ᠬᠠᠯᠳᠠᠷ

ᠣᠩᠰᠢᠭᠰᠠᠨ ᠤᠳᠠᠭ᠎ᠠ ᠄ 7677     ᠨᠡᠶᠢᠳᠡᠯᠡᠭᠰᠡᠨ ᠴᠠᠭ ᠄ 2016/4/26 15:53:03

ᠨᠢᠭᠡ

     ᠸᠠᠭᠠᠷ ᠳᠣᠭᠣᠰᠬᠠᠨ ᠪᠦᠳᠦᠴᠠ ᠲᠠᠢ ᠰᠢᠨ᠎ᠠ ᠮᠠᠶ᠋ᠢᠭ ᠤᠨ  ᠰᠦᠷᠯᠢᠭ ᠳᠣᠬᠢᠯᠢᠬ ᠳᠣᠮᠣ ᠪᠠᠶᠢᠰᠢᠩ  ᠦᠨ ᠨᠦᠮᠦᠷᠢ ᠳᠠᠯ᠎ᠠ ᠳ᠋ᠤ ᠬᠦᠵᠦᠬᠦᠨ ᠳ᠋ᠤ ᠪᠠᠨ ᠳᠠᠮᠣᠷ ᠬᠢᠨᠵᠢ ᠲᠠᠢ ᠬᠠᠯᠳᠠᠷ ᠨᠣᠬᠠᠢ ᠨᠢᠳᠣ ᠪᠠᠨ ᠡᠷᠬᠦᠵᠣ ᠳᠠᠭᠠᠭᠠᠬᠤ ᠦᠭᠡᠢ ᠭᠡᠮᠡᠷ ᠭᠡᠪᠳᠡᠬᠦ ᠨᠢ ᠬᠠᠯᠠᠭᠣᠨ ᠨᠠᠷᠠᠨ ᠳ᠋ᠤ ᠨᠤᠶᠢᠷᠮᠤᠭᠯᠠᠵᠤ   ᠪᠠᠶᠢᠭ᠎ᠠ ᠶ᠋ᠢᠨ ᠣᠴᠢᠷ ᠪᠢᠰᠢ ᠂ ᠬᠠᠷᠢᠨ ᠬᠣᠭᠣᠯᠠ ᠣᠮᠳᠠ ᠦᠭᠡᠢ ᠬᠣᠶᠠᠷ ᠬᠣᠨᠣᠭ ᠪᠣᠯᠣᠭᠰᠠᠨ ᠤ ᠬᠢᠨᠢ ᠣᠴᠢᠷ ᠡᠨᠡ ᠪᠠᠢᠵᠠᠢ ᠃
      ᠭᠡᠷ ᠳᠣᠳᠣᠷ᠎ᠠ ᠡᠴᠠ ᠫᠠᠷᠬᠢᠯ ᠪᠦᠳᠦᠬᠦᠨ ᠬᠣᠭᠣᠯᠠᠢ ᠲᠠᠢ ᠡᠵᠡᠨ ᠤ ᠬᠢᠨᠢ ᠭᠡᠨ ᠨᠢᠭᠡᠨ ᠲᠠᠢ ᠶᠠᠷᠢᠯᠴᠠᠨ ᠬᠦᠭᠡᠷᠦᠯᠳᠦᠬᠦ ᠪᠠ ᠬᠠᠶᠠ ᠬᠠᠶᠠ ᠬᠣᠨᠳᠠᠭ᠎ᠠ ᠠᠶᠠᠭ᠎ᠠ ᠮᠦᠷᠬᠦᠯᠳᠣᠵᠣ ᠬᠠᠡᠭᠬᠢᠨᠠᠬᠣ ᠳᠠᠭᠣᠨ ᠬᠢᠭᠡᠳ ᠮᠢᠬ᠎ᠠ ᠵᠠᠭᠣᠰᠢ ᠶ᠋ᠢᠨ ᠠᠡᠭᠬᠢᠯᠣᠮ᠎ᠠ ᠰᠣᠳᠣᠨ ᠦᠨᠦᠷ ᠲᠤ ᠭᠠᠳᠠᠨ᠎ᠠ ᠴᠣᠡᠭᠬᠣᠨ ᠣᠭ ᠲᠤ ᠠᠷᠭᠠᠮᠵᠢᠶ᠎ᠠ ᠲᠠᠢ ᠬᠠᠯᠳᠠᠷ ᠤᠨ ᠦᠯᠦᠨ ᠭᠡᠳᠡᠰᠣ ᠨᠢ ᠣᠯᠠᠮ ᠬᠣᠷᠴᠢᠬᠢᠨᠠᠨ ᠭᠣᠡᠭᠬᠢᠨᠠᠵᠣ ᠠᠷᠭ᠎ᠠ ᠠᠭᠠᠰᠢ ᠶ᠋ᠢ ᠨᠢ ᠠᠯᠳᠠᠷᠠᠭᠣᠯᠣᠨ᠎ᠠ ᠃
      ᠠᠢ ᠂ ᠨᠢᠭᠡ ᠪᠣᠳᠣᠪᠠᠯ ᠡᠨᠡ ᠬᠦ ᠦᠯᠦᠰᠴᠣ ᠦᠯᠪᠡᠷᠡᠬᠦ ᠶᠠᠯᠠᠳᠠᠯ ᠢ ᠪᠦᠷ ᠦᠪᠡᠷ ᠢᠶᠡᠨ  ᠣᠯᠣᠭᠰᠠᠨ ᠭᠡᠵᠣ ᠭᠡᠯᠡᠵᠣ ᠪᠣᠯᠣᠮᠠᠷ  ᠡ ᠃ ᠡᠮᠦᠨ᠎ᠠ ᠭᠡᠳᠣᠨ ᠡᠳᠣᠷ ᠡᠵᠡᠨ ᠤ ᠴᠢᠷᠦᠯᠭᠡ ᠪᠠᠷ ᠰᠦᠨᠢ ᠶ᠋ᠢᠨ ᠠᠡᠭ ᠤᠨ ᠭᠠᠷᠬᠣ ᠳ᠋ᠤ ᠪᠠᠨ ᠪᠢᠴᠢᠬᠠᠨ ᠪᠦᠵᠦᠡᠭ ᠳᠠᠣᠯᠠᠢ ᠶ᠋ᠢ ᠰᠠᠪᠠᠷᠳᠠᠵᠣ ᠠᠪᠴᠢᠬᠠᠭᠠᠳ ᠡᠴᠣᠰ ᠲᠤ ᠳᠠᠯᠪᠢᠵᠣ ᠶᠠᠪᠣᠭᠣᠯᠣᠭᠰᠠᠨ ᠤ ᠶᠠᠷᠰᠢᠭ ᠡᠴᠠ ᠪᠣᠯᠣᠭᠰᠠᠨ ᠭᠡᠳᠡᠭ  ‍ᠢ ᠬᠠᠯᠳᠠᠷ ᠳᠣᠳᠣᠷ᠎ᠠ ᠪᠠᠨ ᠲᠣᠳᠣᠷᠬᠠᠢ ᠮᠠᠳᠠᠵᠣ ᠪᠠᠢᠨ᠎ᠠ ᠃ ᠭᠡᠪᠡᠴᠣ ᠶᠠᠭᠠᠬᠢᠪᠠ    ᠦᠨᠦ ᠳᠠᠣᠯᠠᠢ ᠡᠭᠡ ᠨᠢ ᠬᠠᠵᠠᠭᠣᠳᠠᠬᠢ ᠪᠣᠳᠠᠨ ᠡᠴᠠ ᠣᠬᠢᠯᠠᠵᠣ ᠭᠠᠰᠠᠯᠤᠨ ᠄ 《 ᠬᠠᠯᠳᠠᠷ ᠡᠪᠦᠭᠡ ᠡ ᠂ ᠳᠠᠨ ᠢ ᠭᠣᠶᠣᠶ᠎ᠠ ᠃ ᠡᠮᠦᠨ᠎ᠠ ᠰᠦᠨᠢ ᠭᠡᠳᠣᠨ ᠮᠣᠲ᠋ᠣᠷ ᠲᠠᠢ  ᠡᠷᠯᠢᠭ ᠠᠮᠢᠳᠠᠳ ᠢᠷᠡᠵᠣ ᠡᠪᠦᠭᠡᠨ ᠪᠣᠯᠣᠨ ᠶᠡᠭᠡ ᠬᠦᠦ ᠶ᠋ᠢ ᠮᠢᠨᠢ ᠦᠵᠠᠵᠣ ᠪᠠᠢᠳᠠᠯ᠎ᠠ ᠮᠣᠲ᠋ᠣᠷ ᠤᠨ ᠡᠮᠦᠨ᠎ᠠ ᠬᠦᠷᠳᠣ ᠪᠠᠷ ᠢᠶᠡᠨ ᠨᠢᠷᠣᠭᠣ ᠶ᠋ᠢ ᠨᠢ ᠨᠢᠴᠠᠯᠵᠤ ᠨᠢᠳᠣ ᠶ᠋ᠢ ᠨᠢ ᠪᠦᠯᠲᠡᠷᠡᠲᠡᠯ᠎ᠡ   ᠳᠠᠭᠠᠷᠢᠭᠤᠯᠤᠨ  ᠪᠠᠶᠢᠵᠦ ᠠᠯᠠᠭᠠᠳ ᠠᠷᠢᠬᠢᠨ ᠵᠠᠭᠣᠰᠢ ᠬᠢᠬᠦ ᠭᠡᠮᠡᠨ ᠭᠡᠯᠡᠯᠴᠡᠭᠰᠡᠭᠡᠷ ᠠᠷᠢᠯᠵᠣ ᠣᠳᠣᠭᠰᠠᠨ ᠶᠣᠮ ᠃ ᠣᠳᠣ ᠮᠢᠨᠣ ᠡᠨᠡ ᠬᠦ ᠦᠷ᠎ᠠ ᠶ᠋ᠢᠨ ᠭᠠᠭᠴᠠ ᠦᠬᠢᠨ ᠢ ᠮᠢᠨᠢ ᠵᠢᠭᠠᠬᠠᠨ  ᠴᠦ ᠭᠡᠰᠡᠨ ᠦᠷᠦᠰᠢᠶᠠᠠ  ᠬᠠᠶᠢᠷᠠᠯᠠᠭᠠᠴᠢ᠂ ᠡᠰᠡᠬᠦᠯ᠎ᠠ ᠭᠡᠦᠭᠡᠨ ᠢ ᠮᠢᠨᠢ ᠳᠠᠯᠪᠢᠵᠣ ᠨᠠᠮ᠎ᠠ ᠶ᠋ᠢ ᠣᠷᠣᠨ ᠳ᠋ᠤ ᠨᠢ ᠪᠠᠷᠢᠵᠣ ᠡᠵᠡᠨ ᠳ᠋ᠤ ᠪᠠᠨ ᠳᠣᠰᠢᠶᠠᠴᠢᠬ᠎ᠠ ᠂  ᠬᠠᠯᠳᠠᠷ ᠡᠪᠦᠭᠡ ᠡ ᠂ ᠪᠢ ᠴᠢᠮ᠎ᠠ ᠶ᠋ᠢ ᠭᠣᠶᠣᠶ᠎ᠠ ᠃ ᠬᠣᠷᠳᠣᠨ ᠳᠠᠯᠪᠢᠬᠣ ᠦᠭᠡᠢ ᠪᠣᠯ ᠳᠡᠳᠡᠭᠡᠷ ᠮᠣᠲ᠋ᠣᠷ ᠵᠠᠶᠢᠲᠠᠯᠠᠭᠰᠠᠨ ᠠᠮᠢᠳᠠᠳ ᠢᠷᠡᠪᠡᠯ ᠪᠢᠳᠠ ᠠᠯᠢ ᠨᠢ  ᠴᠦ ᠮᠣᠯᠳᠣᠷᠠᠵᠣ ᠳᠠᠢᠯᠬᠦ ᠦᠭᠡᠢ ᠰᠢᠣ ᠃ 》
      ᠬᠠᠯᠳᠠᠷ ᠤᠨ ᠬᠠᠳᠠᠭᠣ ᠭᠣᠬᠢᠷ ᠬᠢᠮᠣᠰᠣ ᠲᠠᠢ ᠰᠠᠪᠠᠷ ᠶᠠᠭᠠᠬᠢᠵᠣ ᠰᠣᠯᠠᠷᠠᠭᠰᠠᠨ ᠢᠶᠡᠨ ᠦᠪᠡᠷ ᠢᠶᠡᠨ  ᠴᠦ ᠮᠡᠳᠡᠭᠰᠡᠨ ᠦᠭᠡᠢ ᠃ ᠨᠢᠭᠡ ᠮᠡᠳᠡᠬᠦ ᠳ᠋ᠤ 《ᠡᠭᠡ ᠦᠬᠢᠨ 》 ᠬᠣᠶᠠᠷ ᠳᠠᠣᠯᠠᠢ ᠪᠣᠳᠠᠨ ᠤ ᠴᠠᠭᠠᠨ᠎ᠠ ᠡᠴᠠ ᠭᠣᠬᠢᠯᠵᠠᠨ ᠮᠦᠷᠬᠦᠬᠦ ᠰᠢᠭ ᠪᠣᠯᠵᠣ ᠂ ᠤᠭᠤᠬᠢᠯᠠᠵᠤ ᠠᠭᠠᠬᠢᠯᠠᠭᠰᠠᠨ ᠮᠣᠲ᠋ᠣᠷ ᠤᠨ  ᠲᠠᠭᠣᠨ ᠳ᠋ᠤ ᠰᠣᠴᠢᠨ ᠭᠡᠯᠮᠡᠭᠳᠡᠬᠦ ᠳ᠋ᠤ ᠪᠠᠨ ᠬᠠᠷᠭᠠᠨ᠎ᠠ ᠶ᠋ᠢᠨ ᠪᠣᠳᠠᠨ ᠤ ᠬᠠᠷᠠᠡᠭᠭᠣᠢ ᠰᠠᠬᠦᠳᠠᠷ ᠢᠶᠠᠷ ᠳᠠᠯᠳᠠ ᠣᠷᠣᠵᠣ ᠣᠴᠢᠭᠰᠠᠨ ᠪᠠᠢᠪᠠ ᠃
      ᠬᠠᠯᠳᠠᠷ ᠢ ᠪᠠᠶ᠎ᠠ ᠡᠷᠬᠢᠬᠦ ᠳ᠋ᠤ ᠮᠣᠲ᠋ᠣᠷ ᠤᠨ ᠬᠣᠷᠴᠠ ᠳ᠋ᠸᠡᠭ ᠤᠨ ᠬᠡᠷᠡᠯ ᠶᠠᠭ ᠳᠠᠬᠦᠨ ᠢ ᠬᠠᠷᠠᠴᠠ ᠬᠠᠯᠢᠷᠠᠳᠠᠯ᠎ᠠ  ᠬᠡᠶᠢᠬᠦᠯᠵᠦ ᠪᠠᠢᠭᠰᠠᠨ ᠢᠶᠡᠨ ᠭᠡᠨᠡᠳᠳᠠ ᠡᠵᠡᠨ ᠤ ᠬᠢᠨᠢ ᠳᠣᠮᠣ ᠭᠣᠳᠣᠯ  ᠨᠠᠶᠢᠷ ᠦᠭᠡᠢ ᠳᠠᠬᠦᠨ ᠤ ᠦᠯᠦᠨ ᠭᠡᠳᠡᠰᠣ ᠡᠪᠴᠢᠬᠦᠨ ᠤ ᠳᠣᠮᠳᠠ ᠨᠢ ᠳᠣᠰᠴᠣ ᠬᠠᠯᠳᠠᠷ ᠶᠠᠭᠣ ᠬᠠᠢ ᠪᠠᠨ ᠮᠠᠳᠠᠯ ᠦᠭᠡᠢ ᠭᠡᠢ ᠳᠡᠭᠡᠷ᠎ᠠ ᠭᠡᠳᠣ ᠡᠷᠬᠢᠯᠳᠣᠵᠣ ᠪᠣᠳᠠᠨ ᠤ ᠴᠠᠭᠠᠨ᠎ᠠ ᠪᠦᠮᠪᠦᠷᠢᠨ ᠣᠨᠠᠵᠠᠢ ᠃
      ᠵᠣᠯ ᠢᠶᠠᠷ ᠴᠠᠭᠠᠨ᠎ᠠ ᠨᠢ ᠵᠦᠭᠡᠯᠡᠨ ᠴᠠᠭᠠᠨ ᠮᠠᠡᠭᠬ᠎ᠠ   ᠪᠠᠶᠢᠭᠰᠠᠨ ᠳ᠋ᠤ ᠪᠠᠨ  ᠠᠷᠠᠢ ᠰᠢᠷᠬ᠎ᠠ ᠭᠡᠮ ᠦᠭᠡᠢ ᠦᠯᠡᠳᠡᠵᠡᠢ ᠃
      ᠬᠤᠶᠢᠨ᠎ᠠ ᠡᠴᠠ ᠨᠢ ᠡᠵᠡᠨ ᠤ ᠬᠢᠨᠢ 《 ᠼᠤᠤ ᠨᠢ ᠮᠠ ᠳ᠋ᠢ 》 ᠭᠡᠵᠣ ᠪᠠᠷᠬᠢᠯ ᠪᠦᠳᠦᠬᠦᠨ ᠬᠣᠭᠣᠯᠠᠢ ᠪᠠᠷ ᠳᠡᠬᠢᠨ ᠳᠠᠬᠢᠨ ᠵᠠᠡᠭᠳᠣᠷᠬᠣ ᠨᠢ ᠳᠠᠬᠦᠨ ᠳ᠋ᠤ ᠦᠯᠦ ᠤᠶᠢᠯᠠᠭᠠᠭᠳᠠᠵᠤ ᠰᠣᠨᠢᠨ ᠰᠠᠨᠠᠭᠳᠠᠨ  ᠪᠠᠢᠭᠰᠠᠨ  ᠴᠦ ᠳᠠᠷᠠ ᠪᠦᠬᠦᠨ ᠢ ᠬᠠᠮᠢᠶᠠᠷᠬᠣ ᠵᠠᠪ ᠦᠭᠡᠢ ᠨᠢᠭᠡᠯᠭᠡᠨ ᠠᠮᠢᠰᠬᠣᠭ᠎ᠠ ᠪᠠᠷ ᠭᠡᠷ ᠵᠦᠭ ᠢᠶᠡᠨ ᠬᠦᠶᠦᠵᠣ ᠢᠷᠡᠭᠰᠡᠨ ᠪᠠᠢᠵᠠᠢ ᠃
ᠣᠳᠣ ᠪᠣᠳᠣᠬᠣ ᠳ᠋ᠤ ᠲᠡᠷᠨ ᠬᠦ ᠰᠣᠨᠢᠨ ᠠᠶᠠᠯᠭᠣ ᠲᠠᠢ ᠦᠭᠡ ᠶ᠋ᠢ ᠦᠨᠦ ᠬᠢ ᠰᠢᠷ᠎ᠠ ᠭᠡᠵᠢᠭᠡᠳᠣ 《 ᠠᠮᠢᠳᠠᠨ 》 ᠡᠴᠠ ᠰᠣᠷᠣᠭᠰᠠᠨ ᠪᠠᠢᠵᠣ ᠮᠠᠳᠠᠨ᠎ᠠ ᠃
     ᠣᠷᠴᠢᠮ ᠮᠠᠨᠠᠢᠬᠢᠨ ᠳ᠋ᠤ ᠲᠡᠶᠢᠮᠦ  ᠬᠡᠯᠡ  ᠠᠶᠠᠯᠭᠤ ᠲᠠᠢ ᠰᠢᠷ᠎ᠠ ᠭᠡᠵᠢᠭᠡ ᠲᠠᠢ ᠠᠮᠢᠳᠠᠨ ᠡᠳᠣᠷ ᠰᠦᠨᠢ ᠶ᠋ᠢᠨ ᠴᠢᠯᠦᠭᠡ ᠵᠠᠪ ᠢᠶᠠᠷ ᠦᠷᠬᠦᠯᠵᠢ ᠡᠷᠬᠢᠴᠠᠬᠦ ᠪᠣᠯᠣᠭᠰᠠᠨ ᠨᠢ ᠰᠣᠨᠢᠷᠬᠠᠯᠳᠠᠢ ᠃ ᠦᠨᠣ ᠮᠠᠯᠠᠭᠡᠢ ᠬᠠᠷ᠎ᠠ ᠳᠡᠷᠭᠡ ᠨᠢ ᠬᠠᠰᠢᠶᠠᠨ ᠤ ᠬᠠᠵᠠᠭᠤ ᠳ᠋ᠥ ᠵᠣᠭᠰᠣᠵᠣ ᠂ ᠭᠡᠷ ᠳᠣᠳᠣᠷ᠎ᠠ ᠡᠴᠠ ᠲᠡᠷᠨ ᠬᠦ ᠮᠠᠡᠭᠬᠠᠨ ᠰᠢᠷ᠎ᠠ ᠵᠣᠷᠠᠮ᠎ᠠ ᠰᠢᠬ ᠬᠠᠶᠠ ᠬᠠᠶᠠ 《 ᠵᠢᠰ ᠵᠠᠰ 》 ᠢᠨᠢᠶᠠᠬᠦ ᠳᠠᠭᠣᠨ ᠰᠣᠨᠣᠰᠳᠠᠵᠣ ᠪᠠᠢᠬᠣ ᠪᠠᠷ ᠨᠢ ᠦᠨᠦ ᠰᠢᠷ᠎ᠠ ᠵᠣᠴᠢᠨ ᠨᠢ ᠢᠷᠡᠭᠰᠡᠨ ᠭᠡᠳᠡᠭ ᠨᠢ ᠢᠯᠠᠷᠭᠡᠢ ᠭᠡᠵᠣ ᠬᠠᠯᠳᠠᠷ ᠨᠢ ᠨᠤ᠋ ᠦᠭᠡᠢ ᠮᠠᠳᠠᠵᠣ  ᠪᠠᠶᠢᠯ᠎ᠠ ᠃
      ᠭᠡᠨᠡᠳᠳᠠ 《 ᠳᠦᠷ 》 ᠭᠢᠵᠣ ᠴᠣᠡᠭᠬᠣ ᠨᠡᠭᠡᠭᠡᠭᠳᠡᠨ ᠨᠢᠭᠡᠨ ᠱᠠᠭᠠᠵᠠᠩ ᠠᠷᠢᠬᠢᠨ ᠯᠣᠩᠬᠤ ᠰᠢᠳᠡᠭᠳᠡᠨ ᠭᠠᠷᠴᠣ ᠢᠷᠡᠭᠡᠳ ᠬᠠᠯᠳᠠᠷ ᠤᠨ ᠬᠠᠮᠠᠷ ᠳᠣᠣᠷ᠎ᠠ ᠲᠤᠰᠪᠠ ᠃ ᠵᠣᠣᠪᠠᠡᠭ ᠭᠡᠯᠪᠡᠷᠢᠳᠣ ᠠᠷᠢᠬᠢᠨ ᠯᠣᠡᠭᠬᠣ ᠢᠷᠣᠭᠠᠷ ᠢᠶᠠᠷ ᠢᠶᠡᠨ ᠭᠡᠳᠣ ᠳᠣᠡᠭᠬᠣᠯᠵᠠᠵᠣ ᠪᠠᠢᠭᠰᠠᠨ ᠢᠶᠡᠨ ᠡᠴᠣᠰ ᠲᠤ ᠪᠠᠨ ᠬᠠᠵᠠᠶᠢᠨ  ᠣᠨᠠᠭᠠᠳ 《 ᠯᠣᠭ ᠯᠣᠭ 》 ᠬᠢᠨ ᠬᠠᠮᠠᠷ ᠴᠣᠷᠬᠢᠮ᠎ᠠ ᠭᠠᠰᠠᠡᠭ ᠦᠨᠦᠷ ᠲᠠᠢ ᠣᠰᠣ ᠨᠢ ᠣᠷᠣᠰᠣᠨ᠎ᠠ ᠃
     《 ᠳᠦᠭᠵᠢᠶᠡᠰᠣ ᠶ᠋ᠢ ᠨᠢ ᠠᠪᠣᠭᠠᠳ ᠭᠡᠳᠣᠨ ᠬᠣᠨᠣᠭ ᠪᠣᠯᠴᠢᠬᠠᠭᠰᠠᠨ ᠬᠦᠢᠳᠠᠨ ᠠᠷᠢᠬᠢ ᠪᠠᠷ ᠵᠣᠴᠢᠨ ᠳᠠᠢᠯᠠᠬᠣ ᠭᠡᠭᠴᠢ  ᠡᠨᠡ ᠯᠡ ᠠᠯᠵᠠᠭᠠᠦ ᠴᠢᠳᠬᠦᠷ ‍ᠤᠨ ᠬᠢᠵᠦ ᠪᠠᠶᠢᠭ᠎ᠠ ᠣᠴᠢᠷ ᠡ ᠂ ᠪᠢ ᠲᠠ ᠨᠠᠷ ᠲᠤ ᠦᠭᠡᠷ᠎ᠠ  ᠰᠠᠶᠢᠨ ᠠᠷᠢᠬᠢ ᠬᠠᠯᠠᠭᠠᠵᠣ  ᠠᠪᠴᠢᠷᠠᠶ᠎ᠠ ᠃ ᠦᠭᠡᠢ ᠂ ᠡᠨᠡ ᠵᠦᠨᠦᠮᠡᠯ ᠴᠢ ᠭᠡᠵᠣ ᠳ᠋ᠠ ᠂ ᠨᠠᠮ᠎ᠠ ᠶ᠋ᠢ ᠮᠢᠬ᠎ᠠ ᠨᠣᠭᠣᠭ᠎ᠠ ᠬᠠᠭᠣᠷᠴᠦ  ᠪᠠᠶᠢᠭ᠎ᠠ ᠬᠣᠭᠣᠷᠣᠨᠳᠣ ᠠᠷᠢᠬᠢ ᠠᠪᠬᠣ ᠪᠠᠷ ᠪᠠᠭᠣᠬᠣ ᠡᠴᠠ ᠪᠠᠨ ᠴᠦ ᠵᠠᠯᠬᠠᠭᠣᠷᠠᠭᠠᠳ ᠬᠠᠭᠣᠴᠢᠨ ᠠᠷᠢᠬᠢ ᠪᠠᠷ ᠢᠶᠡᠨ ᠵᠣᠴᠢᠨ ᠢ ᠳᠠᠶᠢᠯᠠᠬᠤ ᠭᠡᠭᠴᠢ ᠂ ᠶᠤᠰᠤᠲᠠᠢ  ᠵᠠᠯᠬᠠᠭᠣ ᠶ᠋ᠢᠨ ᠳᠦᠢᠯ ᠡ ! 》 ᠭᠡᠵᠣ ᠨᠠᠷᠢᠬᠠᠨ ᠬᠣᠭᠣᠯᠠᠢ ᠪᠠᠷ ᠶᠠᠡᠭᠪᠠᠳᠠᠢᠬᠠᠨ ᠶᠠᠷᠢᠬᠣ ᠨᠢ ᠭᠡᠷ ᠤᠨ ᠡᠵᠡᠭᠳᠡᠢ ᠶ᠋ᠢᠨ ᠳᠠᠭᠣᠨ ᠪᠣᠯᠬᠣ ᠶ᠋ᠢ ᠬᠠᠯᠳᠠᠷ ᠰᠣᠨᠣᠰᠣᠮᠠᠭᠴᠠ ᠪᠠᠨ ᠮᠠᠳᠠᠨ᠎ᠠ ᠃
      ᠶᠠᠭᠣ ᠶᠠᠷᠢᠬᠣ ᠨᠢ ᠨᠠᠳᠠ ᠳᠠᠯᠵᠢ ᠦᠭᠡᠢ ᠂ ᠬᠠᠷᠢᠨ ᠦᠯᠦᠨ ᠭᠡᠳᠡᠰᠣ ᠪᠠᠨ ᠵᠢᠭᠠᠬᠠᠨ ᠳᠦᠬᠦᠷᠭᠡᠬᠦ ᠶᠠᠭᠣᠮ᠎ᠠ ᠬᠠᠶᠠᠭᠳᠠᠵᠣ ᠢᠷᠡᠭᠰᠡᠨ ᠨᠢ ᠪᠠᠶᠠᠷᠯᠠᠭᠣᠰᠢᠳᠠᠢ ᠣᠴᠢᠷ ᠭᠡᠵᠣ ᠪᠣᠳᠣᠭᠰᠠᠨ ᠬᠠᠯᠳᠠᠷ ᠳᠠᠮᠣᠷ ᠬᠢᠨᠵᠢ ᠬᠠᠷᠴᠢᠬᠢᠨᠠᠭᠣᠯᠣᠨ ᠱᠤᠡᠭᠭᠤᠯᠠᠨ ᠣᠴᠢᠵᠣ ᠬᠠᠷ᠎ᠠ ᠬᠣᠰᠢᠭᠣ ᠪᠠᠷ ᠢᠶᠡᠨ ᠦᠨᠦᠷᠯᠠᠵᠣ ᠦᠵᠠᠪᠠᠯ ᠂ ᠴᠢᠳᠬᠦᠷ ᠳᠣᠯᠢᠶᠠᠨ ᠡ !ᠣᠢᠷᠠᠳᠴᠣ ᠪᠣᠯᠬᠣ ᠶᠠᠭᠣᠮ᠎ᠠ ᠪᠢᠰᠢ ᠃
      ᠬᠠᠮᠠᠷ ᠭᠠᠳᠠᠮ᠎ᠠ ᠭᠡᠡᠭᠰᠢᠬᠦᠨ ᠦᠨᠦᠷ ᠢ ᠨᠢ ᠭᠡᠯᠡᠬᠦ ᠦᠭᠡᠢ ᠂ ᠬᠠᠯᠳᠣ ᠨᠢᠭᠡ ᠳᠣᠯᠢᠶᠠᠵᠣ ᠦᠵᠠᠪᠠᠯ ᠂ ᠢᠰᠬᠦᠯᠡᠡᠭ ᠭᠠᠰᠢᠭᠣᠨ ᠲᠠᠢ ᠬᠣᠯᠢᠷᠠᠭᠰᠠᠨ ᠴᠣᠬᠣᠮ ᠬᠦ ᠭᠠᠰᠢᠯᠣᠭᠰᠠᠨ ᠣᠰᠣ ᠪᠠᠢᠵᠠᠢ ᠡ !
      ᠦᠭᠡᠢ ᠂ ᠶᠡᠷᠦ ᠨᠢ ᠡᠳᠡ ᠨᠠᠷ ᠶᠠᠭᠣᠨ ᠳ᠋ᠤ ᠳᠡᠭᠡᠵᠣ ᠬᠠᠵᠠᠭᠣ ᠳ᠋ᠤ ᠨᠢ ᠪᠣᠯᠭᠣᠵᠣ ᠰᠢᠷᠠᠭᠰᠠᠨ ᠮᠢᠬ᠎ᠠ ᠣᠪᠣᠭᠠᠷᠠᠵᠣ ᠪᠠᠢᠬᠣ ᠳ᠋ᠤ ᠢᠳᠡᠬᠦ ᠦᠭᠡᠢ ᠂ ᠦᠨᠦ ᠡᠭᠡᠬᠦᠨ ᠭᠠᠰᠢᠭᠣᠨ ᠣᠰᠣ ᠪᠠᠷ ᠢᠶᠡᠨ ᠨᠢᠭᠡ  ᠨᠢᠭᠡᠨ ᠢᠶᠡᠨ ᠳᠠᠢᠯᠠᠵᠣ ᠴᠢ ᠨᠢᠭᠡ ᠬᠠᠳᠠᠭᠠᠴᠢᠬ᠎ᠠ ᠂ ᠪᠢ ᠨᠢᠭᠡ ᠬᠦᠨᠳᠣᠷᠴᠢᠭᠡᠶ᠎ᠠ ᠭᠡᠵᠣ ᠶᠠᠡᠭᠨᠠᠵᠣ  ᠳᠡᠶᠢᠯᠳᠡᠭ ᠢ ᠪᠣᠣ ᠮᠠᠳᠠ ᠡ ᠃
     ᠬᠠᠯᠳᠠᠷ ᠮᠦᠨ ᠯᠠ ᠴᠣᠡᠭᠬᠣᠨ  ᠣᠭ  ᠲᠦ ᠪᠠᠨ ᠣᠴᠢᠵᠣ ᠪᠣᠭᠵᠤᠶᠢᠵᠤ ᠭᠡᠪᠳᠡᠪᠡ ᠃
     ᠮᠠᠯ ᠤᠨ ᠬᠠᠰᠢᠶᠠᠨ ᠡᠴᠠ ᠨᠠᠰᠣᠳᠠᠢ ᠡᠵᠢ ᠠᠷᠭᠠᠯ ᠡᠪᠡᠰᠣᠨ ᠤ ᠭᠡᠮᠭᠡᠳᠡᠭ ᠨᠠᠭᠠᠯᠳᠣᠵᠣ ᠬᠣᠷᠪᠣᠢᠭᠰᠠᠨ ᠬᠠᠷ᠎ᠠ ᠳᠠᠭ ᠰᠢᠣᠬᠠᠨ ᠪᠣᠯᠣᠭᠰᠠᠨ ᠬᠠᠭᠣᠴᠢᠨ ᠴᠠᠮᠴᠠ ᠪᠠᠨ ᠬᠦᠪᠢᠭᠰᠡᠭᠡᠷ ᠭᠠᠷᠴᠣ ᠢᠷᠡᠭᠡᠳ ᠳᠠᠬᠢᠨ ᠭᠠᠬᠠᠢ ᠶ᠋ᠢᠨ ᠡᠬᠦᠷ ᠵᠦᠭ ᠢᠶᠡᠨ ᠰᠠᠭᠤᠯᠠᠭ᠎ᠠ ᠳᠡᠬᠦᠵᠢᠯᠡᠨ  ᠮᠠᠶᠢᠵᠢᠬᠢᠨᠠᠵᠦ ᠣᠳᠬᠣ ᠶ᠋ᠢ ᠬᠠᠷᠠᠭᠰᠠᠨ ᠬᠠᠯᠳᠠᠷ ᠠᠯᠠᠰᠬᠢᠨ ᠪᠠᠶᠠᠷᠯᠠᠵᠣ  ᠪᠠᠶᠢᠳᠠᠭ ᠴᠢᠳᠠᠯ ᠢᠶᠠᠷ ᠢᠶᠡᠨ ᠭᠠᠰᠠᠯᠵᠤ ᠦᠰᠦᠷᠬᠢᠯᠠᠨ ᠠᠪᠣᠷᠠᠯ ᠭᠣᠶᠣᠬᠣ ᠰᠢᠬ ᠳᠦᠷᠢᠯᠠᠵᠠᠢ ᠃
     ᠨᠠᠰᠣᠳᠠᠨ ᠭᠠᠬᠠᠢ ᠶ᠋ᠢᠨ ᠬᠣᠭᠣᠯᠠ ᠬᠢᠳᠡᠭ ᠰᠠᠭᠤᠯᠠᠭ᠎ᠠ ᠪᠠᠨ ᠭᠠᠵᠠᠷ ᠳᠠᠯᠪᠢᠭᠠᠳ ᠬᠠᠯᠳᠠᠷ ᠤᠨ ᠬᠠᠵᠠᠭᠣ ᠳ᠋ᠤ  ᠮᠠᠶᠢᠵᠢᠬᠢᠨᠡᠨ ᠠᠯᠬᠣᠵᠣ ᠢᠷᠡᠭᠡᠳ ᠄ 《 ᠶᠠᠭᠠᠬᠢᠴᠢᠬᠠᠪᠠ ? ᠬᠠᠯᠳᠠᠷ ᠡ ᠃ ᠴᠢᠮ᠎ᠠ ᠳ᠋ᠤ ᠡᠳᠣᠢ ᠪᠣᠯᠳᠠᠯ᠎ᠠ ᠬᠣᠭᠣᠯᠠ ᠬᠢᠵᠣ ᠦᠭᠬᠦᠭᠡᠳᠣᠢ ᠶᠣᠮ ᠤᠣ ? ᠦᠯᠦᠰᠴᠣ ᠪᠠᠶᠢᠨ᠎ᠠ ᠤᠣ ? ᠡᠰᠡᠬᠦᠯ᠎ᠠ ᠣᠮᠳᠠᠭᠠᠰᠴᠣ ᠪᠠᠶᠢᠨ᠎ᠠ ᠤᠣ ? 》 ᠭᠡᠵᠣ ᠨᠠᠰᠣᠳᠠᠨ ᠢ ᠬᠦᠭᠡᠷᠦᠬᠦᠢᠢᠯᠠᠨ ᠭᠡᠯᠡᠬᠦ ᠳ᠋ᠤ ᠬᠡᠴᠢᠨᠡᠭᠡᠨ  ᠡᠳᠣᠷ ᠤᠨ ᠭᠣᠮᠣᠳᠠᠯ ᠬᠢᠯᠢᠰ ᠢᠶᠡᠨ ᠢᠯᠡᠳᠭᠡᠵᠣ ᠭᠠᠷᠭᠠᠬᠣ ᠬᠦᠮᠦᠨ ᠣᠯᠵᠣ ᠬᠠᠷᠭᠣᠭᠰᠠᠨ ᠳ᠋ᠤ ᠪᠠᠨ ᠬᠠᠯᠳᠠᠷ ᠴᠦ  ᠪᠠᠶᠢᠳᠠᠭ ᠭᠣᠮᠣᠳᠠᠯ ᠢᠶᠡᠨ ᠢᠯᠡᠳᠭᠡᠬᠦ ᠭᠡᠵᠣ ᠳᠣᠯᠣᠭᠠᠢ ᠳᠣᠬᠢᠯᠵᠠᠠ ᠰᠡᠬᠦᠯ ᠰᠢᠷᠪᠠᠯᠵᠠᠭᠤᠯᠵᠤ ᠡᠮᠦᠨ᠎ᠠ ᠬᠠ ᠪᠠᠨ ᠡᠷᠬᠦᠵᠣ ᠦᠰᠦᠷᠬᠢᠯᠠᠬᠦ ᠵᠡᠷᠭᠡ  ᠪᠠᠶᠢᠳᠠᠭ ᠴᠢᠳᠠᠪᠣᠷᠢ ᠪᠠᠨ ᠭᠠᠷᠭᠠᠵᠣ ᠭᠠᠰᠠᠯᠵᠤ ᠭᠣᠡᠭᠰᠢᠨ᠎ᠠ ᠃
      —— ᠡᠨᠡ ᠬᠡᠤᠬᠡᠳ ᠭᠡᠵᠣ ᠡᠳᠣᠷᠵᠢᠨ ᠠᠷᠢᠬᠢ ᠮᠠᠵᠢᠶᠠᠡᠭ ᠡᠴᠠ ᠪᠣᠰᠣᠳ ᠶᠠᠭᠣ  ᠴᠦ ᠬᠠᠮᠢᠶᠠᠷᠬᠣ ᠦᠭᠡᠢ ᠃ ᠳᠠᠵᠢᠭᠡᠵᠣ ᠪᠠᠢᠭ᠎ᠠ ᠠᠳᠣᠭᠣᠰᠣ ᠪᠠᠨ ᠣᠳᠣ ᠪᠦᠷ ᠦᠯᠪᠡᠷᠭᠡᠵᠣ ᠠᠯᠠᠬᠣ ᠭᠡᠮᠵᠢᠶᠠᠨ ᠳ᠋ᠤ ᠬᠦᠷᠴᠠᠢ ᠬᠦ᠋ ᠁ ᠭᠡᠵᠣ ᠨᠠᠰᠣᠳᠠᠨ ᠡᠵᠢ ᠠᠮᠠᠨ ᠳ᠋ᠤ ᠪᠠᠨ ᠳᠦᠳᠦᠨᠡᠭᠰᠡᠭᠡᠷ ᠭᠡᠷ ᠲᠤ ᠪᠠᠨ ᠮᠠᠶᠢᠵᠢᠬᠢᠨᠡᠨ ᠣᠷᠣᠵᠣ ᠭᠡᠰᠡᠭ ᠣᠳᠠᠭᠠᠳ ᠳᠣᠮᠣ ᠱᠠᠭᠠᠵᠠᠡᠭ ᠠᠶᠠᠭ᠎ᠠ ᠲᠠᠢ ᠬᠠᠭᠠᠷᠢᠭᠰᠠᠨ ᠳᠠᠬᠢᠶᠠᠨ ᠦᠨᠳᠡᠭᠡ ᠠᠪᠴᠢᠷᠠᠵᠣ ᠬᠠᠳᠠᠵᠣ ᠬᠠᠭᠣᠷᠠᠢᠳᠠᠭᠰᠠᠨ ᠬᠣᠭᠣᠯᠠᠠ ᠰᠠᠪᠠ ᠳ᠋ᠤ ᠨᠢ ᠬᠢᠵᠣ ᠦᠭᠪᠠ ᠃
      ᠨᠠᠰᠣᠳᠠᠨ  ᠮᠠᠭᠣ ᠬᠦᠯ  ᠢᠶᠠᠨ ᠵᠦᠭᠡᠭᠡᠵᠣ ᠭᠡᠷ ᠵᠦᠭ ᠢᠶᠡᠨ ᠡᠷᠬᠢᠬᠦ ᠡᠴᠠ ᠡᠮᠦᠨ᠎ᠠ ᠬᠠᠯᠳᠠᠷ ᠱᠣᠡᠭᠭᠣᠯᠠᠨ ᠢᠷᠠᠵᠣ ᠵᠠᠯᠬᠢᠵᠣ ᠪᠠᠷᠠᠭᠠᠭᠠᠳ ᠨᠠᠰᠣᠳᠠᠨ ᠤ ᠱᠠᠭᠠᠵᠠᠡᠭ ᠠᠶᠠᠭᠠᠨ ᠳ᠋ᠤ ᠳᠠᠬᠢᠨ ᠨᠢᠳᠣ ᠳᠣᠰᠬᠠᠨ ᠭᠠᠯ ᠣᠯᠠᠭᠠᠨ ᠭᠡᠯᠡ ᠪᠠᠨ ᠰᠦᠷᠡᠭᠡᠢ ᠪᠣᠰᠢᠭᠣ ᠬᠢᠯᠪᠠᠯᠵᠠᠭᠣᠯᠣᠨ ᠬᠣᠰᠢᠭᠣ ᠬᠣᠡᠭᠰᠢᠶᠠᠷ ᠲᠤ ᠨᠢ ᠨᠠᠭᠠᠯᠳᠣᠭᠰᠠᠨ ᠦᠯᠠᠳᠠᠪᠣᠷᠢ ᠶ᠋ᠢ ᠨᠢ  ᠴᠦ ᠳᠣᠯᠢᠶᠠᠵᠣ ᠠᠮᠵᠢᠵᠠᠢ ᠃
      ᠰᠢᠷ᠎ᠠ ᠪᠦᠷᠣᠢ ᠶ᠋ᠢᠨ ᠦᠶ᠎ᠠ ᠪᠡᠷ  ᠰᠠᠶ᠋ᠢ ᠦᠨᠦ ᠰᠢᠷ᠎ᠠ ᠭᠡᠵᠢᠭᠡᠳᠣ ᠡᠷ᠎ᠠ ᠭᠡᠯᠪᠡᠯᠵᠠᠨ ᠠᠯᠬᠣᠯᠠᠭᠰᠠᠭᠠᠷ ᠭᠠᠷᠴᠣ ᠢᠷᠡᠭᠡᠳ ᠡᠵᠡᠨ ᠤ ᠬᠢᠨᠢ ᠦᠷᠦᠭᠡᠰᠣᠨ ᠭᠠᠷ ᠡᠴᠠ ᠨᠢ ᠵᠠᠭᠤᠷᠠᠵᠤ ᠄
     —— ᠬᠣᠣ ᠭᠡ ᠮᠸᠷ (  ᠰᠠᠶᠢᠨ ᠠᠬ᠎ᠠ ᠳᠠᠬᠦᠦ ) ᠡ ᠂ ᠳᠡᠭᠡᠪᠠᠯ ᠪᠢᠳᠠ ᠡᠨᠡ ᠣᠷᠣᠢ ᠡᠴᠠ ᠡᠬᠢᠯᠡᠭᠡᠳ ᠾᠸ ᠽᠦᠸᠸ ᠶᠧ ( ᠬᠠᠮᠳᠣᠷᠠᠨ ᠠᠵᠢᠯᠯᠠᠶ᠎ᠠ ) ᠂ ᠪᠣᠯᠣᠨ᠎ᠠ ᠪᠢᠵᠠ ? ᠭᠡᠵᠣ ᠬᠤᠯᠢᠵᠤ ᠬᠤᠳᠬᠤᠭᠰᠠᠨ ᠬᠦᠰᠢᠬᠦᠨ ᠮᠣᠡᠭᠭᠣᠯ ᠭᠡᠯᠠ ᠪᠠᠷ ᠴᠤᠯᠴᠠᠷᠢᠨ ᠶᠠᠷᠢᠯᠴᠠᠭᠰᠠᠭᠠᠷ ᠬᠦᠡᠭᠭᠡᠨ ᠬᠠᠷ᠎ᠠ ᠮᠠᠰᠢᠨ ᠳ᠋ᠤ ᠪᠠᠨ ᠰᠢᠷ᠎ᠠ ᠲᠤᠯᠤᠭᠠᠢ ᠪᠠᠨ ᠰᠢᠷᠭᠤᠭᠤᠯᠵᠤ  ᠳᠣᠭᠣᠰᠣ ᠳᠠᠳᠠᠭᠣᠯᠣᠨ ᠶᠠᠪᠣᠵᠣ ᠬᠤᠯᠠᠳᠠᠬᠤ ᠶ᠋ᠢ ᠬᠠᠯᠳᠠᠷ ᠴᠣᠡᠭᠬᠣᠨ ᠡᠮᠦᠨᠠᠬᠢ ᠳᠠᠪᠰᠡᠭ ᠳᠠᠢᠵᠠᠨ ᠳ᠋ᠤ ᠭᠡᠪᠳᠡᠨ  ᠵᠠᠯᠬᠠᠭᠤᠳᠠᠶᠢᠬᠠᠨ ᠣᠯᠵᠣ ᠬᠠᠷᠠᠵᠠᠢ ᠃
      ᠭᠡᠬᠦ ᠳ᠋ᠤ ᠰᠠᠷ᠎ᠠ ᠰᠢᠨ᠎ᠠ ᠶ᠋ᠢᠨ ᠡᠬᠢᠨ ᠳ᠋ᠤ  ᠴᠦ ᠭᠡᠰᠡᠨ ᠶᠡᠷᠦ ᠨᠢ ᠵᠣᠴᠢᠨ ᠢᠶᠡᠨ ᠮᠣᠷᠳᠠᠭᠣᠯᠬᠣ ᠶ᠋ᠢ ᠮᠡᠳᠡᠳᠡᠭ ᠦᠭᠡᠢ ᠭᠡᠷ ᠤᠨ ᠡᠵᠡᠭᠳᠡᠢ ᠨᠢ ᠦᠨᠣᠳᠣᠷ ᠦᠨᠳᠣᠷ ᠦᠰᠦᠭᠡᠢ ᠲᠠᠢ ᠭᠣᠶᠣ ᠭᠣᠳᠣᠯ ᠢᠶᠠᠷ ᠢᠶᠡᠨ ᠨᠠᠬᠢᠯᠵᠠᠳᠠᠯ᠎ᠠ ᠠᠯᠬᠣᠵᠣ ᠭᠠᠷᠴᠣ ᠢᠷᠡᠭᠡᠳ ᠦᠨᠦ ᠰᠢᠷ᠎ᠠ ᠭᠡᠵᠢᠭᠡᠳᠣ ᠶ᠋ᠢᠨ ᠳᠡᠷᠭᠡᠨ ᠬᠦᠷᠳᠣ ᠬᠦᠳᠡᠯᠳᠠᠯ᠎ᠠ ᠨᠢ ᠬᠠᠵᠠᠭᠣ ᠳ᠋ᠤ ᠨᠢ ᠮᠢᠰᠢᠯᠵᠡᠨ ᠵᠣᠭᠰᠣᠵᠣ  ᠪᠠᠶᠢᠭᠰᠠᠨ ᠮᠦᠷᠳᠡᠭᠡᠨ ᠠᠯᠣᠰ ᠴᠠᠭᠠᠨ᠎ᠠ ᠭᠠᠷᠳᠠᠯ᠎ᠠ ᠭᠠᠷ ᠳᠠᠯᠠᠯᠣᠨ ᠬᠣᠴᠣᠷᠣᠭᠰᠠᠨ ᠨᠢ ᠬᠠᠯᠳᠠᠷ ᠲᠤ ᠰᠣᠨᠢᠬᠠᠨ ᠰᠠᠨᠠᠭᠳᠠᠵᠠᠢ ᠃
      ᠭᠡᠷ ᠲᠤ ᠠᠶᠠᠭ᠎ᠠ ᠰᠢᠷᠡᠭᠡ ᠬᠣᠮᠢᠵᠣ ᠬᠣᠷᠢᠶᠠᠡᠡᠦ ᠳᠠᠭᠣᠨ ᠫᠠᠷᠴᠢᠬᠢᠨᠠᠨ ᠳᠣᠭᠣᠯᠳᠠᠵᠣ ᠪᠠᠢᠬᠣ ᠪᠠᠷ ᠪᠣᠳᠣᠬᠣ ᠳ᠋ᠤ ᠬᠦᠭᠰᠢᠨ ᠡᠵᠢ ᠬᠠᠭᠣᠴᠢᠨ ᠵᠣᠷᠰᠢᠯ ᠢᠶᠠᠷ ᠵᠣᠴᠢᠳ ᠤᠨ  ᠬᠤᠶᠢᠨ᠎ᠠ ᠡᠴᠠ ᠠᠶᠠᠭ᠎ᠠ ᠰᠠᠪᠬ᠎ᠠ ᠣᠬᠢᠶᠠᠬᠣ ᠭᠡᠵᠣ ᠪᠣᠵᠢᠬᠢᠨᠠᠵᠣ ᠪᠠᠢᠭ᠎ᠠ ᠨᠢ ᠢᠯᠡᠭᠡᠨ ᠃ ᠬᠠᠷᠢᠨ ᠭᠡᠰᠡᠭ ᠣᠳᠠᠭᠠᠳ ᠭᠡᠷ ᠲᠤ  ᠪᠥᠭᠡᠮ ᠦᠢᠮᠠᠭᠡᠨ ᠭᠠᠷᠴᠠᠢ ᠃
    ——᠎᠎ ᠪᠣᠶᠠᠨ ᠨᠢ ᠴᠠᠯᠢᠵᠣ ᠪᠣᠬᠠᠨ ᠬᠦᠵᠦᠬᠦᠨ ᠳ᠋ᠤ ᠳᠣᠭᠯᠠᠵᠣ ᠪᠠᠢᠭ᠎ᠠ ᠬᠦᠭᠰᠢᠨ ᠵᠦᠨᠦᠭ ᠢ ᠬᠠᠷᠠ ᠯᠠ ᠳ᠋ᠠ ᠃ ᠵᠣᠴᠢᠨ ᠳᠠᠶᠢᠯᠠᠡᠡᠦ ᠭᠡᠵᠣ ᠳᠦᠡᠭᠭᠡᠵᠦ ᠬᠠᠭᠠᠷᠢᠭᠰᠠᠨ ᠠᠷᠪᠠᠭᠠᠳ ᠳᠠᠬᠢᠶᠠᠨ ᠦᠨᠳᠡᠭᠡ ᠶ᠋ᠢ ᠰᠢᠭᠣᠳ ᠠᠪᠠᠴᠢᠭᠠᠳ ᠦᠨᠦ ᠨᠣᠬᠠᠢ ᠡᠪᠦᠭᠡ ᠪᠠᠨ ᠳᠡᠵᠢᠭᠡᠴᠢᠭᠡᠨ᠎ᠠ ᠭᠡᠳᠡᠭ ᠴᠢᠨᠢ ᠦᠨᠠᠨ ᠵᠦᠨᠦᠮᠠᠯ ᠤᠨ ᠳᠣᠢᠯ ᠡ !
       ᠫᠢᠯᠠ ᠨᠣᠭᠣᠭ᠎ᠠ ᠶ᠋ᠢᠨ ᠳᠣᠭ᠎ᠠ ᠨᠢ ᠬᠦᠢᠴᠠᠬᠦ ᠪᠠᠨ ᠪᠣᠯᠵᠣ ᠪᠠᠯᠢᠳᠠᠬᠤ ᠳ᠋ᠤ ᠪᠠᠨ ᠦᠨᠦ ᠭᠠᠡᠭ ᠳ᠋ᠤ ᠳᠠᠷᠣᠭᠰᠠᠨ ᠳᠠᠪᠣᠰᠣᠯᠠᠭᠰᠠᠨ ᠨᠣᠭᠣᠭ᠎ᠠ ᠪᠠᠷ ᠢᠶᠡᠨ ᠠᠷᠭᠠᠴᠠᠭᠠᠵᠣ ᠭᠠᠷᠣᠯ᠎ᠠ ᠰᠢᠳᠠ ᠃ ᠶᠤᠰᠤᠲᠠᠢ  ᠬᠦᠮᠦᠨ ᠢ ᠠᠭᠣᠷᠯᠠᠭᠣᠯᠵᠣ ᠠᠯᠠᠨ᠎ᠠ ᠡ !
       ᠡᠵᠡᠭᠳᠡᠢ ᠶ᠋ᠢᠨ ᠭᠠᠰᠠᠡᠭ ᠳᠠᠭᠣᠨ ᠳᠣᠳᠣᠬᠠᠨ ᠰᠣᠨᠣᠰᠳᠠᠨ᠎ᠠ ᠃
      —— ᠠᠢ ᠂ ᠠᠡᠭᠭ᠎ᠠ ᠡ ᠂ ᠪᠢ  ᠳᠡᠬᠦᠨ ᠢ ᠴᠢᠨᠢ ᠭᠠᠬᠠᠢ ᠶ᠋ᠢᠨ ᠬᠣᠭᠣᠯᠠᠨ ᠤ ᠭᠠᠡᠭ ᠳᠡᠭᠡᠷ᠎ᠠ ᠳᠠᠯᠪᠢᠵᠣ ᠪᠠᠢᠭ᠎ᠠ ᠪᠣᠯᠬᠣᠷ ᠭᠠᠰᠢᠯᠤᠭᠰᠠᠨ ᠨᠣᠭᠣᠭ᠎ᠠ ᠭᠡᠵᠣ ᠡ ᠡᠨᠳᠡᠬᠦᠷᠡᠭᠡᠳ ᠨᠣᠬᠠᠢ ᠳ᠋ᠤ ᠦᠭᠴᠢᠭᠡᠵᠠᠢ ᠭᠡᠬᠦ ᠨᠠᠰᠣᠳᠠᠨ ᠤ ᠳᠠᠭᠣᠨ ᠬᠣᠯᠠ ᠴᠠᠭᠠᠨ᠎ᠠ ᠡᠴᠠ ᠳᠣᠷᠣᠢ ᠰᠣᠨᠣᠰᠳᠠᠨ᠎ᠠ ᠃
      —— ᠬᠦᠭᠰᠢᠨ ᠵᠦᠨᠦᠭ ᠴᠢ ᠦᠨᠦ ᠭᠡᠮᠵᠢᠶ᠎ᠠ ᠦᠭᠡᠢ ᠰᠢᠳᠦᠳᠡᠭ ᠪᠠᠭ᠎ᠠ ᠬᠦᠦ ᠶ᠋ᠢᠨ ᠳ᠋ᠤ ᠪᠠᠨ ᠰᠡᠮᠡᠭᠡᠷᠭᠡᠨ ᠰᠠᠭᠣᠬᠣ ᠦᠭᠡᠢ ᠪᠠᠰᠠ ᠶᠠᠭᠣᠨ ᠳ᠋ᠤ ᠨᠠᠭᠠᠰᠢ ᠬᠦᠶᠦᠭᠡᠳ ᠮᠠᠨᠣᠰ ᠤᠨ ᠠᠮᠢᠳᠣᠷᠠᠯ ᠳ᠋ᠤ ᠬᠣᠯᠢᠳᠠᠰᠣ ᠣᠷᠣᠵᠣ  ᠪᠠᠶᠢᠭ᠎ᠠ ᠶ᠋ᠢ ᠪᠢ ᠦᠨᠡᠨ ᠣᠢᠯᠠᠭᠠᠬᠣ ᠦᠭᠡᠢ ᠃ ᠠᠮᠠ ᠪᠠᠨ  ᠠᠩᠭᠠᠶᠢᠪᠠᠯ ᠪᠠᠭ᠎ᠠ ᠬᠦᠦ ᠪᠠᠯᠳᠠᠨ ᠨᠢ  ᠰᠠᠶᠢᠨ ᠂ ᠪᠠᠭᠣᠯᠭᠠᠵᠣ ᠠᠪᠣᠭᠰᠠᠨ ᠪᠠᠷᠢ ᠨᠢ  ᠴᠦ  ᠰᠠᠶᠢᠨ ᠭᠡᠵᠣ ᠮᠠᠭᠳᠠᠳᠠᠭ ᠰᠢᠳᠠ ᠂ ᠣᠳᠣ ᠳᠠᠨᠳᠠ ᠪᠠᠨ ᠣᠴᠢᠬᠤ ᠦᠭᠡᠢ ᠤᠣ ? 《ᠨᠠᠰᠣᠳᠠᠶᠢᠴᠣᠳ ᠤᠨ ᠨᠦᠬᠦᠪᠣᠷᠢ ᠮᠦᠡᠭᠭᠦᠨ 》 ᠤ ᠺᠠᠷᠲ ᠡᠴᠠ ᠡᠬᠢᠯᠡᠭᠡᠳ ᠨᠠᠢᠮᠠ ᠶᠢᠰᠣᠨ ᠮᠦ ᠭᠠᠵᠠᠷ ᠲᠤ ᠪᠠᠨ ᠬᠦᠷᠳᠡᠯ᠎ᠠ ᠪᠠᠭ᠎ᠠ ᠬᠥᠦ ᠪᠠᠷᠢ ᠳ᠋ᠤ ᠪᠠᠨ ᠡᠷᠬᠦᠴᠢᠭᠡᠭᠡᠳ ᠪᠠᠰᠠ ᠶᠠᠮᠠᠷ ᠨᠢᠭᠣᠷ ᠢᠶᠠᠷ ᠡᠨᠳᠠ ᠬᠤᠷᠭᠤᠳᠠᠵᠤ ᠪᠠᠢᠬᠣ ᠪᠣᠢ ? ᠦᠡᠭᠬᠦᠷᠢᠳᠣ ᠂ ᠬᠠᠮᠢᠭ᠎ᠠ ᠡᠴᠠ ᠢᠷᠡᠭᠰᠡᠨ ᠪᠣᠯ ᠳᠠᠨᠳᠠ ᠪᠠᠨ ᠦᠡᠭᠬᠦᠷᠢᠳᠣ ᠁
       ᠬᠡᠰᠡᠭ ᠣᠳᠠᠭᠠᠳ ᠡᠭᠦᠳᠡ ᠵᠢᠵᠢᠬᠢᠨᠡᠨ ᠨᠡᠭᠡᠭᠡᠭᠳᠡᠵᠣ ᠨᠠᠰᠣᠳᠠᠨ ᠪᠣᠯᠠᠡᠭᠬᠢᠷᠳᠣᠵᠣ ᠣᠨᠢᠭᠠᠷᠳᠠᠭᠰᠠᠨ ᠨᠢᠳᠣ ᠪᠠᠨ ᠠᠶᠠᠭ᠎ᠠ ᠣᠬᠢᠶᠠᠭᠠᠳ ᠠᠷᠴᠢᠵᠣ ᠠᠮᠵᠢᠭᠠᠳᠣᠢ ᠨᠣᠢᠳᠠᠨ ᠭᠠᠷ ᠢᠶᠠᠷ ᠢᠶᠡᠨ  ᠪᠠᠶᠢᠨ ᠳᠠᠬᠢᠨ ᠠᠷᠴᠢᠭᠰᠠᠭᠠᠷ ᠄ 《 ᠠᠢ ᠂ ᠬᠦᠭᠰᠢᠨ ᠪᠢ ᠬᠦᠳᠡᠯᠬᠦ ᠳᠡᠡᠭᠭᠡᠭᠡ ᠲᠠᠢ ᠪᠣᠯ ᠭᠡᠦᠭᠡᠳ ᠲᠤ ᠪᠠᠨ ᠳᠣᠰᠠ ᠪᠣᠯᠣᠶ᠎ᠠ ᠭᠡᠵᠣ ᠵᠢᠳᠬᠦᠵᠣ ᠴᠢᠷᠮᠠᠢᠳᠠᠭ ᠨᠢ ᠬᠠᠷᠢᠨ ᠪᠣᠷᠣᠭᠣ  ᠪᠠᠶᠢᠵᠠᠢ ᠡ ! ᠵᠦᠨᠦᠭ ᠪᠢ ᠳᠡᠭᠡᠷ᠎ᠠ ᠳᠦᠷᠦᠯ ᠳ᠋ᠤ ᠪᠠᠨ ᠶᠠᠮᠠᠷ ᠶᠠᠯ᠎ᠠ ᠨᠢᠬᠦᠯ ᠬᠢᠭᠰᠡᠨ ᠰᠦᠨᠠᠰᠣ ᠶ᠋ᠢ ᠪᠣᠣ ᠮᠠᠳᠠ ᠂ ᠵᠠᠯᠠᠭᠣ ᠪᠠᠢᠬᠣ ᠳ᠋ᠤ ᠬᠠᠳᠠᠮ ᠡᠵᠢ ᠶ᠋ᠢᠨ ᠬᠠᠯᠠ ᠦᠢᠯᠠ ᠶ᠋ᠢ ᠬᠠᠰᠢᠷᠠᠳᠠᠯ᠎ᠠ ᠠᠮᠰᠠᠵᠣ ᠂ ᠦᠳᠡᠯᠬᠦ ᠶ᠋ᠢᠨ ᠦᠵᠦᠬᠦᠷ ᠲᠤ ᠬᠦᠦ ᠪᠠᠷᠢ ᠶ᠋ᠢᠨ ᠭᠡᠴᠡᠬᠦᠦ ᠶ᠋ᠢ ᠢᠡᠭᠬᠢᠳᠠᠯ᠎ᠠ ᠦᠵᠠᠬᠦ ᠭᠡᠭᠴᠢ ᠁ ᠭᠡᠵᠣ ᠳᠦᠳᠦᠨᠡᠭᠰᠡᠭᠡᠷ ᠮᠠᠶᠢᠵᠢᠬᠢ ᠬᠦᠯ ᠢᠶᠡᠨ ᠳᠦᠡᠭᠭᠡᠵᠦ  ᠴᠢᠷᠦᠭᠰᠡᠭᠡᠷ ᠰᠢᠷ᠎ᠠ ᠪᠦᠷᠣᠢ ᠶ᠋ᠢᠨ ᠳᠣᠮᠳᠠᠭᠣᠷ ᠴᠢᠨᠠᠭᠰᠢ ᠪᠦᠷᠳᠣᠯᠵᠠᠨ ᠬᠤᠯᠠᠳᠠᠪᠠ ᠃
        ᠬᠠᠯᠳᠠᠷ ᠭᠡᠪᠳᠡᠭᠰᠡᠨ ᠣᠷᠣᠨ ᠡᠴᠠ ᠪᠠᠨ ᠦᠰᠦᠷᠣᠨ ᠪᠣᠰᠴᠣ ᠨᠠᠰᠣᠳᠠᠨ ᠢ ᠬᠣᠷᠢᠭᠠᠵᠣ ᠠᠪᠬᠣ ᠭᠡᠵᠣ ᠭᠡᠳᠣ ᠣᠳᠠᠭ᠎ᠠ ᠡᠮᠦᠨᠠᠰᠢ ᠱᠤᠡᠭᠭᠤᠯᠠᠭᠰᠠᠨ  ᠴᠦ ᠬᠦᠵᠦᠬᠦᠨ ᠳ᠋ᠤ ᠬᠢ ᠳᠠᠮᠣᠷ ᠬᠢᠨᠵᠢ ᠡᠴᠠ ᠪᠠᠨ ᠮᠣᠯᠳᠣᠷᠠᠵᠣ  ᠲᠡᠶᠢᠯᠦᠭ᠌ᠰᠠᠨ ᠦᠭᠡᠢ ᠃ ᠠᠷᠭ᠎ᠠ ᠪᠣᠰᠣ ᠪᠠᠢᠳᠠᠭ ᠬᠦᠰᠠᠯ ᠢᠶᠡᠨ ᠮᠦᠡᠭᠬᠦᠨ ᠴᠠᠭᠠᠨ ᠦᠡᠭᠭᠡᠳᠡᠢ ᠡᠬᠦᠳᠠᠨ ᠳ᠋ᠤ ᠳᠠᠯᠪᠢᠵᠣ ᠭᠣᠨᠢᠭᠳᠠᠢ ᠰᠢᠷᠳᠠᠨ᠎ᠠ ᠃ ᠭᠡᠪᠡᠴᠣ ᠡᠬᠦᠳᠠ ᠨᠡᠭᠡᠭᠡᠭᠳᠡᠵᠣ   ᠬᠤᠶᠢᠨ᠎ᠠ ᠡᠴᠠ ᠨᠢ ᠭᠠᠷᠴᠣ ᠢᠷᠡᠭᠰᠡᠨ ᠬᠦᠮᠦᠨ  ᠪᠠᠶᠢᠭ᠎ᠠ ᠦᠭᠡᠢ ᠃  ᠨᠡᠯᠢᠶᠡᠳ ᠤᠳᠠᠭᠠᠳ ᠡᠬᠦᠳᠠ ᠨᠡᠭᠡᠭᠡᠭᠳᠡᠭᠰᠡᠨ  ᠴᠦ ᠳᠣᠮᠣ ᠰᠢᠯ ᠴᠣᠮᠣ ᠪᠠᠷᠢᠭᠰᠠᠨ ᠡᠵᠡᠭᠳᠡᠢ ᠭᠠᠷᠴᠣ ᠢᠷᠡᠭᠡᠳ ᠴᠠᠢ ᠶ᠋ᠢᠨ ᠰᠢᠭᠠᠷᠠᠤ ᠪᠠᠨ ᠬᠦᠴᠦᠳᠠᠢ ᠰᠠᠵᠢᠵᠣ ᠣᠷᠬᠢᠭᠠᠳ ᠄  《 ᠳᠦᠢ ᠂ ᠬᠦᠭᠰᠢᠨ ᠵᠦᠨᠦᠭ ᠡᠷᠬᠢᠯᠳᠠ ᠦᠭᠡᠢ  ᠵᠠᠶᠢᠯᠠ 》 ᠭᠡᠵᠣ ᠬᠠᠡᠭᠬᠢᠨᠠᠭᠤᠯᠤᠨ ᠬᠠᠷᠢᠶᠠᠭᠠᠳ ᠳᠠᠷᠭᠣᠨ ᠰᠠᠬᠦᠵᠢ ᠪᠠᠨ ᠮᠣᠰᠬᠢᠴᠠᠨ 《 ᠳᠠᠭ 》 ᠬᠢᠲᠡᠯ᠎ᠡ ᠡᠬᠦᠳᠠ ᠰᠠᠪᠠᠨ ᠣᠷᠣᠵᠣ ᠶᠠᠪᠣᠭᠰᠠᠨ ᠨᠢ ᠬᠠᠯᠳᠠᠷ ᠤᠨ ᠬᠦᠰᠡᠯ ᠭᠣᠷᠢᠳᠠᠯ ᠢ ᠪᠦᠷᠢᠮᠣᠰᠣᠨ ᠰᠠᠷᠨᠢᠭᠣᠯᠵᠣ ᠣᠷᠬᠢᠵᠠᠢ ᠃
      ᠣᠳᠠᠯ ᠦᠭᠡᠢ ᠭᠡᠷ ᠳᠣᠳᠣᠷ᠎ᠠ ᠬᠦᠡᠭᠬᠦᠷ ᠭᠠᠡᠭᠭᠠᠷ ᠭᠡᠯᠡᠯᠴᠡᠵᠣ  ᠪᠠᠶᠢᠬᠤ ᠪᠠᠷ ᠨᠢ ᠦᠵᠠᠬᠦ ᠳ᠋ᠤ ᠣᠨᠳᠠᠭᠰᠠᠨ ᠢᠶᠠᠷ ᠣᠪᠯᠠᠵᠣ ᠭᠡᠪᠳᠡᠭᠰᠡᠨ ᠭᠡᠷ ᠤᠨ ᠡᠵᠡᠨ ᠪᠣᠰᠣᠭᠠᠳ ᠭᠠᠷᠴᠣ ᠢᠷᠡᠭᠰᠡᠨ ᠪᠤᠯᠤᠯᠲᠠᠢ ᠃
      —— ᠦᠭᠡᠢ ᠂ ᠴᠢ ᠶᠡᠷᠦ ᠨᠢ ᠬᠦᠭᠡᠭᠡᠵᠣ  ᠶᠠᠪᠣᠭᠣᠯᠪᠡᠯ ᠶᠠᠪᠣᠭᠣᠯᠣᠯ᠎ᠠ ᠰᠢᠳᠠ ᠂ ᠵᠦᠨᠦᠭ ᠭᠡᠳᠡᠯ᠎ᠠ ᠮᠦᠨᠦᠭ ᠭᠡᠳ ᠬᠠᠷᠢᠶᠠᠭᠠᠳ  ᠪᠠᠶᠢᠳᠠᠭ ᠨᠢ ᠶᠠᠭᠣ ᠪᠣᠢ ?
      —— ᠳᠡᠭᠡᠬᠦ ᠦᠭᠡᠢ ᠪᠣᠯ ᠳᠠᠷᠠ ᠬᠦᠭᠰᠢᠨ ᠰᠢᠮᠨᠤ ᠶ᠋ᠢ ᠵᠠᠯᠠᠵᠣ ᠶᠠᠪᠣᠭᠣᠯᠵᠣ ᠳᠠᠢᠯᠣᠨ᠎ᠠ ᠤᠣ ? ᠪᠣᠯᠵᠠᠢ ᠪᠣᠯᠵᠠᠢ ᠂ ᠡᠬᠦᠨ ᠢ ᠶᠠᠷᠢᠬᠣ ᠦᠭᠡᠢ ᠯᠠᠢ ᠃ ᠣᠳᠣ ᠨᠢᠭᠡᠨᠳᠠ ᠦᠳᠡᠰᠢ ᠶ᠋ᠢᠨ ᠳᠣᠯᠣᠭᠠᠨ ᠴᠠᠭ ᠣᠢᠷᠠᠳᠣᠭᠰᠠᠨ ᠂  ᠬᠣᠷᠳᠣᠨ ᠰᠣᠷᠭᠠᠭᠣᠯᠢ ᠳᠡᠭᠡᠷ᠎ᠠ ᠣᠴᠢᠬᠣ ᠦᠭᠡᠢ ᠤᠣ ?
      —— ᠪᠢᠳᠡᠭᠡᠢ ᠰᠣᠷᠭᠠᠭᠣᠯᠢ ᠰᠣᠷᠭᠠᠭᠣᠯᠢ ᠭᠡᠳ ᠯᠠ ᠪᠠᠢ ᠂ ᠲᠡᠷᠡ ᠴᠢᠨᠢ ᠣᠳᠣ ᠰᠣᠷᠭᠠᠭᠣᠯᠢ ᠪᠢᠰᠢ ᠂ ᠬᠠᠷᠢᠨ ᠰᠢᠷ᠎ᠠ ᠠᠬ᠎ᠠ ᠶ᠋ᠢᠨ ᠬᠣᠳᠠᠯᠳᠣᠵᠣ ᠠᠪᠣᠭᠰᠠᠨ ᠮᠦᠷᠦᠢ ᠲᠠᠢ ᠮᠠᠵᠢᠶᠠᠡᠭ ᠤᠨ ᠳᠠᠯᠠᠪᠠᠢ ᠪᠤᠯᠤᠭᠰᠠᠨ ᠃ ᠮᠡᠳᠡᠪᠡ ᠤᠣ ?
       —— ᠣᠣ ᠂ ᠳᠠᠢᠮᠣ ᠃ ᠶᠡᠷᠦ ᠨᠢ ᠣᠷᠢᠳᠣ ᠳ᠋ᠤ ᠪᠠᠨ ᠰᠣᠷᠭᠠᠭᠣᠯᠢ ᠪᠠᠢᠭᠰᠠᠨ ᠶᠣᠮ ᠴᠢᠨᠢ ᠳᠡᠭᠡᠵᠣ ᠳᠠᠭᠣᠳᠠᠭᠠᠳ ᠳᠠᠳᠴᠢᠬᠠᠵᠠᠢ ᠃ ᠶᠠᠭᠣ  ᠴᠦ ᠭᠡᠰᠡᠨ ᠬᠣᠷᠳᠣᠨ  ᠮᠠᠶ᠋ᠢᠭᠯᠠ ᠳ᠋ᠠ ᠃ ᠠᠡᠭᠬ᠎ᠠ ᠡᠬᠢᠯᠠᠵᠣ 《 ᠠᠯᠪᠠᠯᠠᠬᠣ 》 ᠭᠡᠵᠣ ᠪᠠᠢᠭᠠᠳ ᠬᠣᠵᠢᠭᠳᠠᠵᠣ ᠣᠴᠢᠪᠠᠯ ᠭᠡᠳᠣᠢ ᠮᠠᠭᠣᠬᠠᠢ ᠪᠣᠢ ?
       ᠡᠬᠦᠳᠠ ᠤᠡᠭᠭᠤᠶᠢᠨ ᠠᠯᠪᠠᠨ ᠤ ᠨᠣᠶᠠᠨ ᠬᠡᠮᠡᠷ ᠬᠣᠪᠴᠠᠯᠠᠭᠰᠠᠨ ᠭᠡᠷ ᠤᠨ ᠡᠵᠡᠨ ᠭᠠᠷᠴᠣ ᠢᠷᠡᠭᠡᠳ ᠮᠣᠲ᠋ᠣᠷ ᠢᠶᠡᠨ ᠭᠠᠯᠯᠠᠨ ᠨᠣᠴᠣᠭᠠᠭᠠᠳ  ᠠᠶᠢᠯ ᠵᠦᠭ ᠳᠠᠪᠬᠢᠭᠣᠯᠵᠣ ᠶᠠᠪᠣᠵᠠᠢ ᠃
      ᠰᠦᠨᠢ  ᠬᠠᠭᠠᠰ ᠦᠢᠷᠠᠳᠴᠠᠢ ᠃
       ᠬᠠᠯᠳᠠᠷ ᠤᠨ ᠭᠡᠳᠡᠰᠣ ᠪᠠᠰᠠ ᠯᠠ ᠭᠣᠷᠴᠢᠬᠢᠨᠠᠵᠣ ᠡᠬᠢᠯᠠᠪᠠ ᠃  ᠰᠠᠶ᠋ᠢ  ᠶ᠋ᠢᠨ ᠵᠢᠭᠠᠬᠠᠨ ᠣᠯᠵᠣ ᠢᠳᠡᠭᠰᠡᠨ ᠬᠠᠭᠠᠷᠢᠭᠰᠠᠨ ᠳᠠᠬᠢᠶᠠᠨ ᠦᠨᠳᠡᠭᠡ ᠂ ᠳᠠᠬᠦᠨ ᠤ ᠦᠯᠦᠨ ᠭᠡᠳᠡᠰᠣ ᠶ᠋ᠢᠨ ᠦᠨᠴᠦᠭ ᠢ  ᠴᠦ ᠳᠦᠬᠦᠷᠭᠡᠵᠣ ᠳᠠᠢᠯᠦᠭᠰᠡᠨ ᠦᠭᠡᠢ ᠨᠢ ᠮᠠᠳᠡᠭᠡᠵᠢ ᠃
      ᠶᠠᠭᠠᠬᠢᠳᠠᠭ ᠪᠢᠯᠠ ?
      ᠴᠣᠡᠭᠬᠣᠨ ᠡᠴᠠ ᠳᠸᠯᠸᠢᠰ ᠤᠨ ᠴᠡᠭᠡᠨ ᠭᠡᠷᠡᠯ ᠬᠠᠷᠪᠣᠵᠣ ᠪᠠᠢᠬᠣ ᠪᠠᠷ ᠨᠢ ᠦᠵᠡᠬᠦ ᠳ᠋ᠤ ᠡᠵᠡᠭᠳᠡᠢ ᠠᠷᠠᠢ ᠣᠨᠳᠠᠭ᠎ᠠ ᠦᠭᠡᠢ ᠪᠣᠯᠣᠯᠳᠠᠢ ᠃ ᠳᠠᠷᠠ ᠬᠦᠵᠦᠬᠦᠨ ᠳ᠋ᠤ ᠬᠢ ᠬᠢᠨᠵᠢ ᠪᠠᠨ ᠬᠦᠴᠦᠳᠠᠢ ᠰᠠᠵᠢᠯᠠᠨ ᠬᠠᠷᠴᠢᠬᠢᠨᠠᠭᠣᠯᠵᠣ ᠳᠣᠭᠣᠰᠬᠠᠨ ᠱᠠᠯᠠ ᠶ᠋ᠢ ᠡᠮᠦᠨ᠎ᠠ ᠬᠣᠶᠠᠷ ᠬᠠ ᠪᠠᠷ ᠢᠶᠡᠨ ᠮᠠᠯᠳᠠᠨ ᠭᠠᠰᠠᠯᠵᠤ ᠡᠬᠢᠯᠠᠳᠠᠯ᠎ᠠ ᠂ ᠮᠸᠲ᠋ᠷ ᠢᠯᠠᠬᠦᠦ ᠳᠣᠭᠣᠰᠬᠠᠨ ᠭᠡᠷᠡᠮ ᠳᠡᠭᠡᠬᠦᠷ ᠨᠢᠭᠡᠨ ᠪᠠᠷᠠᠭᠠᠨ ᠰᠠᠬᠦᠳᠠᠷ ᠨᠡᠳᠦᠰᠬᠢᠨ ᠪᠠᠭᠣᠵᠣ ᠢᠷᠡᠪᠡ ᠃ ᠰᠠᠷᠠᠨ ᠤ ᠴᠡᠭᠡᠠ ᠭᠡᠷᠡᠯ ᠬᠢᠭᠡᠳ ᠬᠠᠷᠠᠡᠭᠭᠣᠢ ᠳ᠋ᠤ ᠨᠠᠪᠳᠠ ᠬᠠᠷᠠᠳᠠᠭ ᠬᠠᠯᠳᠠᠷ ᠤᠨ  ᠬᠣᠷᠴᠠ ᠨᠢᠳᠣᠨ ᠳ᠋ᠤ ᠰᠢᠷ᠎ᠠ ᠭᠡᠵᠢᠭᠡ ᠲᠠᠢ ᠳᠣᠯᠣᠭᠠᠢ ᠰᠡᠭᠰᠡᠯᠵᠠᠨ ᠬᠠᠷᠠᠭᠳᠠᠪᠠ ᠃
ᠦᠨᠦᠳᠣᠷ ᠤᠨ ᠢᠷᠡᠭᠰᠡᠨ ᠦᠨᠦ ᠰᠢᠷ᠎ᠠ ᠭᠡᠵᠢᠭᠡᠳᠣ ᠵᠣᠴᠢᠨ  ᠪᠠᠶᠢᠵᠠᠢ ᠃
      ᠵᠣᠴᠢᠨ  ᠴᠦ ᠪᠣᠯᠣᠭ ᠂ ᠵᠤᠯᠪᠢᠡᠭ  ᠴᠦ ᠪᠣᠯᠣᠭ ᠂ ᠡᠵᠡᠨ ᠳ᠋ᠤ ᠪᠠᠨ ᠴᠢᠮᠡᠭᠡ ᠳᠠᠮᠵᠢᠭᠣᠯᠬᠣ ᠨᠢ ᠮᠢᠨᠣ  ᠴᠤᠷ ᠤᠨ ᠭᠠᠭᠴᠠ ᠡᠬᠦᠷᠭᠡ ᠭᠡᠰᠡᠨ ᠭᠡᠮᠡᠷ ᠬᠠᠯᠳᠠᠷ  ᠨᠠᠶᠢᠷ ᠦᠭᠡᠢ ᠠᠭᠰᠣᠮᠨᠠᠵᠣ ᠬᠣᠴᠠᠵᠣ ᠭᠠᠷᠴᠠᠢ ᠃
      ᠦᠨᠦ ᠰᠢᠷ᠎ᠠ ᠭᠡᠵᠢᠭᠡᠳᠣ ᠬᠡᠳᠦᠶᠢᠨ ᠪᠡᠯᠡᠳᠭᠡᠭᠰᠡᠨ ᠭᠡᠮᠡᠷ ᠬᠠᠮᠢᠭ᠎ᠠ  ᠨᠢᠭᠡᠨ ᠭᠠᠵᠠᠷ ᠡᠴᠠ ᠪᠠᠨ  ᠰᠦᠨ ᠡᠭᠡᠳᠡᠩ ᠬᠠᠪᠴᠢᠭᠣᠯᠣᠭᠰᠡᠨ ᠪᠣᠭᠣᠷᠰᠣᠭ ᠢ ᠳᠠᠬᠦᠨ ᠤ ᠵᠦᠭ ᠰᠢᠳᠠᠨ ᠦᠭᠬᠦᠭᠡᠳ ᠄  《 ᠭᠠᠷ ᠂  ᠪᠠᠶᠢᠭ ᠂ ᠣᠶᠣ ᠣᠶᠣ 》 ᠭᠡᠵᠣ ᠬᠦᠰᠢᠬᠦᠨ ᠭᠡᠯᠡ ᠪᠠᠷ ᠬᠦᠡᠭᠭᠡᠨ ᠳᠣᠣᠭᠠᠷᠴᠠᠢ ᠃
ᠰᠠᠶᠢᠬᠠᠨ ᠦᠯᠦᠨ ᠭᠡᠳᠡᠰᠣ ᠪᠠᠨ ᠬᠣᠷᠴᠢᠬᠢᠭᠣᠯᠣᠨ ᠠᠷᠭ᠎ᠠ ᠠᠭᠠᠰᠢ ᠠᠯᠳᠠᠷᠠᠵᠤ ᠪᠠᠢᠭᠰᠠᠨ ᠬᠠᠯᠳᠠᠷ ᠠᠮᠳᠠᠳᠣ ᠦᠨᠦᠷ ᠬᠠᠡᠭᠬᠤᠯᠤᠭᠰᠠᠨ ᠪᠣᠭᠣᠷᠰᠣᠭ ᠣᠯᠵᠣ ᠡᠮᠬᠦᠭᠡᠳ ᠰᠢᠷ᠎ᠠ ᠭᠡᠵᠢᠭᠡᠳᠣ ᠶ᠋ᠢ ᠳᠡᠬᠢᠵᠣ ᠬᠠᠮᠢᠶᠠᠷᠬᠣ ᠪᠠᠨ ᠪᠣᠯᠢᠵᠣ ᠬᠢᠨᠵᠢ ᠳᠠᠷᠴᠢᠬᠢᠨᠠᠭᠣᠯᠣᠨ ᠣᠭ ᠣᠷᠣᠨ ᠳ᠋ᠤ ᠪᠠᠨ ᠪᠣᠴᠠᠵᠠᠢ ᠃
ᠳᠠᠬᠦᠨ ᠢ ᠠᠮᠳᠠᠳᠣ ᠪᠣᠭᠣᠷᠰᠣᠭ ᠢᠶᠡᠨ ᠪᠦᠬᠦᠨ ᠢ ᠢᠳᠡᠵᠣ ᠪᠠᠷᠠᠭᠠᠳ ᠨᠠᠭᠠᠰᠢᠯᠠᠬᠣ ᠳ᠋ᠤ ᠭᠡᠷ ᠳᠣᠳᠣᠷᠠᠬᠢ ᠲᠸᠯᠸᠢᠰ ᠪᠠ ᠳ᠋ᠸᠡᠭ ᠪᠦᠷ ᠤᠡᠲᠠᠷᠠᠵᠤ ᠣᠷᠴᠢᠨ ᠳᠣᠭᠣᠷᠢᠨ ᠨᠠᠮ ᠵᠢᠮ ᠪᠣᠯᠴᠢᠬᠠᠭᠰᠠᠨ ᠪᠠᠢᠪᠠ ᠃ ᠬᠠᠯᠳᠠᠷ ᠬᠣᠷᠴᠠ ᠣᠯᠠᠭᠠᠨ ᠭᠡᠯᠡ  ᠪᠡᠷ ᠢᠶᠡᠨ ᠬᠠᠷ᠎ᠠ ᠬᠣᠰᠢᠭᠣ ᠪᠠᠨ ᠰᠣᠷᠮᠠᠭᠠᠢ ᠭᠡᠭᠴᠢ ᠳᠣᠯᠢᠶᠠᠵᠣ ᠠᠪᠬᠤ ᠳ᠋ᠥ ᠦᠨᠦ ᠰᠦᠨ ᠡᠭᠡᠳᠡᠡᠭ ‍ᠤᠨ ᠭᠣᠢᠳᠠ ᠠᠮᠳᠠ ᠳᠠᠬᠢᠨ ᠠᠮᠳᠠᠯᠠᠭᠳᠠᠬᠣ ᠰᠢᠣᠬᠠᠨ ᠪᠣᠯᠬᠣ ᠪᠡᠷ ᠳᠡᠰᠭᠡᠯ ᠦᠭᠡᠢ ᠡᠮᠦᠨ᠎ᠠ ᠬᠣᠶᠠᠷ ᠬᠠ ᠪᠠᠷ ᠢᠶᠡᠨ ᠴᠣᠡᠭᠬᠣᠨ  ᠲᠠᠶᠢᠵᠠ ᠶᠢ ᠳᠦᠰᠢᠵᠣ ᠬᠠᠷ᠎ᠠ ᠬᠣᠰᠢᠭᠣ ᠪᠠᠨ ᠴᠣᠡᠭᠬᠣᠨ ᠵᠠᠪᠰᠠᠷ ᠢᠶᠠᠷ ᠦᠢᠷᠠᠳᠣᠭᠣᠯᠵᠠᠢ ᠃
      ᠭᠡᠷ ᠳᠣᠳᠣᠷ᠎ᠠ ᠡᠴᠠ ᠦᠨᠦᠷᠳᠣ ᠣᠰᠣ ᠪᠣᠯᠣᠨ ᠭᠡᠵᠢᠭᠡ ᠤᠬᠢᠶᠠᠬᠤ ᠰᠢᠡᠭᠭᠡᠨ ‍ᠤ ᠰᠣᠳᠣᠨ ᠰᠠᠢᠬᠠᠨ ᠦᠨᠦᠷ ᠦᠨᠦᠷᠳᠦᠭᠳᠡᠵᠣ ᠪᠠᠢᠪᠠ ᠃ ᠬᠠᠶᠠ ᠬᠠᠶᠠ ᠰᠢᠷ᠎ᠠ ᠭᠡᠵᠢᠭᠡᠳᠣ ᠶ᠋ᠢᠨ ᠬᠠᠭᠣᠷᠮᠠᠭ ᠢᠨᠢᠶᠠᠳᠣ ᠪᠣᠯᠣᠨ ᠡᠵᠡᠭᠳᠡᠢ ᠶ᠋ᠢᠨ ᠡᠷᠬᠡᠯᠡᠡᠭᠬᠦᠢ ᠣᠶᠠᠬᠠᠨ ᠳᠠᠭᠣᠨ ᠰᠣᠨᠣᠰᠳᠠᠵᠣ  ᠪᠠᠶᠢᠭᠰᠠᠨ ᠢᠶᠡᠨ ᠪᠦᠷ ᠰᠠᠬᠦᠯ ᠳ᠋ᠤ ᠰᠦᠨ ᠡᠭᠡᠳᠡᠡᠭ ᠳᠠᠮᠰᠢᠶᠠᠯᠠᠬᠣ ᠳᠠᠭᠣᠨ ᠰᠢᠣᠬᠠᠨ ᠠᠨᠢᠷ ᠳᠣᠭᠣᠯᠳᠠᠵᠣ ᠢᠷᠡᠬᠦ ᠪᠠᠷ  ᠳᠠᠳᠠ ᠬᠣᠶᠠᠷ ᠬᠠᠷᠠᠡᠭᠭᠣᠢ ᠶ᠋ᠢᠨ ᠳᠣᠮᠳᠠ  ᠠᠮᠳᠠᠳᠦ ᠪᠣᠭᠣᠷᠰᠣᠭ ᠢᠶᠡᠨ ᠬᠣᠪᠢᠶᠠᠯᠴᠠᠨ ᠢᠳᠡᠵᠣ  ᠪᠠᠶᠢᠨ᠎ᠠ ᠭᠡᠵᠣ ᠰᠡᠳᠬᠢᠭᠰᠡᠨ ᠬᠠᠯᠳᠠᠷ ᠤᠨ ᠬᠣᠭᠣᠯᠠᠢ ᠶ᠋ᠢᠨ ᠬᠣᠷᠣᠬᠠᠢ ᠨᠢ ᠠᠷᠪᠠᠯᠵᠠᠨ ᠡᠮᠦᠨ᠎ᠠ ᠬᠣᠶᠠᠷ ᠬᠠ ᠪᠠᠷ ᠢᠶᠡᠨ ᠴᠣᠡᠭᠬᠣᠨ ᠰᠢᠯ ᠢ ᠬᠦᠴᠦᠳᠠᠢ ᠭᠡᠭᠴᠢ ᠮᠠᠯᠳᠠᠵᠣ ᠭᠠᠰᠠᠯᠵᠤ  ᠡᠬᠢᠯᠠᠪᠠ ᠃
      ᠨᠠᠯᠢᠶᠠᠳ ᠣᠳᠠᠭᠠᠳ ᠰᠦᠨ ᠡᠭᠡᠳᠡᠡᠭ ᠲᠠᠢ 《 ᠪᠣᠭᠣᠷᠰᠣᠭ 》 ᠢᠶᠠᠷ ᠴᠠᠳᠣᠭᠰᠠᠨ ᠰᠢᠷ᠎ᠠ ᠭᠡᠵᠢᠭᠡᠳᠣ ᠡᠬᠦᠳᠠ ᠵᠡᠪᠰᠠᠷᠯᠠᠨ ᠭᠠᠷᠴᠣ ᠢᠷᠡᠭᠡᠳ ᠰᠢᠷ᠎ᠠ ᠳᠣᠯᠣᠭᠠᠢ ᠪᠠᠨ ᠡᠶᠢᠰᠢ ᠲᠡᠶᠢᠰᠢ ᠭᠡᠰᠡᠭ ᠬᠣᠯᠴᠠᠭᠴᠠᠭᠣᠯᠵᠣ  ᠪᠠᠶᠢᠭᠰᠠᠨ ᠢᠶᠡᠨ ᠮᠦᠨ ᠯᠠ ᠭᠡᠷᠡᠮ ᠳᠠᠪᠠᠵᠣ ᠠᠷᠢᠯᠵᠣ ᠣᠳᠣᠭᠰᠠᠨ ᠢ ᠬᠠᠯᠳᠠᠷ ᠳᠠᠮᠠᠢ ᠶᠠᠭᠣᠮ᠎ᠠ ᠪᠣᠯᠭᠠᠭᠰᠠᠨ ᠦᠭᠡᠢ ᠪᠠᠷ ᠦᠡᠭᠭᠡᠷᠡᠵᠣ ᠪᠢᠯᠠ ᠃
      ᠨᠠᠷᠠ ᠤᠷᠭ᠎ᠠ ᠪᠠᠷᠢᠮ᠎ᠠ ᠳᠡᠭᠡᠷ᠎ᠠ ᠮᠠᠨᠳᠣᠬᠣ ᠪᠠᠷ  ᠰᠠᠶ᠋ᠢ ᠭᠡᠷ ᠤᠨ ᠡᠵᠡᠨ ᠮᠣᠲ᠋ᠣᠷ ᠫᠠᠷᠴᠢᠬᠢᠨᠠᠭᠣᠯᠣᠨ ᠬᠠᠷᠢᠵᠣ ᠢᠷᠡᠭᠡᠳ ᠰᠦᠨᠢ ᠶ᠋ᠢᠨ ᠣᠯᠵᠠ ᠪᠠᠨ ᠬᠠᠷᠮᠠᠨ ᠤ ᠪᠠᠨ ᠣᠭᠣᠳᠠ ᠶ᠋ᠢ ᠣᠷᠪᠠᠭᠣᠯᠳᠠᠯ᠎ᠠ ᠮᠠᠯᠳᠠᠵᠣ ᠭᠠᠷᠭᠠᠭᠠᠳ ᠡᠭᠡᠨᠡᠷ ᠲᠤ ᠪᠠᠨ ᠭᠠᠢᠬᠠᠭᠣᠯᠣᠨ᠎ᠠ ᠃
      —— ᠶᠠᠭᠠᠬᠢᠵᠣ  ᠪᠠᠶᠢᠨ᠎ᠠ ? ᠬᠠᠶᠢᠷᠠᠲᠦ 《 ᠬᠠᠳᠣᠨ 》 ᠮᠢᠨᠢ ᠂ ᠬᠠᠷᠠᠯ᠎ᠠ ᠪᠢᠵᠠ ? ᠡᠨᠡ ᠪᠣᠯ ᠦᠴᠦᠭᠡᠳᠣᠷ ᠰᠦᠨᠢ ᠶ᠋ᠢᠨ ᠣᠯᠵᠠ ᠰᠢᠣ ᠳ᠋ᠠ ᠂ ᠮᠢᠡᠭᠭ᠎ᠠ ᠵᠢᠷᠭᠣᠭᠠᠨ ᠵᠠᠭᠣᠨ ᠳᠦᠬᠦᠷᠢᠭ ᠰᠢᠣ ᠃ ᠨᠠᠢᠳᠠ ᠨᠠᠢᠮᠠᠨ ᠰᠢᠷᠡᠭᠡ ᠮᠠᠵᠢᠶᠠᠡᠭ ᠨᠠᠭᠠᠳᠤᠭᠤᠯᠵᠠᠢ ᠃ ᠰᠢᠷᠡᠭᠡ ᠪᠦᠷᠢ ᠡᠴᠠ ᠬᠣᠶᠠᠷ ᠵᠠᠭᠣᠨ ᠳᠦᠬᠦᠷᠢᠭ ᠬᠤᠷᠢᠶᠠᠭᠰᠠᠨ ᠃ ᠰᠢᠷ᠎ᠠ ᠠᠬ᠎ᠠ ᠰᠦᠨᠢ ᠪᠦᠷᠢ ᠳᠠᠬᠦᠨ ᠳ᠋ᠤ ᠳᠠᠪᠣᠨ ᠵᠠᠭᠣᠨ ᠳᠦᠬᠦᠷᠢᠭ ᠳᠣᠰᠢᠶᠠᠪᠠᠯ ᠪᠣᠯᠴᠢᠬᠠᠨ᠎ᠠ ᠭᠡᠵᠣ ᠭᠡᠯᠡᠯᠴᠡᠵᠣ ᠳᠣᠭᠳᠠᠭᠰᠠᠨ ᠃ ᠳᠠᠬᠦᠨ ᠤ 《  ᠭᠠᠶᠢᠯᠢ 》 ᠶ᠋ᠢ ᠨᠢ ᠳᠣᠰᠢᠶᠠᠭᠠᠳ ᠪᠠᠰᠠ ᠮᠢᠡᠭᠭ᠎ᠠ ᠨᠢᠭᠡ ᠵᠠᠭᠣᠨ ᠳᠦᠬᠦᠷᠢᠭ ᠦᠯᠠᠳᠠᠵᠠᠢ ᠰᠢᠣ ᠁ ᠡᠨᠡ ᠶᠠᠡᠭᠵᠣ ᠪᠠᠷ ᠠᠷᠪᠠᠨ ᠡᠳᠣᠷ ᠲᠤ ᠳᠦᠮᠠ ᠢᠯᠠᠬᠦᠦ ᠳᠦᠬᠦᠷᠢᠭ ᠬᠣᠳᠬᠣᠭᠠᠳ ᠣᠯᠴᠢᠬᠠᠨ᠎ᠠ ᠰᠢᠣ ᠁

ᠬᠣᠶᠠᠷ

      ᠬᠠᠶᠢᠯ ᠪᠠᠭᠣᠵᠣ ᠬᠠᠭᠳᠠ ᠬᠦᠭᠡᠷᠡᠭᠰᠡᠨ ᠬᠠᠪᠣᠷ ᠤᠨ ᠣᠯᠠᠷᠢᠯ ᠪᠣᠯᠵᠣ ᠢᠷᠡᠪᠡ ᠃ ᠬᠠᠪᠢ ᠵᠡᠷᠭᠡᠯᠡᠳᠡᠭᠡ ᠠᠢᠯ ᠤᠳ ᠤᠨ ᠬᠢᠨ ᠪᠦᠷ ᠬᠠᠪᠣᠷ ᠤᠨ ᠳᠠᠷᠢᠯᠭ᠎ᠠ ᠂ ᠬᠣᠨᠢ ᠮᠠᠯ ᠳ᠋ᠤ ᠪᠠᠨ ᠶᠠᠭᠠᠷᠠᠵᠣ ᠡᠬᠢᠯᠠᠬᠦ ᠳ᠋ᠤ ᠬᠠᠯᠳᠠᠷ ᠤᠨ ᠡᠬᠦᠳᠠᠨ ᠳ᠋ᠤ ᠬᠠᠷᠢᠨ ᠨᠠᠮ ᠵᠢᠮ ᠭᠡᠪ ᠢᠶᠠᠷ ᠢᠶᠡᠨ ᠃ ᠭᠡᠷ ᠤᠨ ᠡᠵᠡᠨ ᠣᠷᠴᠢᠮ ᠬᠣᠷᠢ ᠭᠠᠷᠣᠢ ᠪᠦᠳᠦᠬᠦᠨ ᠮᠠᠯ ᠪᠣᠯᠣᠨ ᠬᠣᠶᠠᠷ ᠵᠠᠭᠣ ᠭᠠᠷᠣᠢ  ᠮᠦ ᠳᠠᠷᠢᠶ᠎ᠠ ᠪᠠᠨ ᠪᠦᠷ ᠪᠣᠰᠣᠳ ᠲᠤ ᠬᠣᠳᠠᠯᠳᠣᠵᠣ ᠳᠦᠷᠢᠶᠡᠰᠦᠯᠡᠭᠰᠡᠨ ᠪᠣᠯᠬᠣᠷ ᠳᠠᠬᠦᠨ ᠳ᠋ᠤ ᠬᠢᠮᠠᠷ ᠠᠵᠢᠯ ᠭᠡᠵᠣ  ᠪᠠᠶᠢᠭ᠎ᠠ ᠦᠭᠡᠢ ᠃ ᠵᠦᠪᠭᠡᠨ ᠰᠦᠨᠢ ᠰᠦᠨᠢ ᠮᠠᠵᠢᠶᠠᠡᠭ ᠤᠨ ᠳᠠᠯᠠᠪᠠᠢ ᠮᠠᠨᠠᠬᠣ ᠨᠢ ᠳᠠᠬᠦᠨ ᠤ ᠬᠠᠮᠣᠭ ᠳᠣᠷᠠᠳᠠᠢ ᠮᠦᠷᠳᠡᠭᠡᠨ ᠬᠠᠮᠣᠭ ᠣᠯᠵᠠ ᠲᠠᠢ ᠠᠵᠣ ᠪᠣᠯᠵᠠᠢ ᠃ ᠨᠢᠭᠡᠯᠭᠡᠨ ᠰᠠᠷ᠎ᠠ ᠶ᠋ᠢᠨ ᠳᠣᠳᠣᠷ᠎ᠠ ᠳᠠᠷᠠ 《 ᠮᠠᠵᠢᠶᠠᠡᠭ ᠮᠠᠨᠠᠭᠠᠴᠢ 》 ᠶ᠋ᠢᠨ ᠠᠵᠢᠯ ᠡᠴᠠ ᠪᠠᠨ ᠨᠢᠭᠡᠨᠳᠠ ᠬᠣᠶᠠᠷ ᠳᠦᠮᠠ ᠭᠠᠷᠣᠢ ᠳᠦᠬᠦᠷᠢᠭ ᠡᠪᠦᠷᠯᠡᠴᠢᠭᠡᠭᠰᠡᠨ ᠰᠡᠳᠬᠢᠯ ᠬᠠᠨᠣᠮᠵᠢᠳᠠᠢ ᠶᠠᠪᠣᠨ᠎ᠠ ᠃
       ᠨᠠᠮᠣᠷ ᠤᠨ ᠦᠶ᠎ᠠ ᠪᠠᠷ ᠪᠠᠯᠭᠠᠰᠣᠨ ᠡᠴᠠ ᠠᠰᠠᠷ ᠠᠪᠴᠣ ᠰᠠᠭᠤᠷᠢᠰᠢᠬᠤ ᠪᠠᠷ ᠪᠠᠶᠢᠭ᠎ᠠ ᠮᠦᠷᠲᠡᠭᠡᠨ ᠰᠢᠷ᠎ᠠ ᠠᠬ᠎ᠠ ᠶ᠋ᠢᠨ ᠣᠳᠠᠯ ᠦᠭᠡᠢ ᠡᠷᠬᠢᠯᠠᠬᠦ ᠭᠡᠵᠣ  ᠪᠠᠶᠢᠭ᠎ᠠ ᠪᠠᠯᠭᠠᠰᠣᠨ ᠤ ᠬᠠᠮᠣᠭ ᠳᠣᠮᠣ ᠮᠦᠷᠦᠢ ᠶ᠋ᠢᠨ ᠳᠠᠯᠠᠪᠠᠢ ᠶ᠋ᠢᠨ ᠳᠠᠳ᠋ ᠡᠵᠡᠡᠲᠡᠨ ᠪᠣᠯᠬᠣ ᠪᠠᠷ  ᠪᠠᠶᠢᠭ᠎ᠠ ᠪᠣᠯᠬᠣᠷ ᠬᠦᠳᠡᠭᠡ ᠳᠠᠷᠢᠶᠠᠨ ᠤ ᠬᠠᠷ᠎ᠠ ᠪᠣᠷᠣ ᠠᠵᠢᠯ ᠨᠢ ᠳᠠᠬᠦᠨ ᠳ᠋ᠤ ᠬᠣᠯᠠ ᠴᠢᠮᠡᠯᠠᠭᠳᠠᠵᠣ ᠳᠣᠣᠷᠠᠳᠣ ᠳᠠᠪᠬᠣᠷᠭ᠎ᠠ ᠶ᠋ᠢᠨ ᠠᠵᠢᠯ ᠮᠠᠳᠣ ᠪᠤᠳᠤᠭᠳᠠᠨ᠎ᠠ ᠃ ᠲᠡᠶᠢᠨ ᠬᠦ ᠳᠦᠮᠠᠨ ᠳᠦᠴᠢᠬᠢᠨᠡᠭᠰᠡᠨ ᠬᠠᠪᠣᠷ ᠤᠨ ᠶᠠᠭᠠᠷᠠᠣ ᠴᠠᠭ ᠳᠠᠷᠠ ᠭᠠᠭᠴᠠᠭᠠᠷ ᠨᠡᠭᠡᠭᠡᠯᠳᠠᠢ ᠴᠣᠡᠭᠬᠣ ᠪᠠᠷ ᠬᠦᠯ ᠢᠶᠡᠨ ᠭᠠᠷᠭᠠᠵᠣ ᠂ ᠬᠦᠷᠪᠠᠵᠣ ᠣᠷᠪᠠᠵᠣ  ᠪᠠᠶᠢᠨ ᠣᠨᠳᠠᠬᠣ ᠭᠡᠭᠴᠢ ᠦᠨᠡᠭᠡᠷ  ᠭᠡᠯᠡᠵᠣ  ᠲᠡᠶᠢᠯᠣᠮ᠎ᠡ ᠦᠭᠡᠢ ᠬᠠᠪᠣ ᠵᠢᠷᠭᠠᠯᠳᠠᠢ ᠰᠠᠨᠠᠭᠳᠠᠨ᠎ᠠ ᠃
ᠦᠨᠦᠳᠣᠷ ᠦᠳᠠ ᠦᠡᠭᠭᠡᠷᠡᠬᠦ ᠶ᠋ᠢᠨ ᠦᠶ᠎ᠠ ᠪᠠᠷ ᠭᠡᠷ ᠤᠨ ᠡᠵᠡᠨ ᠭᠠᠷᠴᠣ ᠢᠷᠡᠨ ᠨᠤᠤᠬᠠᠳᠤᠵᠤ  ᠰᠡᠶᠢᠮᠡᠶᠢᠭᠰᠡᠨ ᠨᠢᠳᠣ ᠪᠠᠨ ᠨᠣᠬᠣᠯᠣᠨ ᠪᠠᠢᠵᠣ ᠮᠣᠲ᠋ᠣᠷ ᠢᠶᠡᠨ ᠭᠠᠯᠯᠠᠨ  ᠠᠶᠢᠯ ᠵᠦᠭ ᠳᠠᠪᠬᠢᠭᠣᠯᠵᠣ ᠣᠳᠣᠭᠰᠠᠨ ᠨᠢ ᠮᠦᠨ ᠯᠠ ᠮᠠᠵᠢᠶᠠᠡᠭ ᠤᠨ ᠳᠠᠯᠠᠪᠠᠢ ᠪᠠᠨ ᠬᠣᠮᠢᠵᠣ ᠳᠢᠭᠯᠡᠬᠦ ᠪᠠᠷ ᠶᠠᠪᠣᠭᠰᠠᠨ ᠪᠣᠯᠣᠯᠳᠠᠢ ᠂ ᠳᠠᠪᠣ ᠳᠣᠯᠣᠭᠠᠨ ᠡᠳᠣᠷ ᠲᠤ  ᠲᠡᠭᠡᠵᠦ ᠨᠢᠭᠡ  ᠣᠳᠠᠭ᠎ᠠ 《 ᠡᠷᠳᠡᠯᠠᠨ 》 ᠣᠴᠢᠵᠣ  ᠲᠠᠮᠠᠬᠢᠨ  ᠭᠣᠣᠷᠠᠰᠦ ᠳᠦᠬᠦᠷᠦᠭᠰᠡᠨ ᠱᠠᠯᠠ ᠬᠦᠰᠠᠷ ᠢ ᠨᠢ ᠠᠷᠢᠯᠭᠠᠵᠣ ᠴᠡᠪᠡᠷᠯᠡᠳᠡᠭ ᠨᠢ  ᠲᠡᠭᠦᠨ ᠤ ᠡᠳᠣᠷ ᠢᠶᠠᠷ ᠬᠢᠳᠡᠭ ᠴᠤᠷ ‍ᠤᠨ ᠭᠠᠡᠡᠴᠠ ᠠᠵᠢᠯ ᠭᠡᠳᠡᠭ ᠢ ᠬᠠᠯᠳᠠᠷ  ᠴᠦ ᠳᠣᠳᠣᠷᠬᠠᠢ ᠮᠡᠳᠡᠬᠦ ᠪᠣᠯᠵᠠᠢ ᠃
      ᠡᠵᠡᠨ ᠨᠢ ᠶᠠᠪᠣᠭᠠᠳ ᠳᠠᠮᠠᠢ ᠣᠳᠠᠯ ᠦᠭᠡᠢ ᠴᠠᠮᠴᠠᠢᠳᠠᠯ᠎ᠠ ᠭᠣᠶᠣᠯᠠᠵᠣ ᠵᠠᠰᠠᠭᠰᠠᠨ ᠡᠵᠡᠭᠳᠡᠢ ᠭᠣᠶᠣ ᠬᠢᠴᠠ ᠲᠠᠢ ᠭᠠᠷ ᠣᠳᠠᠰᠣ ᠪᠠᠨ ᠠᠯᠳᠠᠨ ᠡᠭᠡᠮᠦᠭ ᠰᠠᠵᠢᠯᠠᠭᠰᠠᠨ ᠦᠷᠦᠭᠡᠰᠣᠨ ᠴᠢᠬᠢᠨ ᠳ᠋ᠤ ᠪᠠᠨ ᠨᠠᠭᠠᠯᠳᠣᠭᠣᠯᠣᠨ ᠭᠠᠷᠴᠣ ᠢᠷᠡᠭᠡᠳ ᠬᠦᠷᠢᠶᠠᠨ ᠳᠣᠮᠳᠠᠭᠣᠷ ᠰᠣᠯᠠ ᠠᠯᠬᠣᠯᠠᠨ ᠭᠡᠨ ᠨᠢᠭᠡᠨ ᠲᠠᠢ ᠶᠠᠷᠢᠯᠴᠠᠨ᠎ᠠ ᠃
       —— ᠬᠦᠢ ᠂ ᠳᠡᠭᠡᠭᠡᠳ ᠪᠢᠳᠠ ᠭᠡᠵᠢᠶ᠎ᠠ ᠪᠠᠷ ᠮᠣᠷᠳᠠᠬᠣ ᠪᠣᠢ ? ᠣᠳᠣᠬᠠᠨ ᠳ᠋ᠤ ᠪᠢ ᠪᠡᠯᠡᠳᠭᠡᠭᠡᠳ ᠨᠠᠯᠢᠶᠠᠳ ᠪᠦᠷᠢᠨ ᠳᠦᠬᠦᠷ ᠪᠣᠯᠣᠭᠰᠠᠨ ᠃
      —— ᠠ ᠂ ᠮᠠᠷᠭᠠᠰᠢ ᠡ ? ᠮᠠᠷᠭᠠᠰᠢ ᠪᠣᠯᠬᠣ ᠦᠭᠡᠢ ᠃ ᠮᠠᠷᠭᠠᠰᠢ ᠭᠡᠦᠭᠡᠳ ᠰᠣᠷᠭᠠᠭᠣᠯᠢ ᠡᠴᠠ ᠪᠠᠨ ᠬᠠᠷᠢᠵᠦ ᠢᠷᠡᠨ᠎ᠠ ᠃ ᠶᠠᠭᠠᠬᠢᠯ᠎ᠠ  ᠴᠦ ᠭᠡᠰᠡᠨ 《 ᠪᠢᠴᠢᠬᠠᠨ  ᠭᠠᠶᠢᠬᠠᠯ》 ᠢ ᠨᠢᠭᠡ  ᠣᠳᠠᠭ᠎ᠠ ᠠᠷᠭᠠᠯᠠᠵᠦ ᠶᠠᠪᠣᠭᠣᠯᠣᠶ᠎ᠠ ᠳ᠋ᠠ ! ᠭᠠᠷᠠᠭ ᠤᠨ ᠨᠢᠭᠡᠨ ᠳ᠋ᠤ ᠰᠣᠷᠭᠠᠭᠣᠯᠢ ᠨᠢ ᠡᠬᠢᠯᠠᠴᠢᠭᠡᠨ᠎ᠠ ᠃ ᠬᠣᠶᠠᠷ ᠡᠳᠣᠷ ᠤᠨ ᠠᠮᠠᠷᠠᠯᠳᠠ ᠰᠢᠳᠠ ᠃ ᠭᠠᠷᠠᠭ ᠤᠨ ᠬᠣᠶᠠᠷ ᠂  ᠳᠠᠶᠢᠮᠤ ᠂ ᠭᠠᠷᠠᠭ ᠤᠨ ᠬᠣᠶᠠᠷ ᠢᠶᠠᠷ ᠳᠣᠭᠳᠠᠴᠢᠬᠠᠶ᠎ᠠ ! ᠪᠣᠯᠵᠠᠢ ᠡ ᠂ ᠭᠠᠷᠠᠭ ᠤᠨ ᠬᠣᠶᠠᠷ  ᠡᠴᠠ ᠡᠬᠢᠯᠡᠭᠡᠳ ᠡᠳᠣᠷ ᠡᠳᠣᠷ ᠶᠠᠭᠠᠬᠢᠳᠠᠭ ᠢᠶᠡᠨ ᠦᠪᠡᠷᠳᠡᠭᠡᠨ  ᠮᠡᠳᠡ ᠳ᠋ᠠ ᠃ ᠬᠣᠶᠠᠷᠬᠠᠨ ᠬᠣᠨᠣᠭ ‍ᠢ  ᠴᠦ ᠳᠠᠰᠴᠣ ᠳᠠᠢᠯᠬᠦ  ᠦᠭᠡᠢ ᠪᠤᠯᠴᠢᠬᠠᠪᠠ ᠤᠣ ᠭᠡᠵᠣ ᠡᠵᠡᠭᠳᠡᠢ ᠡᠷᠬᠡᠯᠡᠡᠭᠬᠦᠢ ᠲᠤᠨᠢᠷᠬᠠᠡᠭᠭᠤᠢ ᠶᠠᠷᠢᠡᠡᠰᠠᠭᠠᠷ ᠭᠠᠷ ᠣᠳᠠᠰᠣ ᠪᠠᠨ ᠬᠣᠮᠢᠵᠣ  ᠳᠠᠷᠤᠭᠠᠳ ᠬᠠᠷᠮᠠᠨ ᠳ᠋ᠤ ᠪᠠᠨ ᠰᠢᠷᠭᠤᠭᠤᠯᠤᠨ ᠳᠠᠬᠢᠨ ᠠᠮᠠᠨ ᠳ᠋ᠤ ᠪᠠᠨ ᠶᠠᠮᠠᠷ ᠨᠢᠭᠡᠨ ᠳᠠᠭᠣᠣ ᠬᠢᠡᠭᠰᠢᠭᠰᠡᠭᠡᠷ  ᠮᠦᠨ ᠯᠠ ᠬᠦᠷᠢᠶᠠᠨ ᠳᠣᠮᠳᠠᠭᠣᠷ ᠬᠢᠳᠡᠯ ᠠᠯᠲᠠᠨ ᠠᠯᠬᠣᠯᠠᠨ᠎ᠠ ᠃
        ᠬᠠᠯᠳᠠᠷ ᠲᠡᠭᠦᠨ ‍ᠢ ᠨᠢᠳᠣ ᠴᠠᠪᠴᠢᠯ ᠦᠭᠡᠢ ᠱᠤᠬᠤᠭᠤᠷᠬᠠᠨ ᠬᠠᠷᠠᠡᠡᠰᠠᠭᠠᠷ ᠃ ᠬᠣᠣᠰ ᠳᠦᠮᠪᠣᠭᠡᠷ ᠂ ᠬᠣᠯᠪᠣᠭᠠᠰᠣ ᠰᠢᠬ ᠪᠡᠯᠭᠡᠬᠦᠰᠦ ᠡᠴᠠ ᠨᠢ ᠡᠬᠢᠯᠡᠨ ᠬᠦᠳᠡᠯᠦᠯ ᠪᠠᠷᠢᠯ ᠳ᠋ᠤ ᠨᠢ ᠬᠦᠷᠳᠠᠯ᠎ᠠ ᠨᠢᠳᠣ ᠰᠠᠯᠭᠠᠯ ᠦᠭᠡᠢ ᠱᠤᠬᠤᠭᠤᠷᠬᠠᠨ ᠬᠠᠷᠠᠬᠣ ᠨᠢ ᠬᠠᠯᠳᠠᠷ ᠤᠨ ᠨᠢᠳᠣᠨ ᠳ᠋ᠤ ᠳᠠᠡᠭᠳᠠ ᠳᠡᠳᠡᠭᠡᠷ ᠡᠷᠭᠡᠳᠡᠨ ᠨᠢ ᠬᠣᠣᠰ ᠴᠠᠭᠠᠨ ᠮᠠᠨᠳᠠᠣ ᠪᠢᠰᠢ ᠪᠣᠯ ᠬᠦᠪᠰᠦᠬᠦᠷ ᠵᠦᠭᠡᠯᠡᠨ ᠪᠤᠤᠵᠨ ᠂ ᠰᠦᠨ ᠡᠭᠡᠳᠡᠡᠭ ᠲᠠᠢ ᠪᠣᠭᠣᠷᠰᠣᠭ ᠪᠣᠯᠵᠣ ᠬᠠᠷᠠᠬᠳᠠᠬᠣ ᠨᠢ ᠰᠢᠯᠣᠰᠣ ᠣᠷᠣᠰᠬᠠᠮᠠᠷ ᠡ ! ᠬᠠᠯᠳᠠᠷ ᠵᠠᠯᠭ᠎ᠠ ᠪᠠᠷ ᠨᠢᠭᠡ ᠭᠠᠷᠠᠭ ᠭᠡᠳᠡᠰᠦ ᠳᠦᠬᠦᠷᠡᠭᠡ ᠦᠭᠡᠢ ᠪᠢᠯᠠ ᠃ ᠭᠡᠪᠡᠴᠣ ᠳᠠᠷᠠ ᠦᠨᠦᠳᠣᠷ ᠭᠡᠳᠣᠢ ᠦᠯᠦᠰᠴᠣ ᠦᠯᠪᠠᠷᠠᠮᠠᠷ  ᠪᠠᠶᠢᠭᠰᠠᠨ  ᠴᠦ ᠳᠡᠭᠡᠵᠣ ᠭᠠᠰᠠᠯᠵᠤ ᠭᠣᠩᠰᠢᠭᠰᠠᠨ ᠦᠭᠡᠢ ᠃ ᠭᠠᠰᠠᠯᠵᠤ ᠭᠤᠡᠭᠰᠢᠯ᠎ᠠ  ᠴᠦ ᠭᠡᠰᠡᠨ ᠦᠴᠦᠭᠡᠨ  ᠴᠦ ᠳᠣᠰᠠ ᠪᠣᠯᠬᠣ ᠦᠭᠡᠢ ᠮᠦᠷᠳᠡᠭᠡᠨ ᠢᠯᠠᠬᠦᠦ ᠳ᠋ᠤ ᠪᠠᠨ ᠬᠦᠴᠦᠳᠠᠢ ᠭᠡᠳᠣ ᠥᠰᠣᠷᠴᠦ ᠰᠠᠪᠠᠯᠠᠪᠠᠯ ᠬᠦᠯ ᠨᠢ ᠴᠡᠴᠡᠷᠠᠭᠡᠣᠨ  ᠵᠣᠡᠡᠰᠣᠵᠦ  ᠳᠠᠶᠢᠯᠬᠦ ᠪᠠᠨ ᠪᠤᠯᠢᠴᠢᠬᠠᠬᠤ ᠪᠠᠨ ᠳᠠᠷᠠ  ᠰᠠᠶᠢᠨ ᠮᠠᠳᠠᠨ᠎ᠠ ᠃
       ᠦᠳᠠᠰᠢ ᠂ ᠰᠢᠷ᠎ᠠ ᠪᠦᠷᠣᠢ ᠶ᠋ᠢᠨ ᠦᠶ᠎ᠠ ᠪᠠᠷ ᠬᠠᠷᠢᠨ ᠬᠠᠯᠳᠠᠷ ᠣᠷᠢᠳᠣ ᠡᠮᠦᠨ᠎ᠠ ᠭᠠᠷᠣᠭ᠎ᠠ ᠦᠭᠡᠢ ᠦᠯᠦᠨ ᠭᠡᠳᠡᠰᠣ ᠪᠠᠨ ᠲᠡᠪᠡᠲᠡᠢ ᠳᠦᠬᠦᠷᠭᠡᠵᠣ ᠪᠢᠯᠠ ᠃ ᠣᠴᠢᠷ ᠨᠢ ᠡᠨᠡ ᠣᠷᠣᠢ ᠪᠢᠴᠢᠬᠠᠨ ᠡᠵᠡᠨ ᠨᠢ ᠰᠣᠷᠭᠠᠭᠣᠯᠢ ᠡᠴᠠ ᠪᠠᠨ ᠪᠣᠴᠠᠵᠣ ᠢᠷᠡᠭᠰᠡᠨ ᠤ ᠬᠢᠨᠢ ᠠᠴᠢ  ᠪᠠᠶᠢᠵᠠᠢ
      ᠡᠪᠡᠷ ᠰᠠᠯᠠᠭ᠎ᠠ ᠭᠡᠵᠢᠭᠡ ᠪᠠᠨ ᠣᠯᠠᠨ ᠡᠳᠣᠷ ᠡᠪᠳᠡᠢ ᠬᠦᠷᠦᠵᠣ ᠰᠠᠮᠨᠠᠭᠰᠠᠨ ᠦᠭᠡᠢ ᠰᠣᠯᠠᠷᠠᠵᠣ ᠰᠡᠭᠰᠡᠶᠢᠭᠰᠡᠨ  ᠰᠢᠢᠤᠭᠡᠨ ᠬᠠᠷᠠᠭᠳᠠᠵᠣ ᠪᠠᠢᠭᠰᠠᠨ  ᠴᠦ ᠴᠣᠭᠳᠠᠢ ᠬᠥᠭᠡᠷᠣᠬᠦᠨ ᠳᠣᠭᠣᠯ ᠬᠠᠷ᠎ᠠ ᠨᠢᠳᠣ ᠪᠠᠷ ᠢᠶᠡᠨ ᠳᠠᠬᠦᠨ ᠢ  ᠪᠠᠶᠠᠷᠳᠡᠶᠢᠬᠠᠨ ᠬᠠᠷᠠᠵᠣ ᠪᠢᠴᠢᠬᠠᠨ ᠭᠠᠷ ᠢᠶᠠᠷ ᠢᠶᠡᠨ  ᠪᠠᠶᠢᠳᠠᠭ ᠰᠠᠶᠢᠨ ᠠᠮᠳᠠᠳᠠᠢ ᠢᠳᠡᠭᠡᠨ ᠢᠶᠡᠨ ᠳᠠᠪᠠᠷᠢᠵᠣ ᠠᠪᠴᠢᠷᠠᠭᠠᠳ ᠳᠠᠬᠦᠨ ᠳ᠋ᠤ ᠤᠶᠢᠷᠠᠲᠤᠭᠤᠯᠵᠤ ᠦᠭᠬᠦᠭᠡᠳ ᠬᠠᠬᠠᠵᠤ ᠵᠠᠡᠭᠬᠢᠷᠠᠳᠠᠯ᠎ᠠ ᠵᠡᠯᠬᠢᠬᠣ ᠶ᠋ᠢ ᠨᠢ ᠬᠠᠷᠠᠭᠠᠳ ᠬᠠᠵᠠᠭᠣ ᠳ᠋ᠤ ᠨᠢ  ᠴᠠᠶᠢᠯᠭᠠᠨ ᠭᠡᠭᠴᠢ ᠢᠨᠢᠶᠠᠨ ᠵᠣᠭᠰᠣᠬᠣ ᠨᠢ ᠶᠠᠮᠠᠷ ᠳᠠᠭᠠᠳᠠᠢ ᠵᠢᠷᠭᠠᠯ ᠪᠢᠯᠠ ?
       ᠬᠠᠯᠳᠠᠷ ᠳᠠᠷᠠ ᠰᠦᠨᠢ ᠭᠡᠳᠡᠰᠣ ᠴᠠᠳᠬᠣᠯᠠᠡᠭ ᠰᠡᠳᠬᠢᠯ ᠲᠠᠶᠢᠪᠤᠭᠤᠬᠠᠨ ᠭᠢᠨᠵᠢ ᠪᠠᠨ ᠳᠠᠷᠡᠯᠡᠭᠡᠳ  ᠨᠤᠶᠢᠷᠰᠤᠵᠦ ᠪᠢᠯᠠ ᠃

ᠭᠣᠷᠪᠠ

       ᠬᠠᠬᠢᠷ ᠬᠦᠢᠳᠠᠨ ᠰᠠᠯᠬᠢ ᠦᠯᠢᠶᠡᠨ ᠴᠠᠰᠣ ᠪᠤᠲᠠᠷᠠᠭᠠᠵᠤ  ᠪᠠᠶᠢᠰᠢᠩ ᠢ ᠣᠷᠢᠶᠠᠨ ᠬᠠᠯᠳᠠᠷ ᠤᠨ ᠦᠭᠡᠳᠠ ᠡᠴᠠ  ᠨᠠᠶᠢᠷ ᠦᠭᠡᠢ ᠰᠢᠯᠪᠢᠬᠦᠷᠳᠡᠨ᠎ᠡ ᠃ ᠦᠯ ᠬᠣᠭᠣᠯᠠ ᠦᠭᠡᠢ ᠭᠡᠳᠣᠨ ᠡᠳᠣᠷ ᠪᠣᠯᠣᠭᠰᠠᠨ ᠤ ᠳᠡᠭᠡᠷ᠎ᠠ ᠡᠬᠦᠷ ᠡᠯᠣ ᠭᠡᠮᠡᠷ ᠠᠷᠭᠠᠯᠠᠵᠣ ᠳᠠᠯᠳᠠᠯᠠᠮᠠᠷ ᠶᠠᠭᠣᠮ᠎ᠠ ᠦᠭᠡᠢ ᠪᠣᠯᠬᠣᠷ ᠴᠣᠡᠭᠬᠣᠨ ᠣᠭ ᠤᠨ ᠴᠠᠰᠣ ᠣᠪᠣᠭᠠᠷᠠᠭᠰᠠᠨ ᠬᠦᠢᠳᠠᠨ ᠽᠸᠮᠸᠨ᠋ᠲ  ᠳᠠᠶᠢᠵᠠᠨ ᠳᠡᠭᠡᠬᠦᠷ ᠬᠢᠨᠵᠢ ᠳᠠᠷᠴᠢᠬᠢᠨᠠᠭᠣᠯᠣᠨ ᠭᠡᠳᠣᠨ ᠠᠯᠬᠣᠮ ᠤᠨ ᠵᠠᠢ ᠳ᠋ᠤ ᠠᠷᠭ᠎ᠠ ᠠᠭᠠᠰᠢ ᠠᠯᠳᠠᠷᠠᠨ ᠡᠶᠢᠰᠢ ᠲᠡᠶᠢᠰᠢ  ᠨᠣᠭᠣᠴᠠᠨ ᠠᠯᠬᠣᠯᠠᠨ᠎ᠠ ᠃
       ᠡᠵᠡᠭᠳᠡᠢ ᠶ᠋ᠢᠨ ᠪᠠᠷ᠎ᠠ ᠲᠠᠰᠤᠷᠠᠵᠤ ᠨᠠᠯᠢᠶᠠᠳ ᠣᠳᠠᠵᠠᠢ ᠃ ᠭᠡᠷ ᠤᠨ ᠡᠵᠡᠨ ᠡᠳᠣᠷᠵᠢᠨ ᠦᠨᠦ ᠯᠣᠡᠭᠬᠣ ᠲᠠᠢ ᠭᠠᠰᠢᠭᠣᠨ ᠣᠰᠣ ᠪᠠᠨ ᠬᠦᠡᠲᠡᠷᠴᠦ ᠂ ᠭᠠᠳᠠᠨ᠎ᠠ ᠭᠠᠷᠴᠣ ᠢᠷᠡᠬᠦ  ᠴᠤᠷ  ᠤᠨ  ᠭᠠᠭᠴᠠ ᠣᠴᠢᠷ ᠪᠣᠯ ᠳᠣᠭᠣᠰᠬᠠᠨ ᠭᠡᠷᠡᠮ ᠤᠨ ᠣᠭ ᠲᠤ ᠮᠠᠭᠣ ᠣᠰᠣ ᠪᠠᠨ  ᠠᠰᠬᠠᠬᠤ ᠶᠠᠪᠣᠳᠠᠯ ᠪᠣᠯᠣᠨ᠎ᠠ ᠃
       ᠪᠢᠴᠢᠬᠠᠨ ᠡᠵᠡᠨ ᠨᠢ ᠨᠢᠭᠣᠷ ᠴᠢᠷᠠᠢ ᠪᠠᠨ ᠬᠠᠯᠳᠠᠷᠰᠢᠭᠣᠯᠣᠨ  ᠮᠤᠶᠢᠯ  ᠬᠠᠷ᠎ᠠ ᠨᠢᠳᠣ ᠶ᠋ᠢ ᠨᠢ ᠪᠠᠷᠣᠭ ᠣᠯᠵᠣ ᠬᠠᠷᠠᠡᠡᠡᠦ ᠦᠭᠡᠢ ᠪᠣᠯᠳᠠᠯ᠎ᠠ ᠬᠠᠪᠣᠳᠴᠣ ᠡᠳᠣᠷᠵᠢᠨ ᠣᠬᠢᠯᠠᠡᠭᠬᠠᠨ ᠶᠠᠪᠣᠳᠠᠭ  ᠴᠦ ᠳᠠᠬᠦᠨ ᠳ᠋ᠤ ᠡᠳᠣᠷ ᠤᠨ ᠭᠣᠷᠪᠠᠨ  ᠡᠷᠡᠨ ᠤ ᠬᠣᠭᠣᠯᠠ ᠴᠢᠳᠬᠤᠵᠤ ᠦᠭᠳᠡᠭ ᠢᠶᠡᠨ ᠶᠠᠷᠣ ᠠᠯᠳᠠᠳᠠᠭ ᠦᠭᠡᠢ ᠪᠠᠢᠭᠰᠠᠨ ᠃ ᠭᠡᠬᠦ ᠳ᠋ᠤ ᠣᠷᠴᠢᠮ ‍ᠤᠨ ᠬᠣᠶᠠᠷ ᠡᠳᠣᠷ ᠡᠴᠠ ᠪᠢᠴᠢᠬᠠᠨ ᠡᠵᠡᠨ ᠨᠢ ᠳᠠᠬᠦᠨ ᠳ᠋ᠤ ᠬᠣᠭᠣᠯᠠ ᠭᠡᠵᠣ ᠦᠭᠬᠦ ᠪᠠᠨ ᠪᠤᠯᠢᠭᠰᠠᠨ ᠮᠥᠷᠲᠡᠭᠡᠨ ᠪᠠᠷ᠎ᠠ ᠶ᠋ᠢ ᠨᠢ ᠴᠦ ᠣᠯᠵᠣ ᠬᠠᠷᠠᠬᠣ ᠪᠠᠨ ᠪᠣᠯᠢᠭᠰᠠᠨ ᠃ ᠭᠡᠷ ᠤᠨ ᠡᠵᠡᠨ ᠨᠢ  ᠴᠦ ᠴᠣᠬᠣᠮ ᠬᠠᠮᠢᠬ᠎ᠠ ᠮᠠᠭᠣ ᠣᠰᠣ ᠪᠠᠨ ᠠᠰᠬᠠᠵᠣ ᠪᠠᠢᠭ᠎ᠠ ᠶ᠋ᠢ ᠮᠠᠳᠠᠬᠦ ᠦᠭᠡᠢ ᠃ ᠬᠢᠯᠠᠭᠠᠷ ᠴᠠᠭᠠᠨ ᠡᠬᠦᠳᠠᠨ ᠤ ᠣᠭ ᠲᠤ ᠬᠢᠯᠳᠠᠭᠠᠭᠰᠠᠨ ᠴᠠᠭᠠᠨ ᠴᠠᠰᠣ ᠬᠣᠷᠠᠨ ᠣᠪᠣᠭᠠᠷᠠᠭᠰᠠᠨ ᠭᠡᠪ ᠲᠤ ᠪᠠᠨ ᠂ ᠳᠣᠭᠣᠰᠬᠠᠨ ᠭᠡᠷᠡᠮ ᠤᠨ ᠬᠠᠵᠠᠭᠣ ᠳ᠋ᠤ ᠳᠣᠬᠣᠢ ᠤᠷᠳᠤ  ᠰᠣᠨᠣᠯᠵᠠᠭᠰᠠᠨ ᠡᠵᠡᠨ ᠤ ᠬᠢᠨᠢ ᠦᠷᠬᠦᠯᠵᠢ ᠠᠰᠬᠠᠭᠠᠳ ᠦᠷᠭᠡᠳᠭᠡᠵᠣ ᠬᠦᠯᠳᠡᠭᠡᠳᠡᠭ ᠮᠠᠭᠣ ᠣᠰᠣᠨ ‍ᠤ  ᠮᠦᠰᠣᠨ 《 ᠮᠣᠭᠠᠢ 》 ᠨᠢ  ᠴᠦ ᠮᠦᠯᠦᠶᠢᠭᠰᠡᠨ ᠭᠡᠪ ᠲᠤ ᠪᠠᠨ ᠯᠠ  ᠪᠠᠶᠢᠯ᠎ᠠ ᠃
ᠦᠳᠠ ᠶ᠋ᠢᠨ ᠦᠶ᠎ᠠ ᠪᠠᠷ ᠴᠠᠰᠣ ᠣᠯᠠᠮ ᠰᠢᠷᠦᠬᠦᠰᠴᠣ ᠡᠬᠢᠯᠠᠪᠠ ᠃ ᠬᠠᠯᠳᠠᠷ ᠡᠮᠦᠨ᠎ᠠ ᠬᠣᠶᠠᠷ ᠬᠠ ᠪᠠᠷ ᠢᠶᠡᠨ ᠡᠪᠲᠡᠶᠢᠭᠡᠨ ᠭᠡᠭᠴᠢ  ᠮᠠᠯᠳᠠᠨ  ᠪᠠᠶᠢᠵᠦ ᠬᠣᠷᠠᠭᠰᠠᠨ ᠴᠠᠰᠣᠨ ᠣᠪᠣᠭᠠᠨ ᠳᠤᠤᠭᠤᠷ  ᠬᠦᠨᠳᠠᠢ ᠨᠦᠭᠡ ᠮᠠᠯᠳᠠᠵᠣ ᠠᠪᠣᠭᠠᠳ  ᠰᠠᠶ᠋ᠢ ᠰᠠᠯᠬᠢ ᠳᠠᠯᠳᠠᠯᠠᠬᠣ ᠭᠡᠵᠣ ᠰᠢᠷᠭᠣᠨ ᠣᠷᠣᠭᠠᠳ ᠭᠡᠪᠳᠡᠵᠣ  ᠪᠠᠶᠢᠳᠠᠯ᠎ᠠ ᠂ ᠰᠠᠯᠬᠢᠨ ᠳ᠋ᠤ ᠰᠠᠵᠢᠯᠠᠭᠰᠠᠭᠠᠷ ᠪᠠᠶᠢᠵᠦ ᠰᠠᠯᠪᠠᠷᠠᠵᠦ ᠣᠨᠠᠭᠰᠠᠨ ᠬᠦᠷᠢᠶᠠᠨ ᠡᠬᠦᠳᠠ ᠪᠠᠷ ᠴᠠᠰᠣ ᠵᠠᠵᠢᠬᠢᠨᠠᠭᠣᠯᠣᠨ ᠨᠢᠭᠡᠨ ᠴᠠᠭᠳᠠᠭᠠᠨ ᠳᠡᠷᠭᠡ ᠰᠢᠭᠣᠳ ᠣᠷᠣᠵᠣ ᠢᠷᠡᠪᠡ ᠃ ᠴᠠᠭᠳᠠᠭᠠᠨ ᠲᠡᠷᠭᠡ ᠬᠦᠷᠢᠶᠠᠨ ᠳᠣᠮᠳᠠ ᠵᠣᠭᠰᠣᠵᠣ ᠡᠬᠦᠳᠡ ᠨᠢ ᠨᠡᠭᠡᠭᠡᠭᠳᠡᠨ ᠳᠠᠨᠢᠯ ᠪᠣᠰᠣ ᠭᠡᠳᠣᠨ ᠴᠠᠭᠳᠠᠭᠠᠨ ᠬᠣᠪᠴᠠᠰᠣ ᠲᠠᠢ ᠬᠦᠮᠦᠨ ᠪᠠᠭᠣᠵᠣ ᠢᠷᠡᠬᠦ ᠳ᠋ᠤ ᠨᠢ ᠬᠠᠯᠳᠠᠷ ᠶᠠᠭᠣ ᠬᠠᠢ ᠦᠭᠡᠢ ᠴᠠᠰᠣᠨ ᠡᠬᠦᠷ ᠡᠴᠠ ᠪᠠᠨ ᠰᠣᠴᠢᠳᠠᠯ᠎ᠠ ᠬᠣᠴᠠᠭᠠᠳ ᠦᠰᠦᠷᠣᠨ ᠭᠠᠷᠴᠣ ᠢᠷᠡᠪᠡ ᠃
  ᠰᠠᠶ᠋ᠢᠬᠠᠨ ᠪᠠᠭᠣᠵᠣ ᠢᠷᠡᠭᠰᠡᠨ ᠶᠣᠷᠳᠣᠭᠣᠷ ᠪᠦᠳᠦᠬᠦᠨ ᠭᠡᠳᠡᠰᠣ ᠲᠠᠢ ᠵᠢᠯᠣᠭᠣᠴᠢ ᠰᠣᠴᠢᠬᠣ ᠳ᠋ᠤ ᠪᠠᠨ  ᠮᠠᠷᠢᠶᠠᠯᠠᠭ ᠬᠦᠮᠦᠨ ᠳ᠋ᠤ  ᠪᠠᠶᠢᠭ᠎ᠠ ᠦᠭᠡᠢ ᠪᠣᠰᠢᠭᠣ ᠬᠦᠳᠡᠯᠭᠡᠭᠡᠨ ᠢᠶᠠᠷ 《 ᠮᠠ ᠶᠠ 》 ᠭᠡᠬᠦ ᠳᠠᠭᠣᠨ ᠭᠠᠷᠴᠣ ᠠᠷᠣᠨᠰᠢ ᠵᠠᠢᠯᠠᠬᠣ ᠶ᠋ᠢ ᠵᠠᠪᠳᠣᠳᠠᠯ᠎ᠠ ᠂ ᠦᠨᠦ ᠮᠦᠯᠦᠶᠢᠨ ᠬᠦᠯᠳᠡᠭᠰᠡᠨ ᠮᠦᠰᠣᠨ 《 ᠮᠣᠭᠠᠢ 》 ᠶ᠋ᠢᠨ ᠰᠠᠬᠦᠯ ᠳ᠋ᠥ ᠬᠠᠯᠳᠣᠷᠢᠨ ᠬᠦᠯᠳᠡᠬᠦᠦ ᠭᠠᠵᠠᠷ ᠲᠤ ᠤᠭᠤᠴᠠ ᠪᠠᠷ ᠢᠶᠡᠨ ᠤᠨᠠᠪᠠ ᠃ ᠲᠡᠷᠨ ᠂ ᠳᠡᠮᠡᠭᠡᠨ ᠳᠡᠪᠠᠭ ᠰᠢᠬ  ᠲᠣᠮᠦ ᠠᠮᠠ ᠪᠠᠨ  ᠠᠩᠭᠠᠶᠢᠨ ᠵᠢᠭᠡᠬᠦᠨ ᠢᠶᠠᠷ ᠣᠷᠢᠯᠠᠵᠣ ᠭᠠᠷᠡᠡᠦ ᠪᠠᠷ ᠱᠠᠯᠠᠮᠠᠭᠠᠢ ᠭᠡᠳᠣ ᠨᠢ ᠢᠷᠡᠵᠣ ᠳᠦᠯᠬᠢᠵᠣ ᠳᠠᠳᠠᠭᠰᠠᠭᠠᠷ ᠳᠦᠡᠭᠭᠡᠵᠦ ᠡᠷᠬᠦᠨ ᠪᠣᠰᠬᠠᠵᠣ ᠪᠦᠭᠡᠮ ᠰᠦᠢᠳ ᠪᠣᠯᠵᠠᠢ ᠃ ᠰᠣᠭᠳᠣᠭᠣ ᠭᠡᠷ ᠤᠨ ᠡᠵᠡᠨ  ᠴᠦ ᠰᠡᠷᠡᠭᠰᠡᠨ ᠪᠣᠯᠣᠯᠳᠠᠢ ᠂ ᠮᠦᠰᠦ ᠴᠠᠰᠣ ᠲᠠᠢ ᠪᠠᠷᠢᠯᠳᠣᠨ ᠬᠦᠯᠳᠡᠭᠰᠡᠨ ᠬᠠᠭᠠᠯᠭ᠎ᠠ ᠪᠠᠨ ᠢᠰᠬᠦᠯᠵᠣ ᠨᠢᠳᠣᠷᠬᠣ ᠶ᠋ᠢᠨ ᠲᠡᠡᠭᠭᠡᠭᠡ ᠪᠠᠷ ᠳᠦᠡᠭᠭᠡᠵᠦ ᠨᠡᠭᠡᠭᠡᠨ ᠂ ᠨᠣᠣᠰᠣᠨ ᠣᠳᠠᠰᠣ ᠪᠠᠷ ᠦᠢᠯᠠᠳᠦᠭᠰᠡᠨ ᠱᠠᠯᠠ ᠶ᠋ᠢᠨ ᠵᠦᠯᠬᠦᠬᠦᠷ ᠰᠢᠭ ᠦᠷᠪᠣᠢᠵᠣ ᠰᠡᠭᠰᠡᠶᠢᠭᠰᠡᠨ ᠦᠰᠦ ᠲᠠᠢ ᠳᠣᠯᠣᠭᠠᠢ ᠪᠠᠨ ᠴᠣᠬᠣᠢᠯᠭᠠᠵᠣ ᠂ ᠠᠷᠢᠬᠢᠨ ᠰᠢᠷᠠᠳᠤᠯ ᠢᠶᠠᠷ ᠤᠳᠠᠭᠠᠨ ᠡᠳᠣᠷ ᠬᠡᠪᠲᠡᠭᠰᠡᠨ ᠡᠴᠠ ᠬᠦᠭᠡᠷᠴᠣ ᠬᠠᠪᠣᠳᠣᠭᠠᠳ ᠣᠳᠠᠰᠣ ᠰᠢᠬ ᠵᠠᠪᠰᠠᠷᠯᠠᠭᠰᠠᠨ ᠨᠢᠳᠣ ᠪᠠᠷ ᠢᠶᠡᠨ ᠴᠠᠭᠳᠠᠭᠠᠨ ᠳᠡᠷᠭᠡ ᠶ᠋ᠢ ᠬᠠᠯᠳᠣ ᠣᠯᠵᠣ ᠦᠵᠡᠭᠰᠡᠨ ᠪᠣᠯᠵᠣ ᠂ ᠴᠢᠷᠣᠬᠦᠯ ᠱᠠᠬᠠᠢ ᠳ᠋ᠤ ᠪᠠᠨ ᠴᠠᠰᠣ ᠡᠮᠬᠦᠬᠦᠯᠦᠨ  ᠬᠠᠶᠢᠪᠠᠯᠵᠡᠨ  ᠲᠠᠶᠢᠪᠠᠯᠵᠠᠭᠰᠠᠭᠠᠷ ᠭᠠᠷᠴᠣ ᠢᠷᠡᠪᠡ ᠃ ᠲᠡᠷᠨ ᠂ ᠰᠦᠭᠡᠡᠭᠬᠢᠷᠡᠵᠣ ᠮᠠᠷᠠᠯᠳᠣᠭᠰᠠᠨ ᠳᠠᠭᠣᠨ ᠢᠶᠠᠷ ᠄
       ——  ᠴᠠᠭᠳᠠᠭ᠎ᠠ ᠨᠠᠷ ᠡ ! ᠶᠠᠭᠠᠬᠢᠪᠠ ? ᠮᠢᠨᠣ ᠡᠭᠡᠨᠡᠷ ᠤᠨ ᠰᠣᠷᠠᠭ ᠢ ᠣᠯᠣᠭᠰᠠᠨ ᠤᠣ ? ᠬᠠᠮᠢᠭ᠎ᠠ ᠶᠠᠪᠣᠵᠣ ᠪᠠᠢᠨ᠎ᠠ ? ᠮᠠᠭᠣ ᠦᠯᠦᠭᠴᠢᠨ ᠃ 《 ᠢᠳᠡᠰᠢ 》 ᠪᠠᠨ ᠭᠣᠯᠣᠭᠠᠳ ᠡᠷ᠎ᠠ ᠳᠠᠭᠳ ᠶᠠᠪᠣᠭᠰᠠᠨ ᠮᠠᠭᠣ ᠦᠯᠦᠭᠴᠢᠠ ᠢ ᠬᠠᠮᠢᠭ᠎ᠠ ᠡᠴᠠ ᠣᠯᠪᠠᠯ ᠳᠠᠨᠳᠠ ᠨᠢ ᠫᠣᠣᠳᠠᠵᠣ ᠠᠯᠠᠭᠠᠴᠢ ᠂ ᠭᠡᠷᠡᠭ ᠢ ᠨᠢ ᠪᠢ ᠡᠬᠦᠷᠭᠡᠯᠡᠶ᠎ᠠ ! ᠬᠦᠮᠦᠨ ᠴᠢᠨᠠᠷ ᠢ ᠨᠢ ᠨᠣᠬᠠᠢ ᠢᠳᠡᠭᠰᠡᠨ ᠠᠮᠢᠳᠠᠨ ᠨᠠᠢᠮᠠᠨ ᠨᠠᠰᠣᠳᠠᠢ ᠦᠬᠢᠨ ᠢᠶᠡᠨ ᠣᠷᠬᠢᠭᠠᠳ ᠶᠠᠪᠣᠭᠰᠠᠨ ᠢ ᠨᠢ ᠶᠠᠷᠢᠡᠡᠦ ᠪᠠᠨ  ᠪᠠᠶᠢᠴᠢᠬᠠᠶ᠎ᠠ ! ᠮᠠᠯ ᠳᠠᠷᠢᠶ᠎ᠠ ᠬᠣᠳᠠᠯᠳᠣᠭᠰᠠᠨ ᠪᠦᠬᠦ ᠮᠦᠡᠭᠬᠦ ᠡᠴᠠ ᠡᠬᠢᠯᠡᠭᠡᠳ ᠮᠠᠵᠢᠶᠠᠡᠭ ᠮᠠᠨᠠᠭᠰᠠᠨ ᠵᠣᠭᠣᠰ ᠬᠦᠷᠳᠡᠯ᠎ᠠ  ᠂ ᠨᠠᠡᠭ ᠬᠣᠷᠣᠰᠣᠯᠳᠠᠢ ᠨᠢ ᠠᠪᠣ ᠶ᠋ᠢᠨ ᠦᠯᠡᠳᠡᠭᠡᠭᠰᠡᠨ ᠬᠠᠰ ᠪᠣᠷᠬᠠᠨ ᠡᠴᠠ ᠡᠬᠢᠯᠡᠭᠡᠳ  《 ᠠᠯᠳᠠᠨ ᠦᠭᠡᠷ  》ᠺᠠᠷᠲ ᠲᠤ ᠬᠦᠷᠳᠡᠯ᠎ᠠ ᠪᠦᠷ ᠠᠪᠣᠭᠠᠳ ᠠᠷᠢᠯᠴᠢᠬᠠᠭᠰᠠᠨ ᠃ ᠦᠭᠡᠢ ᠂ ᠳᠠᠷᠠ ᠂ ᠮᠠᠨ ᠤ ᠳᠠᠷᠠ 《 ᠠᠯᠳᠠᠠ ᠦᠭᠡᠷ 》 ᠺᠠᠷᠲ ᠲᠤ ᠠᠯᠢ  ᠴᠦ ᠵᠢᠯ ᠠᠮᠣ ᠪᠤᠳᠠᠭᠠᠨ ‍ᠤ ᠨᠦᠬᠦᠪᠣᠷᠢ ᠡᠴᠠ ᠡᠪᠡᠰᠣ ᠪᠣᠷᠳᠣᠭᠠᠨ ᠤ ᠨᠦᠬᠦᠪᠣᠷᠢ ᠬᠦᠷᠳᠠᠯ᠎ᠠ ᠭᠡᠳᠣᠨ ᠳᠦᠮᠨ ᠪᠠᠷ ᠣᠷᠣᠵᠣ ᠢᠷᠡᠳᠡᠭ ᠶᠣᠮ ᠰᠢᠣ ᠃ ᠣᠳᠣ ᠬᠠᠷᠠᠯᠠᠵᠣ ᠬᠦᠢᠴᠡᠭᠰᠡᠨ ᠃ ᠦᠬᠢᠨ ᠪᠢᠳᠠ ᠬᠣᠶᠠᠷ ᠶᠠᠭᠣ ᠪᠠᠨ ᠢᠳᠠᠵᠣ ᠠᠮᠢᠳᠣᠷᠠᠬᠣ ᠪᠣᠢ ? ᠠᠷᠠᠢ ᠵᠠᠷᠠᠭ᠎ᠠ ᠰᠢᠬ ᠬᠦᠯ ᠢᠶᠡᠨ ᠳᠣᠯᠢᠶᠠᠭᠠᠳ ᠯᠠ ᠡᠪᠣᠯ ᠢ ᠦᠡᠭᠭᠡᠷᠡᠭᠡᠵᠣ ᠪᠣᠯᠬᠣ ᠦᠭᠡᠢ ᠪᠢᠵᠠ ? ᠦᠭᠡᠢ ᠂ ᠡᠨᠡ ᠦᠬᠦᠯ ᠳᠠᠭᠠᠷᠢᠭᠰᠠᠨ ᠦᠯᠦᠭᠴᠢᠨ ᠂ ᠨᠣᠬᠠᠢ ᠰᠢᠬ ᠠᠳᠣᠭᠣᠰᠦ ᠂ ᠨᠣᠬᠠᠢ ᠡᠴᠠ ᠴᠠᠭᠠᠰᠢ ᠨᠣᠪᠰᠢ ᠁ ᠭᠡᠵᠤ ᠶᠠᠡᠭᠰᠢᠨ ᠶᠠᠪᠰᠢᠵᠦ ᠭᠠᠷᠪᠠ ᠃
