨᠡᠷ᠎ᠠ ᠬᠦᠨᠳ᠋ᠣᠳ᠋ᠠᠢ ᠪᠣᠯᠪᠠ ᠃ ᠡᠨᠡᠬᠦ ᠨᠡᠷᠡᠳ᠋ᠣ ᠲᠡᠮᠳ᠋ᠡᠭ᠍ᠳ᠋ᠣ ᠲᠠᠷᠪᠣᠰ ᠨᠢ ᠪᠡᠭᠡᠵᠢᠭ᠂ ᠲᠢ᠍ᠶ‍ᠠᠨᠵᠢ᠍ᠨ ᠂ ᠱᠠᠡᠭ᠍ᠬᠠᠢ ᠂  ᠱᠠᠨᠳᠦ᠋ᠩ᠂ ᠵᠢᠶ‍ᠠᠡᠭ᠍ᠰᠣ ᠂  ᠵᠸᠵᠢᠶᠠᠩ ᠂ ᠹᠦᠵᠢ᠍ᠶ‍ᠡᠨ  ᠭᠤᠸᠠᠩᠳᠦ᠋ᠩ᠂ ᠱᠠᠨᠰᠢ ᠂ ᠬᠣᠨᠠᠨ ᠂ ᠰᠠᠨᠱᠢ ᠵᠡᠷᠭᠡ 10 ᠮᠣᠵᠢ ᠬᠣᠳ᠋ᠠ ᠳ᠋ᠥ ᠪᠣᠷᠣᠯᠠᠭᠣᠯᠣᠭᠳ᠋ᠠᠵᠣ ᠂ ᠦᠷᠭᠡᠨ ᠣᠯᠠᠨ ᠮᠠᠯᠴᠢ᠍ᠨ ᠲᠠᠷᠢ᠍ᠶ‍ᠠᠴᠢ᠍ᠳ ᠤᠨ ᠣᠷᠣᠯᠭ᠎ᠠ  ᠪᠠᠨ ᠨᠡᠮᠡᠭ᠍ᠳ᠋ᠡᠬᠦᠯᠵᠣ ᠪᠠᠶ‍ᠠᠵᠢ᠍ᠨ ᠴᠢ᠍ᠨᠡᠭᠡᠯᠢ᠍ᠭ᠍ᠵᠢ᠍ᠬᠦ ᠶᠢᠨ ᠲᠣᠯᠭᠠᠭᠣᠷᠢ᠍ᠯᠠᠭᠴᠢ ᠠᠵᠣ  ᠦᠢᠯᠡᠰᠵᠢᠯᠡᠯᠲᠡ ᠪᠣᠯᠵᠣ ᠪᠠᠢ᠌ᠨ᠎ᠠ ᠃

2015 ᠣᠨ ᠳ᠋ᠥ ᠂ ᠲᠣᠰ ᠬᠣᠰᠢ᠍ᠭᠣᠨ ᠤ ᠦᠷ᠎ᠠ ᠦᠬᠡᠢ ᠲᠠᠷᠪᠣᠰ ᠤᠨ ᠪᠠᠷᠢᠶᠡᠮᠵᠢᠶᠠᠯᠠᠭᠰᠠᠨ  ᠦᠢ᠍ᠯᠡᠳᠪᠣᠷᠢ᠍ᠯᠡᠯ ᠤᠨ ᠵᠢᠱᠢ᠍ᠶ᠎ᠠ ᠦᠵᠡᠬᠦᠯᠣᠯᠭᠡ ᠶᠢᠨ ᠰᠠᠭᠣᠷᠢ᠍ᠨ ᠭᠠᠵᠠᠷ 1 ᠲᠦ᠋ᠮᠡᠨ  ᠮᠤ᠋ ᠶᠢ ᠪᠦᠳ᠋ᠣᠭᠡᠨ  ᠪᠠᠶᠢᠭᠤᠯᠵᠠᠢ ᠃ ᠡᠨᠡᠬᠦ ᠰᠠᠭᠣᠷᠢ᠍ᠨ ᠭᠠᠵᠠᠷ ᠨᠢ ᠲᠣᠰ ᠬᠣᠰᠢ᠍ᠭᠣᠨ ᠤ  ᠳ᠋ᠦᠩ  ᠮᠢᠩ ᠪᠠᠯᠭᠠᠰᠣ ᠶᠢᠨ ᠣᠮᠠᠷᠠᠳ᠋ᠣ  ᠬᠡᠰᠡᠭ    ᠰᠢᠩ  ᠯᠦᠩ  ᠵᠣᠤ ᠣᠢ ᠰᠢ᠍ᠭᠣᠢ ᠶᠢᠨ  ᠲᠤᠤᠷ ᠲᠤ  ᠰᠠᠭᠣᠷᠢ᠍ᠰᠢ᠍ᠵᠣ  ᠪᠠᠶᠢᠨ᠎ᠠ  ᠃ ᠲᠠᠷᠢ᠍ᠮᠠᠯ ᠤᠨ ᠭᠣᠣᠯ  ᠵᠦᠢᠯ ᠨᠢ ᠰᠢ᠍ᠨ᠎ᠠ1 ᠨᠣᠮᠸᠷ ᠪᠠ 2 ᠨᠣᠮᠸᠷᠳ᠋ᠣ ᠲᠠᠷᠪᠣᠰ ᠪᠣᠯᠣᠨ᠎ᠠ ᠂ ᠮᠤ᠋ ᠶᠢᠨ ᠣᠨᠠᠯᠳ᠋ᠠ ᠶᠢᠨ ᠲᠠᠸᠠᠷ ᠤᠨ ᠲᠠᠷᠪᠣᠰ1  ᠲᠦᠮᠡᠨ ᠵᠢᠩ  ᠡᠴᠡ ᠲᠡᠭᠡᠭ᠍ᠰᠢ ᠳ᠋ᠥ ᠬᠦᠷᠴᠣ ᠂  ᠲᠦᠰᠦᠪᠯᠡᠬᠦ  ᠪᠡᠷ ᠣᠨᠠᠯᠳ᠋ᠠ ᠶᠢᠨ ᠬᠡᠮᠵᠢ᠍ᠶ᠎ᠠ ᠨᠢ 1 ᠳ᠋ᠦ᠋ᠡᠭ᠍ᠰᠢ᠍ᠭᠣᠷ  ᠵᠢᠩ  ᠳ᠋ᠥ ᠬᠦᠷᠴᠣ ᠂ ᠣᠨᠠᠯᠳ᠋ᠠ ᠶᠢᠨ  ᠦᠷᠲᠡᠭ ᠨᠢ 5000  ᠲᠦᠮᠡᠨ ᠲᠦᠭᠦᠷᠢᠭ ᠬᠦᠷᠣᠨ᠎ᠠ ᠃

      ᠰᠠᠭᠣᠷᠢ᠍ᠨ ᠭᠠᠵᠠᠷ ᠤᠨ ᠦᠢ᠍ᠯᠡᠳᠪᠣᠷᠢ᠍ᠯᠡᠯ ᠤᠨ ᠶᠠᠪᠣᠴᠡ ᠳ᠋ᠥ ᠪᠠᠷᠢ᠍ᠮᠵᠢ᠍ᠶ‍ᠠᠳ᠋ᠣ ᠬᠠᠮᠢ᠍ᠶ‍ᠠᠷᠣᠯᠳ᠋ᠠ ᠶᠢ ᠬᠡᠷᠡᠭ᠍ᠵᠢ᠍ᠬᠦᠯᠵᠣ ᠂ ᠪᠦᠬᠦ ᠶᠠᠪᠣᠴᠡ ᠶᠢᠨ ᠮᠡᠷᠭᠡᠵᠢ᠍ᠯ ᠤᠨ ᠦᠢ᠍ᠯᠡᠴᠢ᠍ᠯᠡᠭᠡᠨ ᠪᠣᠯᠣᠨ ᠬᠢᠨᠠᠯᠳ᠋ᠠ ᠬᠠᠮᠢ᠍ᠶ‍ᠠᠷᠣᠯᠳ᠋ᠠ ᠨᠢ ᠦᠢ᠍ᠯᠡᠳᠪᠣᠷᠢ᠍ᠯᠡᠬᠦ  ᠡᠴᠡ ᠡᠮᠣᠨ᠎ᠠ ᠂ ᠦᠢ᠍ᠯᠡᠳᠪᠣᠷᠢ᠍ᠯᠡᠬᠦ ᠶᠠᠪᠣᠴᠡ ᠳ᠋ᠥ ᠂ ᠦᠢ᠍ᠯᠡᠳᠪᠣᠷᠢ᠍ᠯᠡᠭ᠍ᠰᠡᠨ ᠤ ᠲᠠᠷᠠᠭ᠎ᠠ ᠵᠡᠷᠭᠡ《 ᠵᠢᠷᠭᠣᠭᠠᠨ ᠨᠢ᠍ᠬᠡᠳ᠋ᠣᠯᠳ᠋ᠠᠢ 》( ᠨᠢ᠍ᠬᠡᠳ᠋ᠣᠯᠳ᠋ᠠᠢ ᠪᠡᠷ ᠦᠷ᠎ᠠ ᠰᠣᠡᠭ᠍ᠭᠣᠬᠣ ᠂ ᠨᠢ᠍ᠬᠡᠳ᠋ᠣᠯᠳ᠋ᠠᠢ ᠪᠡᠷ ᠦᠢ᠍ᠯᠡᠳᠪᠣᠷᠢ᠍ᠯᠡᠯ ᠤᠨ ᠬᠡᠷᠡᠭ᠍ᠰᠡᠯ ᠢ ᠬᠣᠳ᠋ᠠᠯᠳ᠋ᠣᠨ ᠠᠪᠬᠣ ᠂ ᠨᠢ᠍ᠬᠡᠳ᠋ᠣᠯᠳ᠋ᠠᠢ ᠲᠠᠷᠢ᠍ᠵᠣ ᠬᠠᠮᠢ᠍ᠶ‍ᠠᠷᠬᠣ ᠮᠡᠷᠭᠡᠵᠢ᠍ᠯ ᠂ ᠨᠢ᠍ᠬᠡᠳ᠋ᠣᠯᠳ᠋ᠠᠢ ᠪᠠᠭᠣᠳ᠋ᠠᠯᠯᠠᠬᠣ ᠂ ᠨᠢ᠍ᠬᠡᠳ᠋ᠣᠯᠳ᠋ᠠᠢ ᠨᠡᠷᠡᠳ᠋ᠣ  ᠲᠡᠮᠲᠡᠭ᠂ ᠨᠢ᠍ᠬᠡᠳ᠋ᠣᠯᠳ᠋ᠠᠢ ᠪᠣᠷᠣᠯᠠᠭᠣᠯᠬᠣ )  ᠶᠢ ᠬᠦᠢ᠍ᠴᠡᠳᠭᠡᠵᠣ ᠂ᠦᠢ᠍ᠯᠡᠳᠪᠣᠷᠢ᠍ᠯᠡᠯ ᠤᠨ ᠪᠡᠯᠡ ᠣᠷᠣᠭᠣᠯᠣᠯᠳ᠋ᠠ  ᠪᠠᠨ ᠴᠢ᠍ᠡᠭ᠍ᠭ᠎ᠠ ᠪᠡᠷ ᠬᠢᠵᠠᠭᠠᠷᠯᠠᠵᠣ ᠬᠢᠨᠠᠯᠳ᠋ᠠ ᠲᠠᠯᠪᠢᠭᠰᠠᠨ  ᠪᠠᠶᠢᠨ᠎ᠠ  ᠃

     ᠰᠢ᠍ᠨ᠎ᠠ ᠪᠦᠳ᠋ᠣᠭᠡᠭ᠍ᠳ᠋ᠡᠬᠦᠨ ᠂ ᠰᠢ᠍ᠨ᠎ᠠ ᠮᠡᠷᠭᠡᠵᠢ᠍ᠯ ᠂ ᠣᠷᠭᠠᠨᠢ᠍ᠭ ᠪᠣᠷᠳ᠋ᠣᠭᠣᠷ ᠨᠡᠮᠡᠬᠦ ᠂ ᠪᠣᠬᠢᠷᠳ᠋ᠣᠯ ᠦᠬᠡᠢ  ᠰᠡᠷᠬᠡᠶᠢᠯᠡᠵᠤ ᠬᠢᠵᠠᠭᠠᠷᠯᠠᠬᠣ ᠶᠢ ᠪᠠᠳ᠋ᠣᠯᠠᠵᠣ ᠂ ᠪᠠᠷᠢ᠍ᠮᠵᠢ᠍ᠶ‍ᠠᠵᠢ᠍ᠯᠠᠭᠰᠠᠨ ᠪᠣᠬᠢᠷᠳ᠋ᠣᠯ ᠦᠬᠡᠢ ᠦᠢ᠍ᠯᠡᠳᠪᠣᠷᠢ᠍ᠯᠡᠯ ᠶᠢ ᠪᠡᠶ‍ᠡᠯᠡᠬᠦᠯᠵᠣ ᠂ ᠪᠦᠳ᠋ᠣᠭᠡᠭ᠍ᠳ᠋ᠡᠬᠦᠨ ᠤ ᠴᠢ᠍ᠨᠠᠷ ᠴᠢ᠍ᠨᠰᠠᠭ᠎ᠠ ᠶᠢ ᠪᠣᠬᠢᠷᠳ᠋ᠣᠯ ᠦᠬᠡᠢ ᠪᠠᠷᠢ᠍ᠮᠵᠢ᠍ᠶ᠎ᠠ ᠳ᠋ᠥ ᠬᠦᠷᠬᠦ ᠶᠢ ᠪᠠᠳ᠋ᠣᠯᠠᠭᠰᠠᠨ  ᠪᠠᠶᠢᠨ᠎ᠠ ᠃

                             ( ᠮᠠ ᠪᠦᠬᠡ ᠶᠢ᠍ᠨ ᠰᠢ᠍ᠶ‍ᠣᠤ ᠸᠸᠢ ᠮᠡᠳ᠋ᠡᠭᠡᠯᠡᠪᠡ) 2015.8.9

ᠢᠷᠡᠯᠳᠡ᠄ ᠨᠠᠢᠮᠠᠨ ᠤ ᠵᠠᠰᠠᠭ ᠤᠨ ᠣᠷᠳᠣᠨ ᠨᠠᠶᠢᠷᠠᠭᠤᠯᠤᠭᠴᠢ᠄ ᠪᠤᠤ ᠵᠢᠨ ᠯᠢᠶᠠᠨ

ᠬᠠᠮᠢᠶ᠎ᠡ ᠪᠦᠬᠦᠢ ᠰᠣᠨᠢᠨ