ᠮᠤᠩᠭᠤᠯ ᠤᠨ ᠤᠯᠠᠮᠵᠢᠯᠠᠯᠳᠦ ᠵᠠᠩ ᠲᠠᠳᠬᠠᠯ ᠢᠶᠡᠨ ᠲᠡᠭᠡᠳᠦᠯᠡᠵᠤ ᠮᠤᠩᠭᠤᠯ ᠤᠨ ᠰᠢᠯᠢᠳᠡᠭ ᠦᠷᠡᠰ ᠢ ᠬᠦᠮᠦᠵᠢᠬᠦᠯᠦᠶ᠎ᠡ

ᠣᠩᠰᠢᠭᠰᠠᠨ ᠤᠳᠠᠭ᠎ᠠ ᠄ 14036     ᠨᠡᠶᠢᠳᠡᠯᠡᠭᠰᠡᠨ ᠴᠠᠭ ᠄ 2016/4/30 16:55:50


                                  

       ᠭᠡᠤᠭᠡᠳ ᠢᠶᠡᠨ ᠰᠠᠶᠢᠬᠠᠨ ᠬᠦᠮᠦᠵᠢᠬᠦᠯᠵᠤ ᠢᠷᠡᠭᠡᠳᠤᠢ ᠳ᠋ᠤ ᠠᠪᠢᠶᠠᠰ ᠴᠢᠳᠠᠪᠤᠷᠢᠳᠠᠨ ᠪᠤᠯᠭᠠᠶ᠎ᠠ ᠭᠡᠳᠡᠭ ᠪᠤᠯ ᠭᠡᠷ ᠤᠨ  ᠠᠬᠠᠮᠠᠳ ᠪᠤᠯᠤᠭᠰᠠᠳ ᠤᠨ ᠬᠠᠮᠤᠭ ᠤᠨ ᠲᠡᠭᠡᠳᠦ ᠬᠦᠰᠡᠯ ᠲᠡᠮᠡᠤᠯᠡᠯ ᠃ ᠭᠡᠪᠡᠴᠦ ᠶᠠᠭᠠᠬᠢᠵᠤ ᠭᠡᠤᠭᠡᠳ ᠢᠶᠡᠨ ᠬᠦᠮᠦᠵᠢᠬᠦᠯᠤᠨ᠎ᠡ  ᠪᠤᠢ  ᠭᠡᠳᠡᠭ  ᠪᠤᠯ ᠤᠳᠤ ᠶ᠋ᠢᠨ ᠭᠡᠷ ᠤᠨ ᠠᠬᠠᠮᠠᠳ ᠤᠨ ᠡᠮᠤᠨ᠎ᠡ ᠲᠠᠯᠪᠢᠭᠳᠠᠵᠤ ᠪᠠᠶ᠋ᠢᠭ᠎ᠠ ᠲᠤᠮᠤ ᠠᠰᠠᠭᠤᠳᠠᠯ ᠃  ᠤᠳᠤᠬᠠᠨ ᠳ᠋ᠤ ᠮᠤᠩᠭᠤᠯᠴᠤᠳ ᠮᠠᠨᠢ ᠨᠡᠬᠦᠳᠡᠯ  ᠮᠠᠯᠵᠢᠯ ᠤᠨ  ᠠᠮᠢᠳᠤᠷᠠᠯ ᠤᠨ  ᠰᠤᠶᠤᠯ ᠡᠴᠠ  ᠠᠭᠠᠵᠢᠮ ᠢᠶᠠᠷ  ᠬᠤᠯᠠᠳᠠᠨ ᠲᠠᠷᠢᠶᠠᠯᠠᠬᠤ ᠰᠤᠶᠤᠯ ᠪᠠ ᠬᠤᠳᠠ ᠰᠠᠭᠤᠷᠢᠰᠢᠯ ᠤᠨ ᠰᠤᠶᠤᠯ ᠤᠨ ᠰᠢᠬᠠᠯᠳᠠ ᠨᠦᠷᠢᠯᠳᠠ ᠳ᠋ᠤ ᠶᠠᠭᠠᠬᠢᠬᠤ ᠪᠠᠨ ᠤᠯᠬᠤ  ᠦᠭᠡᠢ  ᠪᠠᠯᠠᠭ ᠠᠯᠳᠠᠨ ᠰᠠᠨᠳᠤᠷᠴᠤ ᠂ ᠪᠤᠰᠤᠳ  ᠦᠨᠳᠦᠰᠦᠳᠡᠨ ᠤ  《 ᠰᠢᠨ᠎ᠡ 》ᠭᠡᠮᠡᠭᠰᠡᠨ  ᠭᠡᠤᠭᠡᠳ  ᠬᠦᠮᠦᠵᠢᠬᠦᠯᠬᠦ  ᠠᠷᠭ᠎ᠠ ᠪᠠᠷ  ᠭᠡᠤᠭᠡᠳ ᠢᠶᠡᠨ ᠬᠦᠮᠦᠵᠢᠬᠦᠯᠤᠨ᠎ᠡ ‍ᠤᠤ ? ᠡᠰᠡᠬᠦᠯ᠎ᠡ ᠤᠯᠠᠮᠵᠢᠯᠠᠯᠳᠦ ᠮᠤᠩᠭᠤᠯ ᠠᠷᠭ᠎ᠠ ᠪᠠᠷ ᠭᠡᠤᠭᠡᠳ ᠢᠶᠡᠨ ᠬᠦᠮᠦᠵᠢᠬᠦᠯᠤᠨ᠎ᠡ ‍ ᠤᠤ  ᠬᠡᠮᠡᠨ  ᠪᠤᠳᠤᠯᠢᠨ ᠲᠦᠬᠡᠷᠢᠵᠤ  ᠪᠠᠶᠢᠨ᠎ᠠ᠃ ᠭᠡᠤᠭᠡᠳ ᠬᠦᠮᠦᠵᠢᠬᠦᠯᠬᠦ ᠶ᠋ᠢᠨ ᠵᠠᠩᠬᠢᠯᠠᠭ᠎ᠠ ᠨᠢ  ᠠᠷᠭ᠎ᠠ  ᠵᠠᠮ  ᠮᠦᠨ ᠃  ᠲᠡᠭᠡᠪᠡᠯ  ᠪᠢᠳᠠ  ᠶᠠᠮᠠᠷ  ᠠᠷᠭ᠎ᠠ ᠪᠠᠷ ᠶᠠᠭᠠᠬᠢᠵᠤ ᠭᠡᠤᠭᠡᠳ ᠢᠶᠡᠨ  ᠬᠦᠮᠦᠵᠢᠬᠦᠯᠬᠦ  ᠪᠤᠢ ?  ᠪᠢᠳᠠ  ᠲᠡᠯᠡᠭᠡᠢ ᠶ᠋ᠢᠨ  ᠪᠤᠯᠪᠠᠰᠤᠨ ᠲᠠᠢ  ᠮᠦᠷᠦ  ᠵᠡᠷᠭᠡᠴᠡᠨ  ᠶᠠᠪᠤᠭ᠎ᠠ  ᠨᠡᠬᠦᠳᠡᠯ ᠮᠠᠯᠵᠢᠯ ᠤᠨ ᠠᠮᠢᠳᠤᠷᠠᠯ ᠤᠨ ᠲᠤᠮᠳᠠ ᠪᠦᠳᠦᠭᠡᠭᠳᠡᠭᠰᠡᠨ ᠤᠯᠠᠮᠵᠢᠯᠠᠯᠳᠦ ᠮᠤᠩᠭᠤᠯ ᠵᠠᠩ ᠢᠶᠡᠨ ᠰᠠᠶᠢᠳᠤᠷ ᠰᠤᠳᠤᠯᠵᠤ  ᠰᠢᠯᠢᠳᠡᠭ ᠢ ᠨᠢ ᠰᠢᠭᠰᠢᠵᠦ ᠂ ᠬᠠᠷᠢ ᠭᠠᠳᠠᠭᠠᠳᠦ ᠶ᠋ᠢᠨ ᠲᠠᠪᠰᠢᠭᠰᠠᠨ  ᠰᠤᠷᠭᠠᠨ  