       ᠭᠡᠷ ᠤᠨ ᠡᠵᠡᠨ ᠤ ᠭᠡᠴᠢᠨᠡᠭᠡᠨ ᠡᠳᠣᠷ ᠤᠨ ᠪᠤᠬᠢᠨᠢᠳᠤᠨ ᠳᠦᠭᠵᠢᠷᠡᠭᠰᠡᠨ ᠬᠢᠯᠢᠰᠳᠡᠯ ᠭᠣᠮᠣᠳᠠᠯ ᠂ ᠠᠭᠣᠷ ᠬᠣᠷᠣᠰᠣᠯ ᠢᠡᠭᠬᠢᠵᠣ ᠨᠢᠭᠡ 《 ᠴᠢᠬᠢ 》 ᠲᠠᠢ ᠭᠡᠳᠣᠨ ᠳᠣᠯᠣᠭᠠᠢ ᠬᠠᠷᠭᠣᠭᠰᠠᠨ ᠳᠣᠬᠢᠶᠠᠯ ᠢᠶᠠᠷ ᠪᠦᠬᠦᠨ ᠢᠶᠠᠷ ᠢᠶᠡᠨ ᠳᠠᠯᠪᠠᠷᠠᠵᠣ  ᠭᠠᠷᠴᠠᠢ ᠃
      ᠳᠠᠷᠣᠭ᠎ᠠ ᠶ᠋ᠢᠨ  ᠪᠠᠶᠢᠷᠢ ᠲᠠᠢ ᠨᠢᠭᠡᠨ ᠴᠠᠭᠳᠠᠭ᠎ᠠ ᠡᠮᠦᠨᠠᠰᠢᠯᠠᠵᠣ ᠢᠷᠡᠭᠡᠳ ᠤᠶᠢᠷ᠎ᠠ ᠬᠠᠷᠠᠭᠠᠨ ᠰᠢᠯ ᠳ᠋ᠤ ᠨᠢ ᠨᠠᠭᠠᠯᠳᠣᠭᠰᠠᠨ ᠴᠠᠰᠣ ᠪᠠᠨ ᠬᠦᠡᠭᠭᠡᠭᠡᠨ ᠵᠦᠯᠬᠦᠬᠦ ᠶ᠋ᠢᠨ ᠬᠠᠮᠳᠣ ᠄
       —— ᠠᠪᠣᠭᠠᠢ ᠡ ᠂ ᠪᠢᠳᠠ ᠭᠣᠷᠪᠠᠨ  ᠰᠠᠷ᠎ᠠ ᠢᠯᠠᠬᠦᠦ ᠡᠷᠢᠵᠣ ᠰᠤᠷᠠᠭᠯᠠᠭᠠᠳ ᠭᠡᠷᠭᠡᠢ ᠶ᠋ᠢᠨ ᠴᠢᠨᠢ ᠪᠠᠷ᠎ᠠ ᠶ᠋ᠢ ᠬᠠᠷᠠᠬᠤ ᠪᠠᠢᠳᠣᠭᠠᠢ ᠂ ᠰᠣᠷᠠᠭ ᠢ ᠨᠢ  ᠴᠦ ᠣᠯᠵᠣ ᠲᠤᠭᠤᠯᠤᠭᠰᠠᠨ ᠦᠭᠡᠢ ᠃ ᠦᠨᠦ ᠲᠠᠨ ‍ᠤ ᠭᠡᠯᠡᠳᠡᠭ 《 ᠰᠢᠷ᠎ᠠ ᠭᠠᠢᠬᠠᠯ 》 ᠢ ᠨᠢ  ᠴᠦ ᠣᠯᠵᠣ ᠬᠠᠷᠠᠡᠡᠰᠠᠨ ᠦᠭᠡᠢ ᠃ ᠲᠡᠶᠢᠨ ᠬᠦ ᠭᠠᠴᠢᠭᠳᠠᠬᠣ ᠳ᠋ᠤ ᠪᠠᠨ ᠳᠠᠨ ᠡᠴᠠ ᠦᠨ᠎ᠠ ᠦᠷᠳᠡᠭ ᠲᠠᠢ ᠰᠦᠪᠡᠭᠴᠢ ᠣᠯᠬᠣ ᠪᠠᠷ ᠢᠷᠡᠵᠣ ᠶᠠᠪᠣᠭ᠎ᠠ ᠨᠢ ᠡᠨᠡ ᠰᠢᠣ !
       —— ᠶᠠᠭᠣ ? ᠨᠠᠳᠠ ᠡᠴᠠ ᠰᠦᠪᠡᠭᠴᠢ ᠡᠷᠢᠨ᠎ᠠ ᠭᠡᠨ᠎ᠠ ᠤᠣ ? ᠲᠠ ᠨᠠᠷ ᠣᠯᠣᠰ ᠤᠨ ᠴᠠᠯᠢᠡᠭ ᠢ ᠳᠣᠰᠴᠣ ᠠᠷᠠᠳ ᠤᠨ ᠪᠣᠳᠠᠭ᠎ᠠ ᠶ᠋ᠢ ᠢᠳᠡᠵᠣ ᠪᠠᠢᠭᠠᠳ ᠨᠢᠭᠡ ᠡᠮ᠎ᠠ ᠬᠦᠮᠦᠨ ᠢ  ᠴᠦ ᠡᠷᠢᠵᠣ  ᠣᠯᠡᠡᠦ ᠦᠭᠡᠢ ᠂ ᠶᠠᠮᠠᠷ ᠴᠠᠭᠳᠠᠭ᠎ᠠ ᠂ ᠶᠠᠮᠠᠷ ᠠᠮᠣᠷ ᠢ ᠬᠠᠮᠠᠭᠠᠯᠠᠭᠴᠢ ᠭᠡᠵᠣ ᠭᠡᠯᠡᠬᠦ ᠪᠣᠢ  ? ᠲᠠ ᠨᠠᠷ  ᠪᠦᠷ ᠴᠠᠭ ᠢ ᠦᠡᠭᠭᠡᠷᠡᠭᠡᠵᠣ ᠴᠠᠯᠢᠡᠭ ᠢᠶᠡᠨ ᠬᠠᠭᠣᠷᠣᠨ ᠳᠣᠰᠴᠣ ᠶᠠᠪᠣᠭ᠎ᠠ ᠰᠠᠷᠪᠠᠭ ᠮᠠᠯᠠᠭᠠᠢ ᠲᠠᠢ ᠮᠠᠨᠠᠭᠤᠯ ᠤᠳ ᠪᠠᠶᠢᠨ᠎ᠠ ᠁ ᠭᠡᠵᠣ ᠭᠡᠷ ᠤᠨ ᠡᠵᠡᠨ ᠣᠷᠢᠯᠠᠵᠣ ᠡᠬᠢᠯᠠᠵᠠᠢ ᠃
       ᠶᠠᠷᠰᠢᠭ ᠲᠠᠢ ᠣᠴᠢᠷ ᠤᠳ ᠢ ᠰᠢᠢᠳᠪᠣᠷᠢᠯᠠᠵᠣ ᠂ ᠶᠠᠡᠭᠵᠣ ᠶ᠋ᠢᠨ ᠬᠦᠮᠦᠰ ᠲᠠᠢ ᠣᠴᠠᠷᠠᠭᠰᠠᠭᠠᠷ ᠬᠠᠰᠢᠷ ᠳᠣᠬᠢ ᠰᠠᠭᠣᠭᠰᠠᠨ ᠴᠠᠭᠳᠠᠭᠠᠨ ᠳᠠᠷᠣᠭ᠎ᠠ ᠢᠨᠢᠶᠡᠮᠰᠦᠭᠯᠡᠭᠡᠭᠰᠡᠭᠡᠷ ᠢᠷᠠᠵᠣ ᠭᠡᠷ ᠤᠨ ᠡᠵᠡᠨ ᠤ ᠭᠠᠷ ᠡᠴᠠ ᠠᠳᠬᠣᠵᠣ ᠄

   —— ᠠᠪᠣᠭᠠᠢ ᠳᠨ ᠪᠢᠳᠡᠭᠡᠢ ᠰᠠᠭᠭᠠᠵᠤ ᠠᠭᠣᠷᠯᠠ ᠂ ᠪᠢᠳᠠ ᠴᠦ ᠠᠵᠢᠯ ᠣᠯᠠᠨ ᠂ ᠬᠦᠮᠦᠨ ᠬᠦᠳᠡᠯᠮᠣᠷᠢ ᠨᠢ  ᠴᠦ ᠳᠣᠭᠠᠳᠠᠢ ᠣᠴᠢᠷ ᠡᠴᠠ ᠵᠠᠷᠢᠮ ᠶᠠᠪᠣᠳᠠᠯ ᠳ᠋ᠤ ᠰᠠᠨᠠᠭ᠎ᠠ  ᠪᠠᠶᠢᠭ᠎ᠠ ᠴᠦ ᠣᠨᠣᠭ᠎ᠠ ᠬᠦᠷᠬᠦ ᠦᠭᠡᠢ ᠰᠠᠨᠳᠣᠷᠳᠠᠭ ᠰᠢᠣ ᠃ ᠪᠢ ᠳᠠᠨ ᠤ ᠣᠳᠣ ᠶ᠋ᠢᠨ ᠰᠡᠳᠬᠢᠯ ᠰᠠᠨᠠᠭᠠᠨ ᠤ  ᠪᠠᠶᠢᠳᠠᠯ ᠢ  ᠤᠶᠢᠯᠠᠭᠠᠨ᠎ᠠ ᠃ ᠭᠡᠪᠡᠴᠣ ᠶᠠᠭᠠᠬᠢᠵᠣ ᠠᠭᠣᠷᠯᠠᠵᠣ ᠂ ᠶᠠᠭᠠᠬᠢᠵᠣ ᠬᠣᠷᠣᠰᠣᠭᠰᠠᠨ  ᠴᠦ ᠠᠮᠢᠳᠣᠷᠠᠬᠣ ᠦᠭᠡᠢ ᠪᠠᠢᠵᠣ ᠪᠣᠯᠣᠨ᠎ᠠ ᠤᠣ ? ᠡᠳᠣᠷᠵᠢᠨ ᠢᠡᠭᠬᠢᠵᠣ ᠠᠷᠢᠬᠢ ᠬᠦᠨᠳᠣᠷᠡᠭᠡᠳ ᠂ ᠭᠡᠪᠳᠡᠷᠢ ᠳᠠᠷᠣᠭᠠᠳ ᠯᠠ  ᠪᠠᠶᠢᠵᠦ ᠪᠣᠯᠬᠣ ᠦᠭᠡᠢ ᠪᠢᠵᠠ ? ᠪᠢᠳᠠ ᠡᠷᠢᠵᠣ ᠰᠣᠷᠠᠭᠯᠠᠵᠣ ᠦᠭᠴᠣ  ᠪᠠᠶᠢᠨ᠎ᠠᠭᠡᠬᠦ ᠳ᠋ᠤ ᠳᠠ ᠴᠦ ᠦᠪᠡᠷ ᠢᠶᠡᠨ ᠰᠣᠷᠠᠡᠡᠯᠠᠨ ᠴᠢᠮᠡᠭᠡᠯᠡᠵᠦ ᠦᠵᠠᠨ᠎ᠠ ᠪᠢᠵᠠ ᠳ᠋ᠠ ? ᠡᠷ᠎ᠠ ᠡᠮ᠎ᠠ ᠶ᠋ᠢᠨ ᠬᠣᠭᠣᠷᠣᠨᠳᠣ ᠶᠠᠮᠠᠷ ᠯᠠ  ᠲᠠᠶᠢᠮᠤ ᠦᠰᠢᠶ᠎ᠠ ᠬᠣᠷᠣᠰᠣᠯ ᠭᠡᠵᠣ  ᠪᠠᠶᠢᠬᠤ ᠪᠣᠢ ? ᠠᠷᠭᠠᠯᠠᠵᠣ ᠰᠣᠷᠠᠭᠯᠠᠵᠣ  ᠪᠠᠶᠢᠨ ᠠᠪᠴᠢᠷᠠᠭᠠᠳ ᠠᠮᠢᠳᠣᠷᠠᠪᠠᠯ ᠪᠠᠰᠠ ᠡᠪᠯᠡᠬᠦᠯᠵᠦ ᠪᠣᠯᠣᠨ᠎ᠠ ᠰᠢᠳᠠ !ᠠᠯᠠᠨ᠎ᠠ ᠫᠣᠣᠳᠠᠨ᠎ᠠ ᠭᠡᠭᠴᠢ ᠶ᠋ᠢ ᠶᠠᠮᠠᠷ ᠰᠢᠢᠳᠪᠣᠷᠢᠯᠠᠬᠦ ᠠᠷᠭ᠎ᠠ  ᠬᠡᠵᠦ ᠭᠡᠯᠡᠬᠦ ᠶᠣᠮ ᠳ᠋ᠠ ? ᠳᠠ ᠬᠣᠶᠠᠷ ᠦᠪᠠᠷ ᠤᠨ ᠪᠠᠶ᠎ᠠ ᠪᠠᠨ ᠪᠣᠳᠣᠬᠣ ᠦᠭᠡᠢ  ᠴᠦ ᠨᠠᠢᠮᠠᠨ ᠨᠠᠰᠣᠳᠠᠢ ᠨᠢᠯᠬ᠎ᠠ ᠭᠡᠦᠭᠡᠳ ᠢᠶᠡᠨ ᠪᠣᠳᠣᠬᠣ ᠦᠭᠡᠢ ᠤᠣ ? ᠰᠣᠷᠭᠠᠭᠣᠯᠢ ᠳ᠋ᠤ ᠨᠢ ᠬᠦᠷᠭᠡᠭᠡ ᠦᠭᠡᠢ ᠭᠡᠳᠣᠨ ᠰᠠᠷ᠎ᠠ ᠪᠣᠯᠵᠣ  ᠪᠠᠶᠢᠭ᠎ᠠ ᠪᠠᠨ ᠦᠪᠡᠷ ᠢᠶᠡᠨ ᠮᠠᠳᠠᠵᠣ  ᠪᠠᠶᠢᠭ᠎ᠠ ᠪᠢᠵᠠ ? ᠡᠨᠡ ᠬᠣᠭᠣᠷᠣᠨᠳᠣ ᠨᠢ ᠪᠢᠳᠠ  ᠴᠦ ᠰᠤᠷᠠᠭᠯᠠᠵᠤ ᠡᠷᠢᠵᠣ ᠪᠠᠢᠶ᠎ᠠ ᠂ ᠴᠢᠮᠡᠭᠡ ᠣᠯᠪᠠᠯ ᠯᠠᠪᠲᠠᠢ ᠬᠠᠮᠣᠭ ᠳᠠᠷᠢᠬᠦᠨ ᠳ᠋ᠤ ᠴᠢᠮ᠎ᠠ ᠳ᠋ᠤ ᠳᠠᠮᠵᠢᠭᠣᠯᠬᠣ ᠶᠣᠮ ᠡ ᠁ ᠭᠡᠵᠣ ᠡᠪᠯᠡᠬᠦᠯᠵᠣ ᠢᠳᠬᠠᠵᠣ ᠭᠡᠯᠡᠭᠰᠡᠭᠡᠷ ᠭᠡᠷ ᠤᠨ ᠡᠵᠡᠨ ᠢ ᠴᠢᠷᠦᠬᠦᠯ ᠱᠠᠬᠠᠢ ᠲᠠᠢ ᠨᠢ ᠬᠠᠮᠳᠣ ᠭᠡᠷ ᠲᠤ ᠨᠢ ᠳᠦᠡᠭᠭᠡᠵᠦ ᠣᠷᠣᠭᠣᠯᠣᠭᠠᠳ ᠲᠡᠳᠡ ᠨᠠᠷ ᠳᠡᠷᠭᠡᠨ ᠳ᠋ᠤ ᠪᠠᠨ ᠪᠣᠰᠢᠭᠣ ᠭᠠᠷᠴᠠᠭᠠᠪᠠ ᠃ ᠳᠠᠷᠭᠣᠨ ᠵᠢᠯᠣᠭᠣᠴᠢ  ᠴᠦ ᠳᠠᠪᠠ ᠮᠠᠭᠣᠳᠠᠢ ᠴᠢᠷᠠᠢᠯᠠᠭᠰᠠᠭᠠᠷ ᠄

      ——  ᠴᠠᠢ  ᠴᠦ ᠦᠭᠡᠢ ᠂ ᠴᠢᠷᠠᠢ  ᠴᠦ ᠦᠭᠡᠢ ᠂ ᠳᠠᠭᠠᠳᠠᠢ ᠭᠡᠳᠣᠨ ᠦᠭᠡ  ᠴᠦ ᠦᠭᠡᠢ ᠮᠦᠷᠳᠡᠭᠡᠨ ᠭᠣᠢᠷᠠᠨᠴᠢ ᠰᠢᠬ ᠡᠪᠣᠯ ᠤᠨ ᠬᠦᠢᠳᠠᠨ ᠳ᠋ᠤ  ᠭᠤᠷᠤᠶᠢᠳᠠᠯ᠎ᠠ ᠬᠦᠷᠢᠶᠠᠨ ᠳᠣᠮᠳᠠ  ᠪᠠᠨ ᠭᠡᠳᠣᠨ ᠴᠠᠭ ᠵᠤᠭᠰᠤᠭᠠᠴᠢᠬᠠᠨ᠎ᠠ ᠭᠡᠳᠡᠭ ᠴᠢᠨᠢ ᠂ ᠦᠯᠦᠭᠴᠢᠨ ᠂ ᠦᠯᠦᠭᠴᠢᠨ ᠭᠡᠳ ᠯᠠ ᠂ ᠦᠯᠦᠭᠴᠢᠨ ᠢ ᠨᠢ ᠪᠢᠳᠠ ᠳᠠᠰᠬᠭᠠᠳ ᠠᠪᠴᠢᠬᠠᠭᠰᠠᠨ ᠰᠢᠬ ᠂ ᠠᠪᠣᠭᠰᠠᠨ ᠡᠮ᠎ᠠ ᠳ᠋ᠤ ᠪᠠᠨ  ᠴᠦ ᠵᠦᠪᠯᠡᠵᠣ ᠳᠠᠢᠯᠬᠦ ᠦᠭᠡᠢ  ᠪᠠᠶᠢᠭᠠᠳ ᠠᠷᠠᠳ ᠤᠨ ᠴᠠᠭᠳᠠᠭ᠎ᠠ ᠳ᠋ᠤ ᠠᠭᠠᠰᠢ ᠪᠠᠨ ᠭᠠᠷᠭᠠᠬᠣ ᠭᠡᠳᠡᠭ ᠴᠢᠨᠢ ᠶᠠᠮᠠᠷ ᠣᠰᠣᠨ ᠳᠠᠨᠡᠭ ᠠᠮᠢᠳᠠᠨ ᠪᠣᠢ ? ᠪᠢᠳᠠ ᠵᠣᠷᠢᠭᠣᠳᠠ 《 ᠦᠯᠦᠭᠴᠢᠨ 》 ᠢ ᠴᠢᠨᠢ ᠡᠷᠢᠵᠣ ᠦᠭᠬᠦ ᠦᠭᠡᠢ ᠃ ᠶᠠᠮᠠᠷ  ᠲᠤ ᠪᠠᠨ ᠬᠦᠮᠦᠨ ᠠᠯᠠᠭᠰᠠᠨ ᠶᠠᠯᠠᠳᠠᠨ ᠪᠢᠰᠢ ᠳ᠋ᠠ ! ᠦᠪᠠᠷ ᠤᠨ ᠳᠣᠷᠠᠳᠠᠢ ᠳ᠋ᠤ ᠪᠠᠨ ᠡᠷ᠎ᠠ ᠳᠠᠭᠣᠨ ᠶᠠᠪᠣᠭᠰᠠᠨ ᠢ ᠬᠠᠣᠯᠢ ᠴᠠᠭᠠᠵᠠ  ᠴᠦ ᠭᠡᠳ ᠶᠠᠭᠠᠬᠢᠳᠠᠭ ᠪᠣᠢ ? ᠭᠡᠡᠭ ᠂ ᠴᠣᠬᠣᠮ ᠨᠣᠬᠠᠢ ᠰᠢᠬ ᠠᠮᠢᠳᠠᠨ ᠂ ᠨᠣᠬᠠᠢ ᠶ᠋ᠢ  ᠴᠦ ᠬᠦᠷᠬᠦ ᠦᠭᠡᠢ ᠠᠮᠢᠳᠠᠨ᠁ ᠭᠡᠵᠣ ᠰᠠᠬᠦᠵᠢ ᠪᠠᠨ ᠳᠠᠮᠳᠠᠷᠢᠨ ᠳᠣᠭᠣᠯᠳᠠᠨ ᠠᠯᠬᠣᠯᠠᠭᠰᠠᠭᠠᠷ ᠳᠡᠷᠭᠡᠨ ᠳ᠋ᠤ ᠪᠠᠨ ᠭᠠᠷᠬᠣ ᠳ᠋ᠤ ᠳᠡᠳᠡᠭᠡᠷ ᠭᠡᠳᠣᠨ ᠴᠠᠭᠳᠠᠭ᠎ᠠ  ᠴᠦ ᠬᠣᠭᠣᠷᠦ ᠬᠣᠭᠣᠷᠣᠨᠳᠣ ᠪᠠᠨ ᠡᠷᠡᠣ ᠳᠡᠯᠭᠡᠨ ᠠᠮᠠ ᠢᠷᠪᠠᠢᠯᠭᠠᠵᠣ ᠭᠡᠵᠢᠶ᠎ᠠ  ᠴᠦ ᠬᠠᠨᠳᠣᠬᠣ ᠦᠭᠡᠢ ᠭᠡᠰᠡᠨ ᠮᠠᠳᠣ ᠳᠡᠷᠭᠡᠨ ᠡᠬᠦᠳᠠ ᠪᠠᠨ 《 ᠫᠠᠰ 》 ᠬᠢᠲᠡᠯ᠎ᠡ ᠬᠦᠴᠦᠳᠠᠢ ᠬᠠᠭᠠᠵᠣ ᠪᠢᠯᠠ ᠃
