ᠡᠵᠢ ᠶ᠋ᠢᠨ ᠮᠢᠨᠢ ᠬᠤᠷᠤᠳ

ᠣᠩᠰᠢᠭᠰᠠᠨ ᠤᠳᠠᠭ᠎ᠠ ᠄ 6763     ᠨᠡᠶᠢᠳᠡᠯᠡᠭᠰᠡᠨ ᠴᠠᠭ ᠄ 2016/4/27 9:03:28

      ᠦᠨᠦᠳᠦᠷ ᠳᠡᠯᠭᠡᠭᠦᠷ ᠡᠴᠠ ᠬᠡᠳᠦᠨ ᠬᠡᠰᠡᠭ ᠬᠤᠷᠤᠳ ᠬᠤᠳᠠᠯᠳᠤᠨ ᠠᠪᠤᠪᠠ ᠃ ᠴᠠᠭᠠᠨ ᠢᠳᠡᠭᠡᠨ ᠳ᠋ᠥ ᠴᠠᠭᠠᠨ᠎ᠠ ᠡᠴᠠ ᠪᠠᠨ ᠲᠠᠳᠠᠭᠳᠠᠳᠠᠭ ᠬᠣᠪᠳᠣᠭ ᠭᠧᠨ ᠮᠢᠨᠢ ᠬᠦᠦ ᠳ᠋ᠥ ᠤᠯᠠᠮᠵᠢᠯᠠᠭᠳᠠᠴᠢᠬᠠᠭᠰᠠᠨ ᠬᠣᠶᠢᠨ᠎ᠠ ᠬᠤᠷᠤᠳ ᠵᠥᠭᠡᠬᠡᠢ ᠶ᠋ᠢᠨ ᠦᠨ᠎ᠡ ᠬᠡᠳᠦᠢ ᠦᠰᠪᠡᠴᠦ ᠶᠠᠭᠠᠬᠢᠬᠤ ᠪᠤᠢ ᠂ ᠬᠠᠶᠠ ᠴᠠᠶᠠ ᠮᠥᠩᠭᠦ ᠬᠠᠶᠢᠷᠠᠯᠠᠯ ᠦᠭᠡᠢ ᠠᠪᠴᠦ ᠡᠬᠡ ᠬᠦᠦ ᠬᠤᠶᠠᠭᠤᠯᠠ ᠶ᠋ᠢᠨ ᠦᠯ ᠢᠶᠡᠨ ᠳᠠᠷᠤᠬᠤ ᠯᠠ ᠴᠢᠬᠤᠯᠠ ᠃ ᠳᠡᠯᠭᠡᠭᠦᠷ ᠲᠦ ᠬᠤᠳᠠᠯᠳᠣᠳᠠᠭ ᠵᠢᠭᠵᠢᠭᠡᠷ ᠬᠡᠦᠬᠡᠨ ᠤ ᠵᠢᠭᠠᠬᠠᠨ ᠠᠯᠠᠭ᠎ᠠ ᠡᠴᠠ ᠠᠷᠠᠢ ᠶᠡᠬᠡᠳᠡᠮ᠎ᠡ ᠦᠭᠡᠢ ᠲᠡᠷᠡ ᠠᠷᠪᠠᠨ ᠲᠠᠪᠤᠨ ᠲᠥᠭᠦᠷᠢᠭ ᠨᠢᠭᠡ ᠬᠡᠰᠡᠭ ᠦᠨ ᠬᠢ ᠶ᠋ᠢ ᠪᠣᠯ ᠬᠦᠦ ᠪᠢᠳᠡ ᠬᠣᠶᠠᠭᠤᠯᠠ 《 ᠠᠮᠲᠠᠯᠠᠵᠦ ᠪᠠᠶᠢᠨ᠎ᠠ 》 ᠂ 《 ᠠᠮᠲᠠᠯᠠᠵᠦ ᠪᠠᠶᠢᠨ᠎ᠠ 》 ᠭᠡᠭᠰᠡᠭᠡᠷ ᠬᠡᠳᠦᠬᠡᠨ ᠮᠢᠨᠦ᠋ᠲ  ᠲᠦ ᠰᠢᠢᠳᠪᠦᠷᠢᠯᠡᠴᠢᠬᠡᠨ᠎ᠡ ᠃ ᠬᠠᠷᠢᠨ ᠬᠣᠷᠢᠨ ᠲᠠᠪᠤᠨ ᠲᠥᠭᠦᠷᠢᠭ ᠨᠢᠭᠡ ᠬᠡᠰᠡᠭ ᠦᠨ ᠬᠢ ᠶ᠋ᠢ ᠨᠢ ᠠᠪᠤᠪᠠᠯ ᠠᠷᠭᠠᠯᠠᠵᠦ ᠴᠠᠷᠭᠠᠯᠠᠵᠤ ᠬᠠᠭᠠᠰ ᠡᠳᠦᠷ ᠦᠨ ᠬᠠᠯᠠ ᠳᠠᠭᠠᠭᠠᠳᠠᠭ ᠨᠢ ᠦᠨᠡᠨ ᠲᠠᠢ ᠃ ᠢᠩᠭᠢᠭᠡᠳ ᠡᠨᠡ ᠤᠳᠠᠭ᠎ᠠ ᠶᠡᠬᠡᠬᠡᠨ ᠬᠡᠰᠡᠭᠲᠦ ᠬᠤᠷᠤᠳ ᠡᠴᠠ ᠨᠢ ᠢᠯᠡᠭᠦᠦ ᠬᠡᠳᠦᠨ ᠬᠡᠰᠡᠭ ᠠᠪᠴᠢᠬᠠᠪᠠ ᠃
       ᠬᠠᠷ᠎ᠠ ᠴᠠᠢ ᠣᠭᠤᠴᠢᠯᠠᠬᠤ ᠶ᠋ᠢᠨ ᠵᠠᠪᠰᠠᠷ ᠬᠤᠳᠠᠯᠳᠤᠭᠠᠨ ᠤ ᠬᠤᠷᠤᠳ ᠢᠶᠡᠨ ᠡᠮᠲᠡᠯᠡᠨ ᠵᠤᠭᠤᠭᠯᠠᠵᠦ ᠰᠠᠭᠤᠯ᠎ᠠ ᠃ ᠬᠤᠷᠤᠳ ᠤᠨ ᠠᠮᠲᠠ ᠨᠢᠭᠡ ᠯᠠ ᠰᠡᠳᠬᠢᠯ ᠳ᠋ᠥ ᠬᠦᠷᠬᠦ ᠦᠭᠡᠢ  ᠴᠢᠮᠠᠯᠠᠭᠳᠠᠬᠤ ᠰᠢᠭ᠋ ᠃ 《 ᠰᠦᠨ ᠦᠢᠯᠡᠳᠪᠦᠷᠢ ᠶ᠋ᠢᠨ ᠮᠠᠰᠢᠨ ᠢᠶᠠᠷ ᠳᠠᠷᠣᠳᠠᠭ ᠬᠤᠷᠤᠳ ᠶᠡᠷᠦ ᠨᠢ ᠮᠠᠨ ᠤ ᠮᠠᠯᠴᠢᠨ ᠡᠵᠢ ᠨᠠᠷ ᠤᠨ ᠭᠠᠷ ᠢᠶᠠᠷ ᠢᠶᠡᠨ ᠬᠢᠳᠡᠭ ᠬᠤᠷᠤᠳ ᠢ ᠬᠤᠯᠠ ᠬᠦᠷᠬᠦ ᠦᠭᠡᠢ ᠶᠤᠮ  ᠡ  》 ᠭᠡᠵᠦ ᠪᠤᠳᠤᠭᠳᠠᠬᠤ ᠪᠤᠯᠤᠭᠰᠠᠨ ᠨᠢ ᠶᠠᠮᠠᠷ ᠥᠨᠦᠬᠡᠨ ᠤ ᠣᠴᠢᠷ ᠯᠠ ᠪᠢᠰᠢ ᠳ᠋ᠠ ᠃ ᠨᠠᠳᠠ ᠡᠵᠢ ᠶ᠋ᠢᠨ ᠮᠢᠨᠢ ᠨᠤᠬᠤᠭᠰᠠᠨ ᠬᠤᠷᠤᠳ ᠤᠨ ᠠᠮᠲᠠ ᠶᠠᠭᠤ ᠬᠠᠢ ᠦᠭᠡᠢ ᠡᠷᠢᠭᠳᠡᠪᠡ ᠃
ᠮᠠᠨ ᠢ ᠪᠠᠭ᠎ᠠ  ᠪᠠᠶᠢᠬᠤ ᠳ᠋ᠥ ᠵᠤᠨ ᠤ ᠨᠠᠷᠠ ᠣᠷᠭ᠎ᠠ ᠶ᠋ᠢᠨ ᠦᠵᠦᠭᠦᠷ ᠬᠥᠭᠡᠷᠬᠦ ᠬᠢᠷᠢ ᠪᠠᠷ ᠯᠠ ᠥᠷᠯᠥᠭᠡ ᠡᠷᠲᠡ ᠶ᠋ᠢᠨ ᠠᠯᠢ ᠣᠯᠠᠨ ᠠᠵᠢᠯ ᠢᠶᠡᠨ ᠳᠦᠩᠭᠡᠵᠦ ᠰᠢᠪᠲᠤᠷᠠᠭᠤᠯᠤᠭᠰᠠᠨ ᠡᠵᠢ ᠭᠠᠳᠠᠨ᠎ᠠ ᠬᠢᠰᠠ ᠳ᠋ᠥ ᠠᠷᠭᠠᠯ ᠤᠨ ᠭᠠᠯ ᠨᠤᠴᠤᠭᠠᠨ ᠬᠤᠷᠤᠳ ᠬᠢᠬᠦ ᠠᠵᠢᠯ ᠳ᠋ᠥ ᠪᠠᠨ ᠣᠷᠣᠳᠠᠭ ᠃ ᠰᠢᠨᠡᠭᠡᠨ ᠡᠭᠡᠳᠡᠭᠰᠡᠨ ᠰᠦ ᠪᠠᠨ ᠵᠢᠯᠠᠪᠴᠢᠨ ᠲᠤᠭᠤᠭᠠᠨ ᠳ᠋ᠤ ᠶᠡᠭᠦᠯᠡᠵᠦ ᠠᠷᠭᠠᠯ ᠤᠨ ᠭᠠᠯ ᠳᠡᠭᠡᠷ᠎ᠡ  ᠪᠠᠨ ᠲᠠᠯᠪᠢᠪᠠᠯ ᠲᠦᠳᠡᠯ ᠦᠭᠡᠢ ᠬᠤᠭᠤᠯᠠᠢ ᠭᠣᠪᠤᠭᠤᠨᠠᠭᠤᠯᠤᠮ᠎ᠠ ᠢᠰᠬᠦᠯᠡᠩ ᠦᠨᠦᠷ ᠬᠠᠩᠬᠤᠯᠵᠦ ᠰᠢᠷᠠᠰᠣ ᠢᠯᠭᠠᠷᠠᠵᠦ ᠡᠬᠢᠯᠡᠨ᠎ᠡ ᠃ ᠡᠵᠢ ᠱᠦᠭᠦᠷ ᠢᠶ᠋ᠡᠷ ᠠᠬᠢᠨ ᠳᠠᠬᠢᠨ ᠰᠢᠷᠠᠰᠣ ᠢᠯᠭᠠᠷᠠᠭᠣᠯᠵᠦ ᠂ ᠡᠭᠡᠳᠡᠮᠡᠭ ᠥᠳᠭᠡᠷᠡᠬᠦ ᠬᠢᠷᠢ ᠪᠠᠷ ᠭᠠᠯ ᠢᠶᠡᠨ ᠵᠥᠭᠡᠯᠡᠬᠡᠨ ᠪᠣᠯᠭᠠᠨ᠎ᠠ ᠃ ᠲᠡᠭᠡᠭᠡᠳ ᠤᠯᠠᠮ ᠤᠯᠠᠮ  ᠢᠶᠠᠷ ᠢᠵᠠᠮᠠᠭᠲᠤᠨ ᠥᠳᠭᠡᠷᠡᠵᠦ ᠪᠠᠶᠢᠭ᠎ᠠ ᠡᠭᠡᠳᠡᠮᠡᠭ ᠢᠶ᠋ᠡᠨ ᠰᠢᠨᠠᠭᠠᠨ ᠳᠤᠬᠤ ᠪᠠᠷ ᠲᠦᠷᠭᠡᠨ ᠲᠦᠷᠬᠡᠨ ᠨᠤᠬᠤᠯᠠᠵᠦ ᠪᠠᠶᠢᠭᠰᠠᠭᠠᠷ ᠲᠣᠮᠤᠬᠠᠨ ᠪᠥᠭᠡᠮ ᠪᠤᠯᠭᠠᠭᠠᠳ ᠲᠡᠭᠦᠨ ᠢᠶ᠋ᠡᠨ ᠲᠤᠭᠤᠭᠠᠨ ᠢᠷᠤᠭᠠᠷ  ᠲᠦ ᠨᠠᠭᠠᠯᠳᠤᠭᠤᠯᠬᠤ ᠦᠭᠡᠢ ᠪᠠᠶᠢᠬᠤ ᠶ᠋ᠢ ᠬᠢᠴᠢᠶᠡᠨ ᠲᠠᠰᠤᠷᠠᠭ᠎ᠠ ᠦᠭᠡᠢ ᠡᠶᠢᠰᠢ ᠲᠡᠶᠢᠰᠢ ᠪᠦᠮᠪᠦᠷᠢᠬᠦᠯᠦᠨ᠎ᠡ ᠃ ᠡᠨᠡ ᠨᠢ ᠰᠠᠶᠢᠬᠠᠨ ᠲᠣᠭᠤᠭᠠᠨ ᠡᠴᠠ ᠭᠠᠷᠬᠤ ᠰᠢᠬᠢᠷ ᠬᠤᠯᠢᠭᠰᠠᠨ ᠬᠠᠯᠠᠭᠤᠨ ᠬᠤᠷᠤᠳ ᠢ ᠵᠥᠭᠡᠬᠡᠢ ᠲᠠᠢ ᠬᠤᠳᠬᠤᠵᠦ ᠢᠳᠡᠨ᠎ᠡ ᠭᠡᠵᠦ ᠬᠠᠵᠠᠭᠤ ᠬᠠᠪᠢ ᠪᠠᠷ ᠨᠢ ᠥᠩᠭᠡᠶᠢᠯᠴᠡᠵᠦ ᠰᠦᠢᠳ ᠪᠤᠯᠵᠦ ᠪᠠᠶᠢᠭᠰᠠᠨ ᠪᠢᠳᠡᠨ ᠳ᠋ᠦ ᠬᠡᠴᠢᠨᠡᠬᠡᠨ ᠵᠤᠭᠠᠲᠠᠢ ᠰᠠᠨᠠᠭᠳᠠᠵᠦ ᠪᠠᠶᠢᠭᠰᠠᠨ ᠠᠵᠢ !
       ᠡᠵᠢ ᠶ᠋ᠢᠨ ᠮᠢᠨᠢ ᠨᠤᠬᠤᠯᠠᠵᠦ ᠳᠠᠷᠤᠭᠰᠠᠨ ᠬᠤᠷᠤᠳ ᠪᠡᠷᠬᠡ ᠵᠤᠬᠢᠷᠠᠳᠠᠭ ᠪᠠᠶᠢᠭᠰᠠᠨ ᠡ ᠃ ᠬᠡᠪ  ᠲᠦ ᠳᠠᠷᠤᠭᠰᠠᠨ ᠬᠤᠷᠤᠳ ᠢᠶᠡᠨ ᠰᠡᠷᠢᠭᠦᠬᠡᠨ ᠭᠠᠵᠠᠷ ᠲᠠᠯᠪᠢᠵᠦ ᠪᠠᠬᠠᠨ ᠡᠪᠡᠷᠡᠭᠡᠮᠡᠭᠴᠡ ᠳᠠᠬᠢᠨ ᠲᠡᠭᠰᠢ ᠢᠷᠤᠭᠠᠷ ᠲᠠᠢ ᠪᠤᠷᠭᠠᠰᠤᠨ ᠰᠠᠭᠰᠣᠨ ᠳ᠋ᠥ ᠬᠦᠮᠦᠷᠢᠵᠦ ᠭᠠᠳᠠᠨ᠎ᠠ ᠠᠪᠠᠴᠢᠵᠦ ᠡᠯᠭᠦᠨ ᠬᠠᠳᠠᠭᠠᠨ᠎ᠠ ᠃ ᠮᠠᠨ ᠤ ᠬᠢᠨ ᠬᠡᠳᠦᠶᠢᠪᠡᠷ ᠴᠥᠭᠡᠨ ᠬᠡᠳᠦᠬᠡᠨ ᠰᠠᠭᠠᠯᠢ ᠶ᠋ᠢᠨ ᠦᠨᠢᠶ᠎ᠡ ᠲᠠᠢ ᠪᠠᠶᠢᠭᠰᠠᠨ ᠴᠦ ᠲᠡᠷᠡ ᠦᠶ᠎ᠡ ᠳ᠋ᠤ ᠪᠡᠯᠴᠢᠭᠡᠷ ᠣᠰᠤ ᠰᠠᠶᠢᠨ ᠤ ᠬᠢ ᠪᠤᠯᠪᠠ ‍ᠦᠦ ᠂ ᠦᠨᠢᠶᠡᠳ ᠨᠢᠭᠡᠳ ᠨᠢᠭᠡ ᠪᠠᠷ ᠢᠶᠡᠨ ᠰᠠᠭᠠᠮ᠎ᠠ ᠰᠠᠶᠢᠲᠠᠢ ᠪᠠᠶᠢᠵᠦ ᠪᠤᠷᠭᠠᠰᠤᠨ ᠰᠠᠭᠰᠣᠨ ᠳ᠋ᠤ ᠬᠢ ᠬᠤᠷᠤᠳ ᠡᠳᠦᠷ ᠡᠳᠦᠷ ᠢᠶ᠋ᠡᠷ ᠨᠡᠮᠡᠭᠳᠡᠭᠰᠡᠭᠡᠷ ᠣᠳᠠᠯ ᠦᠭᠡᠢ ᠪᠠᠭᠲᠠᠵᠦ ᠶᠠᠳᠠᠮ᠎ᠠ ᠪᠤᠯᠳᠠᠭ ᠪᠥᠭᠡᠳ ᠬᠡᠲᠦᠷᠡᠮᠡᠭᠡᠢ ᠱᠠᠩᠳᠠᠭᠣᠨ ᠦᠨᠦᠷ ᠨᠢ ᠬᠣᠯᠠ ᠡᠴᠠ ᠢᠷᠡᠭᠰᠡᠨ ᠬᠦᠮᠦᠨ ᠤ ᠰᠠᠮᠰᠠ ᠶ᠋ᠢ ᠴᠣᠷᠭᠢᠭᠤᠯᠤᠨ ᠤᠭᠲᠤᠳᠠᠭ ᠪᠠᠶᠢᠭᠰᠠᠨ ᠃ ᠡᠵᠢ ᠮᠢᠨᠢ ᠢᠷᠡᠭᠰᠡᠨ ᠭᠡᠶᠢᠴᠢᠨ ᠢᠶ᠋ᠡᠨ ᠬᠤᠷᠤᠳ ᠲᠠᠪᠠᠭᠯᠠᠵᠦ ᠲᠠᠶᠢᠯᠠᠨ᠎ᠠ ᠃ ᠵᠠᠷᠢᠮ ᠨᠢᠭᠡ ᠨᠢ ᠪᠤᠴᠠᠬᠤ ᠦᠶ᠎ᠡ ᠳ᠋ᠤ ᠨᠢ ᠪᠠᠰᠠ ᠬᠡᠳᠦ ᠭᠤᠷᠪᠠ ᠪᠠᠷ  ᠬᠠᠶᠢᠷᠠᠯᠠᠵᠦ ᠲᠠᠯ᠎ᠠ ᠵᠠᠰᠠᠨ᠎ᠠ ᠃ ᠡᠵᠢ ᠶ᠋ᠢᠨ ᠮᠢᠨᠢ ᠬᠢᠭᠰᠡᠨ ᠬᠤᠷᠤᠳ ᠦᠨ ᠰᠢᠷᠬᠡᠭ ᠨᠢ ᠨᠢᠭᠲᠠ ᠂ ᠥᠩᠬᠡ ᠨᠢ ᠭᠦᠯᠲᠦᠭᠡᠨᠡᠮ᠎ᠡ ᠲᠤᠰᠤᠷᠬᠠᠭ ᠪᠠᠶᠢᠵᠦ ᠠᠮᠲᠠᠯᠠᠭᠰᠠᠨ ᠪᠥᠬᠦᠨ ᠱᠠᠭᠰᠢᠨ ᠮᠠᠭᠲᠠᠳᠠᠭ ᠪᠠᠶᠢᠭᠰᠠᠨ ᠢ ᠪᠣᠳᠤᠪᠠᠯ ᠪᠠᠭ᠎ᠠ ᠳ᠋ᠥ ᠪᠠᠨ ᠪᠢ ᠠᠮᠲᠠᠲᠤ ᠬᠤᠷᠤᠳ ᠲᠠᠢ ᠬᠤᠪᠢ ᠪᠠᠷᠢᠯᠳᠤᠯᠭ᠎ᠠ ᠣᠨᠴᠠ ᠰᠠᠶᠢᠨ ᠪᠠᠶᠢᠭᠰᠠᠨ ᠠᠵᠤᠭᠤ ᠃
       ᠰᠡᠭᠦᠯ ᠦᠨ ᠵᠢᠯ ‍ᠤᠳ  ᠲᠦ ᠪᠢᠳᠡ ᠠᠮᠲᠠᠳᠤ ᠬᠤᠷᠤᠳ ᠢ ᠲᠠᠭ᠎ᠠ ᠳᠤᠷ᠎ᠠ ᠪᠠᠷ ᠢᠶᠡᠨ ᠣᠯᠵᠦ ᠢᠳᠡᠬᠦ ᠪᠠᠨ ᠪᠤᠯᠢᠭᠰᠠᠨ ᠃ ᠠᠪᠤ᠋ ᠮᠢᠨᠢ ᠳᠡᠩᠳᠡᠬᠦᠦ ᠡᠷᠲᠡ ᠳᠠᠯᠢᠢᠴᠢᠬᠠᠭᠰᠠᠨ ᠲᠤᠯᠠ ᠠᠮᠢᠳᠤᠷᠠᠯ ᠢᠶᠡᠨ ᠠᠷᠭᠠᠴᠠᠭᠠᠵᠦ ᠥᠷᠦᠪ ᠴᠦᠷᠦᠪ ᠳᠦᠷᠪᠡᠨ ᠬᠡᠦᠬᠡᠳ ᠢᠶ᠋ᠡᠨ ᠮᠦᠷᠦ ᠪᠦᠲᠦᠨ ᠶᠠᠪᠤᠭᠤᠯᠵᠦ ᠂ ᠬᠦᠮᠦᠨ ᠲᠠᠢ ᠠᠳᠠᠯᠢ ᠪᠢᠴᠢᠭ ᠦᠵᠡᠭᠦᠯᠬᠦ ᠶ᠋ᠢᠨ ᠲᠦᠯᠦᠭᠡ ᠡᠵᠢ ᠮᠢᠨᠢ ᠬᠢᠭᠰᠡᠨ ᠬᠤᠷᠤᠳ ᠢᠶᠡᠨ ᠲᠠᠪᠤ᠋ ᠠᠷᠪᠠ ᠪᠤᠯᠭᠠᠭᠠᠳ ᠲᠠᠯ᠎ᠠ ᠶ᠋ᠢᠨ ᠠᠶᠢᠯ ᠤᠨ ᠴᠤᠭᠯᠠᠭ᠎ᠠ ᠮᠠᠶᠢᠮᠠᠢ ᠳᠡᠭᠡᠷ᠎ᠡ ᠠᠪᠠᠴᠢᠵᠦ ᠬᠤᠳᠠᠯᠳᠣᠳᠠᠭ ᠪᠤᠯᠪᠠ ᠃ ᠠᠳᠠᠯᠢᠬᠠᠨ ᠬᠤᠷᠤᠳ ᠰᠦ ᠬᠤᠳᠠᠯᠳᠣᠳᠠᠭ ᠬᠦᠮᠦᠨ ᠵᠥᠩᠳᠡᠭᠡᠨ ᠪᠠᠶᠢᠭᠰᠠᠨ ᠴᠦ ᠬᠦᠮᠦᠰ ᠡᠵᠢ ᠶ᠋ᠢᠨ ᠮᠢᠨᠢ ᠬᠤᠷᠤᠳ  ᠲᠦ ᠯᠠ ᠦᠨᠳᠦᠷ ᠦᠨ᠎ᠡ ᠥᠭᠴᠦ ᠦᠷᠢᠰᠦᠨ ᠠᠪᠴᠠᠭᠠᠵᠦ ᠪᠠᠶᠢᠭᠰᠠᠨ ᠨᠢ ᠲᠡᠳᠡ ᠪᠦᠬᠦᠨ ᠤ ᠥᠷᠦᠪᠴᠢ ᠰᠡᠳᠬᠢᠯ ᠦᠨ ᠬᠠᠭᠠᠯᠭ᠎ᠠ ᠨᠡᠭᠡᠭᠡᠭᠳᠡᠭᠰᠡᠨ ᠳ᠋ᠥ ᠪᠠᠨ ᠪᠢᠰᠢ ᠂ ᠬᠠᠷᠢᠨ ᠬᠤᠪᠲᠤᠯ ᠳ᠋ᠥ ᠰᠢᠩᠭᠡᠮ᠎ᠡ ᠬᠤᠷᠤᠳ ᠤᠨ ᠠᠮᠲᠠᠨ ᠡᠴᠠ ᠪᠣᠯᠤᠭᠰᠠᠨ ᠭᠡᠵᠦ ᠪᠢ ᠳᠠᠩᠳᠠ ᠪᠤᠳᠤᠳᠠᠭ ᠪᠠᠶᠢᠭᠰᠠᠨ ᠃
       ᠰᠢᠨ᠎ᠡ ᠵᠠᠭᠤᠨ ᠤ ᠡᠬᠢ ᠪᠠᠷ ᠦᠬᠢᠨ ᠳᠡᠭᠦᠦ ᠪᠢᠳᠡ ᠬᠤᠶᠠᠭᠤᠯᠠ ᠬᠤᠶᠢᠨ᠎ᠠ ᠡᠮᠦᠨ᠎ᠡ ᠭᠡᠷᠯᠡᠵᠦ ᠂ ᠬᠤᠶᠢᠲᠤ ᠤᠷᠢᠲᠤ ᠲᠠᠯ᠎ᠠ ᠶ᠋ᠢᠨ ᠠᠶᠢᠯ ᠳ᠋ᠥ ᠮᠣᠷᠳᠠᠴᠢᠬᠠᠭᠠᠳ ᠳᠠᠩᠳᠠ ᠲᠥᠷᠬᠦᠮ ᠰᠠᠨᠠᠬᠤ ᠶ᠋ᠢᠨ ᠵᠡᠷᠭᠡ ᠪᠠᠷ ᠰᠦ ᠬᠤᠷᠤᠳ ᠢᠶᠡᠨ ᠰᠠᠨᠠᠳᠠᠭ ᠳᠦᠷᠰᠦᠭᠦᠢ ᠬᠤᠶᠠᠷ ᠠᠪᠠᠭᠠᠢ ᠪᠤᠯᠵᠠᠢ ᠃ ᠵᠤᠨ ᠤ ᠤᠯᠠᠷᠢᠯ ᠢᠶᠠᠷ ᠲᠥᠷᠬᠦᠮᠴᠢᠯᠡᠪᠡᠯ ᠬᠠᠷᠢᠵᠦ ᠢᠷᠡᠬᠦ ᠭᠡᠳ ᠶᠠᠭᠤᠮ᠎ᠠ ᠬᠡᠦᠮ᠎ᠡ ᠪᠠᠨ ᠲᠦᠬᠦᠭᠡᠷᠴᠦ ᠡᠬᠢᠯᠡᠮᠡᠭᠴᠡ ᠪᠢᠳᠡ ᠬᠤᠷᠤᠳ ᠲᠣᠰᠣ ᠂ ᠵᠥᠭᠡᠬᠡᠢ ᠴᠦᠴᠦᠭᠡᠢ ᠰᠠᠪᠠᠯᠠᠵᠦ ᠶᠠᠭᠠᠷᠠᠨ᠎ᠠ  ᠃ ᠬᠤᠶᠠᠭᠤᠯᠠ ᠪᠠᠨ ᠴᠤᠭ ᠣᠴᠢᠭᠰᠠᠨ ᠲᠠᠭᠠᠷᠠᠪᠠᠯ ᠪᠠᠷᠤᠭ ᠪᠡᠯᠡᠨ ᠪᠠᠶᠢᠬᠤ ᠶ᠋ᠢ ᠨᠢ ᠪᠦᠬᠦᠨ ᠢ ᠬᠠᠮᠦᠵᠦ ᠴᠥᠯᠪᠡᠴᠢᠬᠡᠭᠡᠳ ᠄ 《 ᠪᠢᠳᠡ ᠶᠠᠭ ᠳᠡᠭᠡᠷᠡᠮ ᠲᠤᠨᠤᠭ᠎ᠠ ᠪᠠᠭᠤᠭᠰᠠᠨ ᠠᠳᠠᠯᠢ 》 ᠭᠡᠵᠦ ᠬᠥᠭᠡᠷᠦᠯᠳᠦᠬᠦ ᠳ᠋ᠥ ᠡᠵᠢ ᠮᠢᠨᠢ ᠮᠦᠨ ᠥᠭᠬᠦ ᠶᠣᠰᠣᠲᠠᠢ ᠪᠠᠨ ᠦᠭᠴᠦ ᠠᠮᠠᠷᠠᠭᠰᠠᠨ ᠬᠦᠮᠦᠨ ᠪᠤᠯᠵᠦ ᠰᠡᠳᠬᠢᠯ ᠬᠠᠨᠣᠮᠵᠢᠲᠠᠢ ᠮᠠᠨ ‍ᠢ ᠳᠠᠭᠠᠵᠦ  ᠮᠦᠰᠢᠶᠡᠨ᠎ᠡ ᠃
       ᠡᠮᠦᠨ᠎ᠡ ᠬᠡᠳᠦᠨ ᠵᠢᠯ ᠡᠴᠡ ᠡᠬᠢᠯᠡᠭᠡᠳ ᠮᠠᠨ ᠤ ᠨᠤᠲᠤᠭ  ᠲᠦ ᠵᠤᠨᠵᠢᠨ ᠬᠤᠷ᠎ᠠ ᠪᠣᠷᠣᠭᠠᠨ ᠤ ᠪᠠᠷ᠎ᠠ ᠲᠠᠰᠤᠷᠠᠵᠤ ᠲᠠᠡᠭᠳᠠ ᠭᠠᠡᠭᠳᠠᠳᠠᠭ ᠪᠣᠯᠪᠠ ᠃ ᠡᠭᠦᠨ ᠢ ᠳᠠᠭᠠᠯᠲᠤᠵᠦ ᠪᠤᠲᠠ ᠪᠤᠷᠭᠠᠰᠣᠨ ᠤ ᠤᠷᠭᠤᠴᠠ ᠮᠠᠭᠤᠲᠠᠵᠦ  ᠪᠡᠯᠴᠢᠭᠡᠷ ᠬᠠᠲᠠᠵᠦ ᠂ ᠮᠦᠨ ᠲᠡᠬᠦᠨ ᠢ ᠨᠢ ᠳᠠᠭᠠᠯᠳᠤᠵᠦ ᠮᠠᠯ ᠡᠴᠡᠵᠦ ᠰᠠᠭᠠᠯᠢ ᠲᠠᠳᠠᠭᠤᠷᠠᠵᠦ ᠁ ᠬᠠᠶᠠ ᠨᠢᠭᠡ ᠬᠥᠷᠦᠭᠡᠳ ᠣᠴᠢᠬᠤ  ᠪᠠᠷ ᠡᠵᠢ ᠮᠢᠨᠢ ᠶᠠᠭᠤᠨ ᠤ ᠤᠷᠢᠳ ᠄ 《 ᠡᠨᠡ ᠤᠳᠠᠭ᠎ᠠ ᠲᠠᠨ ᠳ᠋ᠥ ᠠᠷᠪᠢᠨ ᠥᠭᠴᠦ ᠳᠡᠶᠢᠯᠬᠦ ᠦᠭᠡᠢ ᠂ ᠭᠡᠷ ᠭᠡᠷ  ᠲᠦ ᠬᠣᠶᠠᠷᠬᠠᠨ ᠬᠡᠰᠡᠭ ᠁ 》 ᠭᠡᠳᠡᠭ ᠪᠠᠶᠢᠭᠰᠠᠨ ᠡᠴᠠ ᠪᠠᠨ ᠰᠡᠭᠦᠯ ᠳ᠋ᠥ ᠨᠢ 《 ᠭᠡᠷ ᠭᠡᠷ  ᠲᠦ ᠨᠢᠭᠡᠬᠡᠨ ᠬᠡᠰᠡᠭ ᠁ 》 ᠭᠡᠵᠦ ᠠᠷᠭ᠎ᠠ ᠶᠠᠳᠠᠭᠰᠠᠨ ᠪᠠᠶᠢᠳᠠᠯ ᠲᠠᠢ ᠬᠡᠯᠡᠳᠡᠭ ᠪᠣᠯᠤᠭᠰᠠᠨ ᠃ ᠪᠦᠷ ᠰᠡᠭᠦᠯ ᠳ᠋ᠥ ᠨᠢ ᠦᠨᠢᠶ᠎ᠡ ᠲᠤᠭᠤᠯ ᠢᠶᠡᠨ ᠬᠠᠶᠢᠷᠠᠯᠠᠵᠦ  ᠨᠤᠲᠤᠭ ᠤᠨ ᠬᠦᠮᠦᠰ ᠤᠨ ᠣᠯᠠᠩᠬᠢ ᠨᠢ ᠰᠠᠭᠠᠯᠢ ᠢᠳᠡᠬᠦ ᠪᠠᠨ ᠪᠤᠯᠢᠴᠢᠬᠠᠭᠰᠠᠨ ᠣᠴᠢᠷ  ᠡᠴᠠ ᠪᠢᠳᠡᠨ ᠤ  《 ᠨᠢᠭᠡ ᠨᠢᠭᠡ ᠬᠡᠰᠡᠭ  》 ᠴᠦ  ᠠᠶᠠᠡᠳᠠᠭᠠᠨ ᠪᠠᠶᠢᠬᠤ ᠦᠭᠡᠢ ᠪᠣᠯᠴᠢᠬᠠᠯ᠎ᠠ ᠁
    ᠬᠤᠳᠠᠯᠳᠤᠭᠠᠨ ᠤ ᠬᠤᠷᠤᠳ  ᠲᠦ ᠦᠯ ᠵᠢᠭᠠᠬᠠᠨ ᠳᠠᠷᠤᠭᠳᠠᠳᠠᠭ ᠴᠦ ᠡᠵᠢ ᠶ᠋ᠢᠨ ᠮᠢᠨᠢ ᠨᠤᠬᠤᠵᠦ ᠳᠠᠷᠤᠵᠦ ᠬᠡᠪᠯᠡᠭᠰᠡᠨ ᠬᠤᠷᠤᠳ ᠤᠨ ᠠᠮᠲᠠ ᠲᠡᠰᠭᠡᠯ ᠦᠭᠡᠢ ᠡᠷᠢᠭᠳᠡᠭᠡᠳ ᠪᠠᠶᠢᠬᠤ ᠶ᠋ᠢ ᠶᠠᠭᠠᠬᠢᠨ᠎ᠠ ᠃ ᠲᠡᠶᠢᠨ ᠬᠦ ᠪᠢ ᠬᠡᠳᠦᠨ ᠡᠳᠦᠷ ᠦᠨ ᠡᠮᠦᠨ᠎ᠡ ᠰᠤᠨᠤᠰᠤᠭᠰᠠᠨ 《 ᠡᠨᠡ ᠵᠢᠯ ᠢᠯᠡᠭᠦᠦ ᠬᠡᠳᠦ ᠤᠳᠠᠭ᠎ᠠ ᠪᠣᠷᠤᠭᠠᠨ ᠤᠷᠤᠭᠰᠠᠨ ᠡᠴᠠ ᠮᠠᠨ ‍ᠤ ᠲᠡᠡᠳᠡᠬᠢ ᠪᠡᠯᠴᠢᠭᠡᠷ ᠡᠪᠡᠰᠦ ᠬᠠᠷᠢᠴᠠᠩᠭᠤᠢ ᠰᠠᠶᠢᠨ ᠪᠠᠶᠢᠨ᠎ᠠ 》 ᠭᠡᠳᠡᠭ ᠦᠭᠡ ᠶ᠋ᠢ ᠮᠦᠷᠲᠡᠨ ᠂ ᠨᠢᠭᠡᠨ ᠪᠡᠷᠬᠡ ᠶ᠋ᠢᠨ ᠠᠶᠢᠯ ᠳ᠋ᠥ ᠬᠠᠷᠢᠯᠴᠠᠭ᠎ᠠ ᠦᠭᠡᠢ ᠤᠳᠠᠭᠰᠠᠨ ᠰᠠᠳᠤᠨ ᠢᠶᠡᠨ ᠡᠷᠭᠢᠵᠦ ᠦᠵᠡᠬᠦ ᠪᠠᠷ ᠬᠦᠷᠦᠭᠡᠳ ᠣᠴᠢᠯ᠎ᠠ ᠃ ᠰᠠᠳᠤᠨ ᠤ ᠬᠢᠨ ᠮᠠᠨᠢ ᠶᠡᠬᠡᠳᠡ ᠪᠠᠶᠠᠷᠯᠠᠵᠦ ᠂ ᠣᠷᠤᠮᠠᠭᠴᠠ ᠬᠤᠷᠤᠳ ᠴᠠᠭ᠎ᠠ ᠪᠠᠷ ᠳᠠᠶᠢᠯᠠᠵᠦ ᠭᠠᠷᠤᠭᠰᠠᠨ ᠃ ᠲᠡᠳᠡᠨ ᠤ ᠬᠢ ᠤᠳᠤᠮᠲᠤ ᠮᠠᠯ ᠲᠠᠢ ᠂ ᠤᠷᠠᠨ ᠭᠠᠷ ᠲᠠᠢ ᠭᠡᠵᠦ ᠬᠠᠪᠢ ᠲᠥᠰᠦᠷ  ᠲᠦ ᠪᠠᠨ ᠠᠯᠳᠠᠷ ᠲᠠᠢ ᠶᠤᠮ ᠴᠢᠨᠢ ᠬᠤᠷᠤᠳ ᠤᠨ ᠬᠢᠨᠢ ᠠᠮᠲᠠ ᠴᠦ ᠭᠡᠵᠦ ᠬᠡᠯᠡᠨ᠎ᠡ ‍ᠦᠦ ᠳ᠋ᠠ ! ᠶᠠᠷᠢᠯᠴᠠᠭᠠᠨ ᠳᠤᠮᠳᠠ ᠪᠠᠨ ᠪᠢ ᠲᠡᠳᠡᠨ ᠤ ᠬᠢᠨ ᠨᠢᠭᠡ ᠬᠡᠰᠡᠭ ᠬᠤᠷᠤᠳ ᠢᠶᠡᠨ ᠲᠠᠪᠢ ᠵᠢᠷᠠᠨ ᠲᠥᠭᠦᠷᠢᠭ ᠢᠶ᠋ᠡᠷ ᠬᠠᠩᠰᠢᠯᠠᠵᠦ ᠪᠤᠰᠤᠳ ᠲᠣ ᠲᠠᠯ᠎ᠠ ᠬᠦᠷᠭᠡᠬᠦ ᠭᠡᠵᠦ ᠡᠷᠢᠵᠦ ᠢᠷᠡᠳᠡᠭ ᠬᠦᠮᠦᠰ  ᠦᠷᠭᠦᠯᠵᠢ ᠬᠠᠩᠭᠠᠳᠠᠭ ᠢ ᠣᠯᠵᠦ ᠮᠡᠳᠡᠪᠡ ᠃ ᠶᠣᠰᠤᠲᠠᠢ ᠯᠠ 《 ᠡᠳ᠋ ᠬᠤᠪᠤᠷ  ᠲᠦ ᠪᠠᠨ ᠦᠨᠡᠲᠡᠢ 》 ᠭᠡᠳᠡᠭ ᠡᠨᠡ ᠪᠢᠵᠡ !  ᠪᠤᠴᠠᠬᠤ ᠳ᠋ᠥ ᠪᠠᠨ ᠪᠢ  ᠪᠠᠰᠠ ᠠᠬ᠎ᠠ  ᠂ ᠡᠭᠡᠴᠢ ᠳᠡᠭᠦᠦ ᠨᠠᠷ  ᠲᠦ ᠪᠠᠨ ᠪᠡᠯᠡᠭ ᠪᠤᠯᠭᠠᠶ᠎ᠠ ᠭᠡᠵᠦ ᠠᠷᠪᠠᠨ ᠬᠡᠰᠡᠭ ᠬᠤᠷᠤᠳ ᠬᠤᠳᠠᠯᠳᠣᠨ ᠠᠪᠤᠭᠰᠠᠨ ᠪᠤᠯᠪᠠᠴᠦ ᠵᠠᠭᠤᠲᠤ ᠶ᠋ᠢᠨ ᠳᠡᠪᠢᠰᠭᠡᠷᠲᠦ ᠪᠠᠨ ᠲᠠᠪᠤ᠋ ᠶ᠋ᠢ ᠰᠤᠭᠤᠯᠵᠦ ᠭᠠᠷᠳᠠᠭᠤᠯᠬᠤ ᠦᠶ᠎ᠡ ᠳ᠋ᠦ ᠪᠠᠨ ᠲᠤᠳᠤᠷ᠎ᠠ 《 ᠰᠢᠷ 》 ᠬᠢᠬᠦ ᠰᠢᠭ ᠪᠤᠯᠤᠭᠰᠠᠨ ᠢ ᠨᠢᠭᠤᠬᠤ ᠬᠡᠷᠡᠭ ᠶᠠᠭᠤ ᠪᠢᠯᠡ ᠃
      ᠠᠢ ᠂ ᠡᠳᠦᠷ ᠡᠴᠡ ᠡᠳᠦᠷ ᠬᠣᠯᠠᠳᠠᠭᠰᠠᠨ ᠂ ᠦᠰᠴᠦ ᠪᠣᠶᠢᠵᠢᠭᠰᠠᠨ ᠪᠠᠭ᠎ᠠ ᠨᠠᠰᠤᠨ ᠳ᠋ᠥ ᠮᠢᠨᠢ ᠥᠯ ᠰᠢᠮ᠎ᠡ ᠬᠠᠩᠭᠠᠭᠰᠠᠨ ᠂ ᠦᠭᠡᠳᠡᠯᠡᠬᠦ ᠪᠠᠷ ᠵᠢᠳᠭᠦᠭᠰᠡᠨ ᠬᠠᠲᠠᠭᠤᠬᠠᠨ ᠠᠮᠢᠳᠤᠷᠠᠯ ᠳ᠋ᠥ ᠮᠢᠨᠢ ᠠᠴᠢ ᠬᠡᠰᠢᠭ ᠢᠶ᠋ᠡᠨ ᠬᠦᠷᠲᠡᠭᠡᠭᠰᠡᠨ ᠡᠵᠢ ᠶ᠋ᠢᠨ ᠬᠢᠭᠰᠡᠨ ᠬᠤᠷᠤᠳ ‍ᠢ ᠪᠢ ᠤᠳᠤ ᠲᠠᠡᠭᠳᠠ ᠵᠡᠬᠦᠳᠦᠨ ᠳ᠋ᠥ ᠪᠠᠨ ᠯᠠ ᠤᠯᠵᠤ ᠲᠠᠮᠰᠢᠶᠠᠯᠠᠬᠤ ᠪᠣᠯᠣᠭᠰᠠᠨ ᠴᠦ ᠶᠤᠮ ᠪᠣᠯᠪᠠ ‍ᠦᠦ ?     (ᠪ  · ᠮᠥᠴᠢᠷ)
ᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