ᠬᠦᠮᠦᠵᠢᠯ ᠤᠨ  ᠠᠷᠭ᠎ᠠ  ᠪᠠᠷᠢᠯ ᠲᠠᠢ  ᠤᠶᠠᠯᠳᠤᠭᠤᠯᠤᠨ ᠂  ᠦᠪᠡᠷ ᠤᠨ ᠭᠡᠤᠭᠡᠳ ᠤᠨ  ᠪᠤᠳᠠᠳᠦ  ᠤᠨᠴᠠᠯᠢᠭ ᠲᠤ  ᠲᠤᠬᠢᠷᠠᠭᠤᠯᠤᠨ  ᠦᠪᠡᠷ ᠤᠨ  ᠭᠡᠰᠡᠨ  ᠭᠡᠤᠭᠡᠳ  ᠬᠦᠮᠦᠵᠢᠬᠦᠯᠬᠦ  ᠠᠷᠭ᠎ᠠ  ᠰᠦᠪᠡᠭᠴᠢᠯᠡᠨ ᠭᠠᠷᠭᠠᠨ᠎ᠠ ᠃ ᠡᠨᠡ ᠪᠤᠯ ᠰᠠᠶᠢ ᠬᠡᠣᠬᠡᠳ ᠬᠦᠮᠦᠵᠢᠬᠦᠯᠬᠦ ᠵᠦᠪ ᠠᠷᠭ᠎ᠠ ᠮᠦᠨ ᠃    ᠬᠠᠭᠤᠴᠢᠨ ᠤ ᠦᠭᠡᠨ ᠳ᠋ᠤ ᠬᠤᠤᠳᠤᠤ ᠦᠭᠡᠢ ᠂ ᠬᠤᠤᠳᠤᠭ ᠤᠨ ᠤᠰᠤᠨ ᠳ᠋ᠤ ᠵᠢᠭᠠᠰᠦ ᠦᠭᠡᠢ  ᠭᠡᠳᠡᠭᠴᠢᠯᠡᠨ  ᠬᠠᠭᠤᠴᠢᠨ ᠶᠠᠭᠤᠮ᠎ᠠ ᠭᠡᠳᠡᠭ ᠪᠤᠯ ᠮᠠᠨ ᠤ  ᠲᠡᠭᠡᠳᠤᠰ ᠤᠨ  ᠭᠡᠳᠤᠨ  ᠮᠢᠩᠭᠠᠨ  ᠵᠢᠯ ᠤᠨ  ᠲᠤᠷᠰᠢ  ᠪᠦᠳᠦᠭᠡᠭᠰᠡᠨ  ᠰᠤᠶᠤᠯ ᠤᠨ  ᠰᠢᠭᠰᠢᠭᠳᠡᠵᠤ ᠦᠯᠡᠳᠡᠭᠰᠡᠨ ᠤᠬᠢ ᠰᠢᠯᠢᠳᠡᠭ  ᠵᠦᠢᠯᠡᠰ᠃  ᠲᠡᠶᠢᠮᠦ ᠡᠴᠠ ᠡᠨᠡ ᠬᠦ ᠬᠠᠭᠤᠴᠢᠨ ᠠᠷᠭ᠎ᠠ  ᠪᠠᠷᠢᠯ ᠢ  ᠦᠪᠯᠡᠨ  ᠵᠠᠯᠭᠠᠮᠵᠢᠯᠠᠵᠤ  ᠭᠡᠷᠡᠭᠯᠡᠬᠦ ᠨᠢ ᠰᠢᠨ᠎ᠡ  ᠵᠦᠢᠯ ᠤᠨ ᠠᠷᠭ᠎ᠠ ᠡᠴᠠ ᠯᠠᠪᠳᠠᠭᠤᠨ ᠮᠦᠷᠳᠡᠭᠡᠨ ᠪᠠᠳᠤᠯᠠᠭ᠎ᠠ ᠲᠠᠢ ᠃ ᠮᠤᠩᠭᠤᠯᠴᠤᠳ ᠤᠨ ᠠᠯᠢᠪᠠ ᠰᠤᠶᠤᠯ ᠤᠨ ᠰᠠᠭᠤᠷᠢ ᠪᠤᠯ ᠨᠡᠬᠦᠳᠡᠯ ᠮᠠᠯᠵᠢᠯ ᠤᠨ ᠠᠮᠢᠳᠤᠷᠠᠯ ᠂ ᠭᠡᠷᠪᠡ ᠡᠨᠡ ᠬᠦ ᠠᠮᠢᠳᠤᠷᠠᠯ ᠤᠨ ᠰᠠᠭᠤᠷᠢ ᠪᠠᠨ ᠠᠯᠳᠠᠪᠠᠯ ᠦᠨᠳᠦᠰᠦ ᠦᠭᠡᠢ ᠮᠤᠳᠤ ᠮᠡᠳᠦ ᠃ ᠨᠡᠬᠦᠳᠡᠯ ᠮᠠᠯᠵᠢᠯ ᠤᠨ ᠠᠮᠢᠳᠤᠷᠠᠯ ᠨᠢ ᠭᠡᠤᠭᠡᠳ ᠢ ᠪᠠᠭ᠎ᠠ ᠡᠴᠠ ᠨᠢ ᠬᠦᠴᠢᠷ ᠪᠡᠷᠭᠡ ᠶ᠋ᠢ  ᠲᠡᠰᠪᠤᠷᠢᠯᠡᠵᠤ   ᠲᠡᠶᠢᠯᠬᠦ᠂  ᠪᠤᠰᠢᠭᠤ  ᠱᠠᠯᠠᠮᠠᠭᠠᠢ  ᠡᠷᠡᠯᠭᠡᠭ ᠪᠠᠭᠠᠳᠤᠷᠯᠢᠭ  ᠪᠤᠯᠭᠠᠬᠤ ᠂  ᠠᠵᠢᠭᠴᠢ  ᠬᠢᠷᠠᠬᠠᠢ  ᠪᠤᠯᠭᠠᠬᠤ ᠂  ᠬᠤᠯᠠᠴᠢ  ᠤᠬᠠᠭᠠᠨ ᠲᠠᠢ  ᠪᠤᠯᠭᠠᠬᠤ ᠂   ᠪᠠᠶᠢᠭᠠᠯᠢ ᠲᠠᠢ  ᠣᠶᠢᠷᠠᠳᠤᠨ ᠪᠠᠶᠢᠭᠠᠯᠢ ᠡᠴᠠ ᠤᠬᠠᠭᠠᠨ ᠰᠤᠷᠬᠤ ᠵᠡᠷᠭᠡ ᠬᠦᠮᠦᠨ ᠪᠤᠯᠬᠤ ᠶ᠋ᠢᠨ ᠬᠠᠮᠤᠭ ᠤᠨ ᠦᠨᠳᠤᠰᠤᠨ ᠪᠤᠯᠪᠠᠰᠤᠷᠠᠯ ᠢ ᠬᠦᠮᠦᠵᠢᠬᠦᠯᠳᠡᠭ ᠃  ᠵᠠᠷᠢᠮ ᠬᠦᠮᠦᠰ ᠮᠤᠩᠭᠤᠯᠴᠤᠳ ᠤᠨ ᠭᠡᠳᠤᠨ ᠮᠢᠩᠭᠠᠨ ᠵᠢᠯ ᠡᠳ᠋ᠯᠡᠵᠤ ᠢᠷᠡᠭᠰᠡᠨ  ᠮᠢᠬ᠎ᠠ  ᠰᠦ ᠶ᠋ᠢᠨ  ᠰᠢᠮ᠎ᠡ ᠶ᠋ᠢ  ᠰᠠᠶ᠋ᠢ ᠮᠡᠳᠡᠵᠤ ᠂  ᠨᠡᠬᠦᠳᠡᠯ ᠮᠠᠯᠵᠢᠯ ᠤᠨ ᠰᠤᠶᠤᠯ ᠢ ᠤᠷᠤᠢ ᠲᠠᠨᠢᠵᠤ  ᠪᠠᠶᠢᠭ᠎ᠠ ᠴᠤ ᠪᠢᠳᠠ ᠦᠪᠡᠷ ᠤᠨ ᠵᠢᠩᠬᠢᠨᠢ ᠶᠠᠭᠤᠮ᠎ᠠ ᠶ᠋ᠢᠨ ᠦᠨ᠎ᠡ ᠦᠷᠳᠡᠭ ᠢ  ᠦᠪᠡᠷ ᠢᠶᠡᠨ ᠬᠦᠢᠴᠡᠳ ᠲᠠᠨᠢᠬᠤ ᠭᠡᠷᠡᠭᠳᠠᠢ ᠃ ᠡᠨᠡ ᠪᠤᠯ  ᠰᠠᠶ᠋ᠢ  ᠮᠠᠨ ᠤ ᠭᠠᠷᠬᠤ ᠵᠠᠮ ᠮᠦᠨ᠃  ᠲᠡᠶᠢᠮᠦ ᠡᠴᠠ ᠭᠡᠤᠭᠡᠳ ᠢᠶᠡᠨ ᠴᠠᠭ ᠲᠤᠬᠢᠶᠠᠯ  ᠪᠠᠶᠢᠪᠠᠯ ᠬᠦᠳᠡᠭᠡ ᠢᠯᠡᠬᠦᠤ ᠶᠠᠪᠤᠭᠤᠯᠵᠤ ᠨᠡᠬᠦᠳᠡᠯ ᠮᠠᠯᠵᠢᠯ ᠤᠨ ᠠᠮᠢᠳᠤᠷᠠᠯ ᠲᠠᠨᠢᠭᠤᠯᠬᠤ ᠨᠢ ᠲᠦᠮᠡᠨ ᠵᠦᠪ ᠃   ᠨᠡᠬᠦᠳᠡᠯ ᠮᠠᠯᠵᠢᠯ ᠤᠨ ᠰᠤᠶᠤᠯ ᠤᠨ ᠭᠡᠤᠭᠡᠳ ᠬᠦᠮᠦᠵᠢᠬᠦᠯᠬᠦ ᠠᠷᠭ᠎ᠠ ᠶ᠋ᠢᠨ ᠭᠤᠤᠯᠳᠠᠯᠭ᠎ᠠ ᠨᠢ ᠨᠠᠷᠢᠨ ᠨᠢᠮᠪᠠᠢ ᠵᠠᠩ  ᠠᠷᠠᠨᠰᠢᠨ ᠢ ᠬᠦᠮᠦᠵᠢᠬᠦᠯᠬᠦ ᠳ᠋ᠤ ᠪᠤᠢ ᠃ ᠬᠡᠷ ᠤᠨ ᠠᠬᠠᠮᠠᠳ ᠨᠢ ᠦᠪᠡᠷ ᠤᠨ ᠪᠡᠶ᠎ᠡ ᠳ᠋ᠡᠭᠡᠨ ᠴᠢᠩᠭ᠎ᠠ ᠨᠢᠮᠪᠠᠢ ᠪᠠᠶᠢᠬᠤ ᠪᠠᠷ  ᠪᠠᠷᠠᠬᠤ  ᠦᠭᠡᠢ  ᠭᠡᠤᠭᠡᠳ ᠬᠦᠮᠦᠵᠢᠬᠦᠯᠬᠦ ᠳ᠋ᠡᠭᠡᠨ ᠴᠢᠩᠭ᠎ᠠ ᠨᠢᠮᠪᠠᠢ  ᠪᠠᠶᠢᠳᠠᠭ᠃ ᠡᠪᠤᠯ ᠴᠠᠭ ᠬᠦᠯᠳᠡᠬᠦᠰᠦ ᠶ᠋ᠢ ᠴᠤ  ᠬᠦᠨᠳᠡᠯᠡᠨ  ᠮᠦᠷ  ᠭᠤᠯᠳᠦ  ᠮᠦᠷ ᠢᠶᠠᠷ  ᠲᠡᠷᠢ ᠲᠡᠭᠰᠢ ᠮᠦᠷᠯᠡᠬᠦᠯᠤᠨ ᠤᠪᠤᠭᠠᠯᠠᠨ᠎ᠠ ᠃  ᠡᠶᠢᠮᠦᠷᠬᠦ ᠵᠢᠵᠢᠭ ᠰᠠᠵᠢᠭ ᠶᠠᠪᠤᠳᠠᠯ ᠳ᠋ᠤ  ᠬᠡᠤᠬᠡᠳ ᠲᠤ ᠪᠠᠨ  ᠲᠦᠷᠢᠮ  ᠲᠠᠭᠤᠷᠢᠶᠠᠯ  ᠪᠤᠯᠵᠤ ᠂ ᠬᠡᠤᠬᠡᠳ ᠢᠶᠡᠨ ᠴᠢᠩᠭ᠎ᠠ ᠡᠴᠠ ᠴᠢᠩᠭ᠎ᠠ ᠂ ᠨᠠᠷᠢᠨ ᠨᠢᠮᠪᠠᠢ ᠠᠮᠢᠳᠤᠷᠠᠯ ᠤᠨ  ᠵᠠᠩ  ᠲᠠᠳᠬᠠᠯ ᠲᠠᠢ  ᠪᠤᠯᠭᠠᠨ  ᠬᠦᠮᠦᠵᠢᠬᠦᠯᠦᠨ᠎ᠡ᠃ ᠨᠢᠭᠡ ᠬᠦᠮᠦᠨ ᠦᠴᠦᠭᠡᠨ ᠲᠡᠳᠤᠢ ᠶᠠᠭᠤᠮ᠎ᠠ ᠶ᠋ᠢ  ᠨᠠᠷᠢᠨ  ᠨᠢᠮᠪᠠᠢ ᠂  ᠡᠬᠢᠨ ᠡᠴᠠ ᠨᠢ  ᠠᠳᠠᠭ ᠲᠤᠨᠢ  ᠲᠤᠯᠳᠠᠯ᠎ᠠ   ᠰᠠᠶᠢᠨ ᠬᠢᠵᠤ  ᠴᠢᠳᠠᠬᠤ ᠦᠭᠡᠢ ᠪᠠᠷ ᠠᠭᠤᠤ ᠶᠡᠭᠡ ᠲᠤᠮᠤ  ᠵᠦᠢᠯ ᠢ  ᠪᠦᠳᠦᠭᠡᠨ  ᠬᠦᠢᠴᠡᠳᠭᠡᠵᠤ  ᠴᠢᠳᠠᠨ᠎ᠠ  ‍ᠤᠤ  ?  ᠡᠨᠡ ᠨᠢ  ᠬᠦᠮᠦᠨ  ᠪᠤᠯᠤᠭᠰᠠᠳ ᠤᠨ ᠬᠠᠮᠤᠭ ᠤᠨ  ᠦᠨᠳᠦᠰᠦᠨ  ᠪᠤᠯᠪᠠᠰᠤᠷᠠᠯ  ᠪᠢᠰᠢ  ᠭᠡᠵᠤ  ‍ᠤᠤ ?  ᠮᠤᠩᠭᠤᠯᠴᠤᠳ   ᠭᠡᠤᠭᠡᠳ ᠢᠶᠡᠨ   ᠪᠠᠭ᠎ᠠ ᠡᠴᠠ ᠨᠢ   ᠨᠢᠭᠤᠷ ᠤᠬᠢᠶᠠᠬᠤ ᠳᠠᠭᠠᠨ ᠶᠠᠭᠠᠬᠢᠵᠤ ᠤᠷᠭᠤᠵᠤ ᠪᠠᠶᠢᠬᠤ ᠲᠡᠰᠢ ᠢᠯᠢᠵᠤ ᠤᠬᠢᠶᠠᠬᠤ ᠂  ᠱᠠᠯᠪᠢᠡᠭ ᠢ  ᠶᠠᠭᠠᠬᠢᠵᠤ  ᠭᠤᠤᠯ ᠢ ᠨᠢ  ᠲᠡᠩᠴᠡᠬᠦᠭᠡᠨ ᠪᠤᠯᠭᠤᠭᠠᠵᠤ ᠬᠠᠭᠠᠷᠢᠬᠤ ᠵᠡᠷᠭᠡ ᠶ᠋ᠢ ᠨᠠᠷᠢᠯᠢᠭ ᠡᠴᠠ ᠨᠠᠷᠢᠯᠢᠭ ᠵᠢᠭᠠᠨ᠎ᠠ ᠃  ᠮᠦᠬᠦ ᠶ᠋ᠢᠨ  ᠬᠦᠷᠢᠶ᠎ᠡ ᠡᠴᠠ  ᠮᠦᠬᠦ ᠶ᠋ᠢ ᠶᠠᠭᠠᠬᠢᠵᠤ ᠨᠠᠷᠢᠯᠢᠭ ᠡᠷᠢᠵᠤ ᠲᠡᠬᠦᠬᠦ ᠵᠡᠷᠭᠡ ᠶ᠋ᠢ ᠵᠢᠭᠠᠵᠤ ᠂ 《 ᠨᠠᠷᠢᠨ ᠨᠢᠮᠪᠠᠢ 》ᠭᠡᠳᠡᠭ ᠮᠠᠭᠳᠠᠭᠠᠯ ᠢᠶᠠᠷ ᠭᠡᠤᠭᠡᠳ ᠢᠶᠡᠨ ᠨᠠᠷᠢᠨ  ᠨᠢᠮᠪᠠᠢ ᠵᠠᠩ ᠲᠠᠳᠬᠠᠯ ᠲᠠᠢ ᠪᠤᠯᠭᠠᠨ ᠬᠦᠮᠦᠵᠢᠬᠦᠯᠤᠨ᠎ᠡ ᠃  ᠨᠢᠭᠡ ᠭᠡᠤᠭᠡᠳ ᠢ ᠪᠠᠭ᠎ᠠ ᠡᠴᠠ ᠨᠢ ᠰᠠᠶᠢᠨ  ᠰᠠᠶᠢᠬᠠᠨ ᠵᠠᠩ ᠲᠠᠳᠬᠠᠯ ᠲᠠᠢ ᠪᠤᠯᠭᠠᠨ ᠬᠦᠮᠦᠵᠢᠬᠦᠯᠪᠡᠯ ᠨᠠᠰᠤᠨ ᠲᠤᠷᠰᠢᠳᠠ ᠳᠠᠭᠠᠨ ᠡᠨᠡ ᠬᠦ  ᠰᠠᠶᠢᠨ ᠰᠠᠶᠢᠬᠠᠨ ᠲᠠᠳᠬᠠᠯ ᠤᠨ ᠠᠴᠢ ᠲᠤᠰᠨ ᠶ᠋ᠢ ᠬᠦᠷᠳᠡᠨ ᠠᠮᠵᠢᠯᠳᠠ ᠪᠦᠳᠦᠮᠵᠢ ᠤᠯᠵᠤ  ᠲᠡᠶᠢᠯᠦᠨ᠎ᠡ᠃ ᠲᠡᠶᠢᠮᠦ ᠤᠴᠢᠷ ᠡᠴᠠ ᠭᠡᠷ ᠤᠨ  ᠠᠬᠠᠮᠠᠳ  ᠭᠡᠤᠭᠡᠳ ᠤᠨ  ᠦᠰᠦᠨ   ᠪᠤᠶᠢᠵᠢᠯᠳᠠ ᠶ᠋ᠢᠨ  ᠵᠠᠩᠬᠢᠯᠠᠭ᠎ᠠ ᠶ᠋ᠢᠨ  ᠦᠶ᠎ᠡ ᠳ᠋ᠤ  ᠴᠠᠭ  ᠵᠠᠶᠢᠴᠢᠯᠠᠨ   ᠦᠪᠡᠷ ᠤᠨ ᠪᠡᠶ᠎ᠡ ᠪᠠᠷ ᠢᠶᠡᠨ ᠭᠡᠪ ᠳᠠᠭᠤᠷᠢᠶᠠᠯ ᠪᠤᠯᠵᠤ ᠂ ᠭᠡᠤᠭᠡᠳ ᠤᠨ ᠢᠶᠡᠨ ᠰᠠᠶᠢᠨ ᠰᠠᠶᠢᠬᠠᠨ  ᠵᠠᠩ ᠲᠠᠳᠬᠠᠯ ᠢ ᠬᠦᠮᠦᠵᠢᠭᠦᠯᠦᠶ᠎ᠡ ᠃          ( ᠰᠤᠶᠤᠯᠪᠤᠯᠠᠭ   )   
          

 
 
ᠢᠷᠡᠯᠳᠡ᠄ ᠠᠷᠠᠳ ᠤᠨ ᠰᠦᠯᠵᠢᠶ᠎ᠡ ᠨᠠᠶᠢᠷᠠᠭᠤᠯᠤᠭᠴᠢ᠄ ᠪᠦᠦ ᠵᠢᠨ ᠯᠢᠶᠠᠨ