       ᠬᠠᠯᠳᠠᠷ ᠯᠠ ᠬᠠᠵᠠᠭᠣ ᠳᠠᠯ᠎ᠠ ᠡᠴᠠ ᠲᠠ ᠨᠠᠷ ᠶᠠᠭᠣᠠ ᠳ᠋ᠤ  ᠮᠠᠭᠤ ᠪᠦᠬᠦᠨ ᠢ ᠪᠦᠷ  ᠨᠣᠬᠠᠢ ᠲᠠᠢ ᠵᠦᠢᠷᠯᠠᠵᠣ ᠬᠣᠯᠪᠣᠨ ᠬᠠᠷᠢᠶᠠᠳᠠᠭ ᠪᠣᠢ ? ᠨᠣᠬᠠᠢ ᠴᠣᠬᠣᠮ ᠭᠡᠨ ᠳ᠋ᠤ ᠨᠢ ᠣᠰᠣᠯᠳᠠᠵᠣ ᠂ ᠶᠠᠮᠠᠷ ᠶᠠᠯ᠎ᠠ ᠬᠢᠭᠰᠡᠨ ᠪᠣᠢ ? ᠭᠡᠰᠡᠨ ᠳᠦᠯᠦᠪᠳᠡᠢ ᠰᠦᠷᠡᠭᠡᠢ ᠬᠤᠷᠭᠤᠭᠠᠨ ᠬᠣᠴᠠᠵᠣ ᠭᠠᠷᠣᠭᠰᠠᠨ ᠢ ᠨᠢ ᠲᠠᠳᠠ ᠶᠠᠭᠣ  ᠴᠦ ᠪᠤᠯᠭᠠᠯ ᠦᠭᠡᠢ ᠴᠠᠰᠣ ᠪᠤᠲᠠᠷᠠᠭᠠᠨ ᠴᠠᠭᠠᠰᠢ ᠳᠠᠪᠬᠢᠭᠤᠯᠵᠤ ᠬᠤᠯᠠᠳᠠᠵᠠᠢ ᠃
       ᠴᠠᠰᠣ ᠪᠠᠰᠠ ᠯᠠ ᠬᠠᠶᠠᠯᠠᠭᠰᠠᠭᠠᠷ ᠃  ᠤᠶᠢᠷ᠎ᠠ ᠬᠠᠪᠢ ᠶ᠋ᠢᠨ ᠶᠠᠭᠣ ᠪᠦᠬᠦᠨ ᠪᠦᠷ ᠮᠦᠰᠦᠨ ᠴᠠᠭᠠᠨ  ᠪᠣᠯᠣᠨ ᠬᠣᠴᠢᠭᠳᠠᠵᠠᠢ ᠃ ᠰᠠᠯᠬᠢ ᠮᠦᠨ ᠰᠢᠷᠦᠬᠦᠰᠦᠭᠰᠡᠭᠡᠷ ᠪᠠᠢᠪᠠ ᠃
       ᠬᠢᠯᠠᠭᠠᠷ ᠴᠠᠭᠠᠨ ᠡᠬᠦᠳᠠ 《 ᠳᠦᠷ 》 ᠬᠢᠨ ᠨᠡᠭᠡᠭᠡᠭᠳᠡᠵᠣ ᠪᠢᠴᠢᠬᠠᠨ ᠡᠵᠡᠨ ᠨᠢ ᠰᠦᠷ ᠮᠠᠭᠣᠳᠠᠢ ᠭᠠᠷᠴᠣ ᠢᠷᠡᠪᠡ ᠃ ᠭᠠᠷ ᠲᠤ ᠪᠠᠨ ᠱᠠᠭᠠᠵᠠᠡᠭ ᠠᠶᠠᠭ᠎ᠠ ᠪᠠᠷᠢᠵᠣ ᠭᠡᠦᠭᠡᠳ ᠤᠨ ᠰᠢᠡᠭᠭᠡᠨ ᠬᠣᠭᠣᠯᠠᠢ ᠪᠠᠷ ᠰᠦᠷᠡᠭᠡᠢ ᠭᠡᠭᠴᠢ ᠬᠠᠨᠢᠶᠠᠯᠭᠠᠵᠣ ᠪᠠᠢᠭᠰᠠᠨ  ᠴᠦ ᠬᠠᠯᠳᠠᠷ ᠤᠨ ᠬᠠᠪᠢ ᠳ᠋ᠤ ᠢᠷᠡᠭᠡᠳ ᠪᠢᠴᠢᠬᠠᠨ ᠭᠠᠷ ᠢᠶᠠᠷ ᠢᠶᠡᠨ ᠬᠦᠨ ᠴᠠᠰᠣᠨ ᠡᠴᠠ ᠡᠷᠢᠵᠣ ᠮᠠᠯᠳᠠᠭᠰᠠᠭᠠᠷ  ᠪᠠᠶᠢᠵᠦ ᠬᠣᠭᠣᠯᠠᠨ ᠰᠠᠪᠠ ᠶ᠋ᠢ ᠨᠢ ᠠᠷᠠᠢ ᠭᠡᠵᠣ ᠣᠯᠵᠣ ᠠᠪᠣᠭᠠᠳ ᠬᠣᠷᠠᠭᠰᠠᠨ ᠴᠠᠰᠣ ᠶ᠋ᠢ ᠨᠢ ᠬᠦᠪᠢᠵᠣ ᠣᠷᠬᠢᠭᠠᠳ ᠱᠠᠭᠠᠵᠠᠡᠭ ᠠᠶᠠᠭ᠎ᠠ ᠲᠠᠢ ᠪᠠᠨ ᠭᠡᠴᠢᠶᠡᠮᠵᠢᠳᠠᠢ ᠭᠡᠭᠴᠢ ᠴᠢᠳᠬᠣᠵᠣ ᠦᠭᠪᠠ ᠃
       ᠬᠠᠯᠳᠠᠷ  ᠤᠶᠢᠷᠠᠳᠴᠤ ᠣᠴᠢᠭᠠᠳ ᠬᠠᠷ᠎ᠠ ᠬᠣᠰᠢᠭᠣ ᠪᠠᠨ ᠳᠦᠷᠢᠵᠣ ᠦᠨᠦᠷᠯᠠᠵᠣ ᠦᠵᠠᠪᠠᠯ ᠪᠠᠰᠠ ᠯᠠ ᠦᠨᠦ ᠭᠣᠸᠠᠮᠢᠶᠠᠨ ᠤ ᠱᠦᠯᠦ ᠪᠠᠢᠯ᠎ᠠ ᠃
      ᠪᠢᠴᠢᠬᠠᠨ ᠡᠵᠡᠨ ᠨᠢ  ᠪᠠᠶᠢᠳᠤᠭᠠᠢ ᠬᠠᠯᠳᠠᠷ  ᠴᠦ ᠣᠳᠣ ᠭᠣᠸᠠᠮᠢᠶᠠᠨ ᠤ ᠱᠦᠯᠦ ᠶ᠋ᠢ ᠦᠨᠦᠷᠳᠦᠬᠦ ᠡᠴᠠ ᠳᠣᠷ᠎ᠠ ᠪᠣᠯᠬᠢᠮᠠᠷ ᠪᠣᠯᠴᠢᠬᠠᠭᠰᠠᠨ ᠢ ᠶᠠᠭᠠᠬᠢᠶ᠎ᠠ !
      ᠭᠡᠪᠡᠴᠣ ᠭᠡᠳᠣᠨ ᠡᠳᠣᠷ ᠬᠣᠭᠣᠯᠠ ᠦᠭᠡᠢ ᠶᠠᠪᠣᠭᠰᠠᠨ ᠬᠠᠯᠳᠠᠷ ᠲᠤ ᠠᠷᠠᠢ ᠴᠢᠮᠠᠯᠠᠭᠳᠠᠮᠠᠷ ᠦᠭᠡᠢ ᠪᠣᠯᠬᠣᠷ ᠨᠠᠷᠢᠨ ᠣᠯᠠᠭᠠᠨ ᠭᠡᠯᠡ ᠪᠠᠨ ᠰᠣᠨᠣᠯᠵᠠᠭᠣᠯᠣᠨ ᠬᠣᠪᠳᠣᠭ ᠭᠡᠭᠴᠢ ᠢᠳᠡᠵᠣ ᠡᠬᠢᠯᠠᠵᠠᠢ ᠃
      ᠪᠢᠴᠢᠬᠠᠨ ᠡᠵᠡᠨ ᠨᠢ ᠬᠠᠯᠳᠠᠷ ᠤᠨ ᠳᠣᠯᠣᠭᠠᠢ ᠶ᠋ᠢ ᠨᠢᠷᠠᠢ ᠵᠦᠭᠡᠯᠡᠨ ᠭᠠᠷ ᠢᠶᠠᠷ ᠢᠶᠡᠨ ᠬᠦᠡᠭᠭᠡᠨ ᠢᠯᠢᠭᠰᠡᠭᠡᠷ ᠄ 《 ᠬᠠᠯᠳᠠᠷ ᠡ ᠂ ᠮᠢᠨᠣ ᠬᠠᠢᠷᠠᠳᠠᠢ ᠬᠠᠯᠳᠠᠷ ᠮᠢᠨᠢ ᠂ ᠣᠳᠣ ᠪᠢ ᠴᠢᠮ᠎ᠠ ᠡᠴᠠ ᠦᠭᠡᠷ᠎ᠠ ᠶᠠᠮᠠᠷ  ᠴᠦ ᠨᠠᠢᠵᠠ ᠦᠭᠡᠢ ᠪᠣᠯᠣᠭᠰᠠᠨ ᠃ ᠡᠵᠢ ᠨᠠᠮ᠎ᠠ ᠶ᠋ᠢ ᠣᠷᠬᠢᠭᠠᠳ ᠬᠣᠯᠠ ᠶᠠᠪᠣᠭᠰᠠᠨ ᠂ ᠠᠪᠣ ᠡᠳᠣᠷᠵᠢᠨ ᠠᠷᠢᠬᠢ ᠣᠣᠭᠣᠵᠣ ᠭᠡᠪᠳᠡᠷᠢ ᠳᠠᠷᠣᠭᠠᠳ ᠪᠣᠰᠬᠣ ᠪᠠᠨ ᠪᠣᠯᠢᠭᠰᠠᠨ ᠃ ᠨᠠᠳᠠ ᠳ᠋ᠤ ᠬᠣᠭᠣᠯᠠ  ᠴᠦ ᠬᠢᠵᠣ ᠦᠭᠬᠦ ᠪᠠᠨ ᠪᠣᠯᠢᠭᠰᠠᠨ ᠮᠦᠷᠳᠡᠭᠡᠨ ᠨᠠᠮ᠎ᠠ ᠶ᠋ᠢ ᠦᠬᠢᠨ ᠬᠦᠮᠦᠨ ᠡᠭᠡ ᠪᠠᠨ ᠳᠠᠭᠣᠷᠢᠶᠠᠨ᠎ᠠ ᠭᠡᠵᠣ ᠬᠣᠵᠢᠮ ᠪᠠᠰᠠ ᠯᠠ ᠡᠵᠢ ᠳ᠋ᠤ ᠪᠠᠨ ᠠᠳᠠᠯᠢ ᠬᠦᠮᠦᠨ ᠴᠢᠨᠠᠷ ᠡᠯᠪᠡᠷᠢᠯ ᠵᠢᠷᠣᠮ ᠦᠭᠡᠢ ᠠᠮᠢᠳᠠᠨ ᠪᠣᠯᠣᠨ᠎ᠠ ᠭᠡᠵᠣ ᠵᠠᠡᠭᠨᠠᠳᠠᠭ ᠃  ᠬᠠᠯᠳᠠᠷ ᠡ ᠂ ᠣᠳᠣ ᠨᠠᠮ᠎ᠠ ᠶ᠋ᠢ ᠨᠢᠭᠡ  ᠴᠦ ᠰᠠᠨᠠᠬᠣ ᠬᠦᠮᠦᠨ ᠦᠭᠡᠢ ᠪᠣᠯᠣᠭᠰᠠᠨ ᠃ ᠴᠢ ᠪᠣᠯ ᠮᠢᠨᠣ ᠬᠠᠮᠣᠭ  ᠰᠠᠶᠢᠨ  ᠨᠠᠶᠢᠵᠠ ᠂  ᠪᠢ ᠴᠢᠮ᠎ᠠ ᠡᠴᠠ ᠰᠠᠯᠬᠣ ᠳᠣᠷ᠎ᠠ ᠦᠭᠡᠢ ᠃ ᠭᠡᠪᠡᠴᠣ ᠪᠢ  ᠴᠦ ᠦᠪᠠᠷ ᠤᠨ ᠪᠠᠶ᠎ᠠ ᠪᠠᠨ ᠬᠠᠮᠢᠶᠠᠷᠴᠣ  ᠳᠠᠶᠢᠯᠬᠦ ᠦᠭᠡᠢ ᠪᠣᠯᠣᠭᠰᠠᠨ ᠪᠣᠯᠬᠣᠷ ᠨᠠᠡᠭ ᠴᠢᠮ᠎ᠠ ᠶ᠋ᠢ ᠬᠠᠮᠢᠶᠠᠷᠬᠣ ᠳᠠᠡᠭᠭᠡᠭᠡ ᠨᠠᠳᠠ ᠳ᠋ᠤ ᠦᠭᠡᠢ ᠪᠣᠯᠣᠭᠰᠠᠨ ᠃ ᠬᠠᠯᠳᠠᠷ ᠡ ! ᠬᠠᠮᠣᠭ ᠰᠠᠬᠦᠯᠴᠢ ᠶ᠋ᠢᠨ ᠡᠨᠡ ᠠᠶᠠᠭ᠎ᠠ ᠱᠦᠯᠦ ᠲᠠᠢ ᠬᠣᠭᠣᠯᠠ ᠪᠠᠨ ᠢᠳᠡᠵᠣ ᠪᠠᠷᠠᠪᠠᠯ ᠴᠢ ᠦᠪᠠᠷ ᠤᠨ ᠳᠣᠷᠠᠳᠠᠢ ᠭᠠᠵᠠᠷ ᠲᠤ ᠪᠠᠨ ᠣᠴᠢᠵᠣ ᠦᠪᠡᠷ ᠢᠶᠡᠨ ᠢᠳᠡᠰᠢ ᠡᠷᠢᠵᠣ ᠶᠠᠪᠣᠭᠠᠷᠠᠢ ! ᠡᠨᠳᠠ ᠪᠠᠢᠪᠠᠯ ᠴᠢ ᠪᠢᠳᠠ ᠬᠣᠶᠠᠭᠣᠯᠠ ᠪᠠᠨ ᠪᠦᠷ ᠬᠦᠯᠳᠡᠵᠣ ᠦᠬᠦᠬᠦ ᠦᠭᠡᠢ  ᠴᠦ ᠦᠯᠪᠠᠷᠴᠣ ᠥᠬᠦᠵᠦ ᠮᠠᠳᠠᠨ᠎ᠠ ᠁ 》ᠭᠡᠵᠣ ᠪᠢᠴᠢᠬᠠᠨ ᠡᠵᠡᠨ ᠨᠢ ᠡᠷᠢᠶᠡᠡᠲᠦᠭᠰᠡᠨ ᠬᠣᠭᠣᠯᠠᠢ ᠪᠠᠷ ᠳᠦᠳᠦᠨᠡᠭᠰᠡᠭᠡᠷ ᠬᠠᠯᠳᠠᠷ ᠤᠨ ᠬᠦᠵᠦᠬᠦᠨ ᠳ᠋ᠤ ᠬᠢ ᠳᠠᠮᠣᠷ ᠬᠢᠨᠵᠢ ᠶ᠋ᠢᠨ ᠳᠠᠪᠡᠭᠡ ᠶ᠋ᠢ ᠴᠡᠴᠡᠷᠬᠢᠯᠡᠭᠰᠡᠨ ᠪᠢᠴᠢᠬᠠᠨ ᠭᠠᠷ ᠢᠶᠠᠷ ᠢᠶᠡᠨ ᠬᠦᠡᠭᠭᠡᠨ ᠰᠣᠯᠠᠯᠠᠵᠣ ᠭᠠᠵᠠᠷ ᠬᠠᠶᠠᠵᠠᠢ ᠃
《 ᠬᠠᠡᠭᠬᠢᠷ 》 ᠭᠡᠵᠣ ᠬᠦᠢᠳᠠᠨ ᠳᠠᠮᠣᠷ ᠬᠢᠨᠵᠢ ᠬᠦᠯᠳᠡᠬᠦᠦ ᠭᠠᠵᠠᠷ ᠪᠠᠭᠣᠪᠠ ᠃
      ᠬᠠᠯᠳᠠᠷ ᠬᠣᠭᠣᠯᠠ ᠪᠠᠨ ᠢᠳᠡᠬᠦ ᠪᠠᠨ ᠳᠦᠷ ᠵᠣᠭᠰᠣᠵᠣ ᠪᠢᠴᠢᠬᠠᠨ ᠡᠵᠡᠨ ᠢᠶᠡᠨ ᠱᠤᠬᠤᠭᠤᠷᠬᠠᠨ  ᠰᠢᠷᠳᠠᠨ᠎ᠠ ᠃ ᠬᠡᠴᠢᠨᠡᠭᠡᠨ ᠵᠢᠯ ᠭᠡᠴᠢᠨᠡᠭᠡᠨ ᠰᠠᠷ᠎ᠠ ᠵᠡᠬᠦᠯᠭᠡᠭᠰᠡᠨ ᠳᠠᠮᠣᠷ ᠬᠢᠨᠵᠢ ᠶ᠋ᠢ ᠨᠢ ᠲᠡᠭᠡᠵᠦ ᠨᠢᠭᠡ ᠠᠯᠳᠠᠷᠠᠭᠠᠭᠰᠠᠨ ᠳ᠋ᠤ ᠨᠢ ᠭᠠᠶᠢᠬᠠᠭᠰᠠᠨ ᠤ ᠬᠢ ᠤᠣ ? ᠡᠰᠡᠬᠦᠯ᠎ᠠ ᠪᠢᠴᠢᠬᠠᠨ ᠡᠵᠡᠨ ᠤ ᠪᠠᠨ ᠦᠭᠡ ᠶ᠋ᠢ ᠦᠨᠡᠭᠡᠷ ᠣᠢᠯᠠᠭᠠᠭᠰᠠᠨ  ᠴᠦ ᠪᠤᠯᠪᠠ ᠤᠣ ?
      ᠬᠠᠯᠳᠠᠷ ᠤᠨ ᠬᠠᠷᠠᠴᠠ ᠶᠠᠷᠣ ᠪᠣᠰᠣ ᠶ᠋ᠢᠨ ᠳᠦᠯᠭᠡᠨ ᠵᠦᠭᠡᠯᠡᠨ ᠢᠶᠠᠷ ᠪᠢᠴᠢᠬᠠᠨ ᠡᠵᠡᠨ ᠤ ᠪᠠᠨ ᠨᠢᠯᠪᠣᠰᠣᠳᠠᠢ ᠨᠢᠳᠣ ᠶ᠋ᠢ ᠡᠭᠴᠡᠯᠡᠨ ᠰᠢᠷᠳᠠᠵᠣ ᠬᠦᠳᠠᠯᠣᠯ ᠦᠭᠡᠢ ᠣᠷᠣᠨ ᠳ᠋ᠤ ᠪᠠᠨ ᠬᠦᠯᠢᠷᠠᠵᠠᠢ ᠃
      ᠪᠢᠴᠢᠬᠠᠨ ᠡᠵᠡᠨ ᠨᠢ ᠬᠠᠯᠳᠠᠷ ᠤᠨ ᠬᠦᠵᠦᠬᠦᠨ ᠡᠴᠠ ᠡᠵᠢ ᠶ᠋ᠢᠨ ᠢᠶᠡᠨ ᠡᠯᠢᠭᠡᠨ ᠳ᠋ᠤ ᠨᠢ ᠨᠠᠭᠠᠯᠳᠣᠵᠣ ᠂ ᠭᠣᠮᠣᠳᠠᠯ ᠢᠶᠡᠨ ᠳᠣᠭᠠᠴᠢᠳᠠᠭ ᠬᠡᠣᠭᠡᠳ ᠰᠢᠭ ᠨᠠᠯᠠᠨ ᠳᠠᠪᠠᠷᠢᠵᠣ ᠮᠡᠭᠰᠢᠨ ᠣᠬᠢᠯᠠᠡᠡᠦ ᠳ᠋ᠤ  ᠬᠠᠯᠳᠠᠷ ᠴᠦ ᠄ 《 ᠨᠠᠢᠵᠠ ᠮᠢᠨᠢ ᠡᠨᠡ ᠶᠢᠷᠳᠢᠨᠴᠣ ᠳ᠋ᠤ ᠭᠡᠨ  ᠴᠦ ᠴᠢᠮ᠎ᠠ ᠶ᠋ᠢ ᠰᠠᠨᠠᠬᠣ ᠦᠭᠡᠢ ᠬᠠᠷᠠᠬᠣ ᠦᠭᠡᠢ ᠪᠣᠯᠣᠭᠰᠠᠨ  ᠴᠦ ᠪᠢ ᠯᠠᠪᠳᠠᠢ ᠴᠢᠮ᠎ᠠ ᠶ᠋ᠢ ᠬᠠᠶᠠᠵᠣ ᠶᠠᠪᠣᠬᠣ ᠦᠭᠡᠢ ᠃ ᠡᠵᠡᠨ ᠨᠢ  ᠭᠤᠶᠢᠷᠠᠨᠴᠢ ᠪᠣᠯᠣᠭᠰᠠᠨ  ᠴᠦ ᠪᠣᠰᠣᠳ ᠤᠨ ᠡᠬᠦᠳᠠ ᠶ᠋ᠢ ᠰᠠᠬᠢᠳᠠᠭ ᠦᠭᠡᠢ ᠨᠢ ᠮᠠᠨ ‍ᠤ ᠪᠠᠷᠢᠮᠳᠠᠯᠠᠳᠠᠭ ᠣᠳᠣᠮᠰᠢᠯ ᠰᠢᠣ ᠃ ᠪᠢᠴᠢᠬᠠᠨ ᠡᠵᠡᠨ ᠮᠢᠨᠢ ᠰᠠᠨᠠᠭ᠎ᠠ ᠠᠮᠣᠷ ᠪᠠᠢᠭᠠᠴᠢ ᠂ ᠪᠢ ᠦᠯᠪᠡᠷᠴᠣ ᠦᠬᠦᠭᠰᠡᠨ ᠴᠦ ᠡᠬᠦᠳᠠᠨ ᠳ᠋ᠤ ᠪᠠᠨ ᠦᠬᠦᠨ᠎ᠠ ᠂ ᠡᠮᠦᠨ᠎ᠠ ᠴᠢᠨᠢ ᠢᠷᠡᠵᠣ ᠬᠠᠯᠬᠠᠪᠴᠢ ᠪᠣᠯᠵᠣ ᠭᠡᠪᠳᠡᠨ᠎ᠠ 》 ᠭᠡᠰᠡᠨ ᠰᠢᠭ ᠬᠠᠷ᠎ᠠ ᠬᠣᠰᠢᠭᠣ ᠪᠠᠨ ᠰᠣᠡᠭᠭᠠᠨ ᠪᠢᠴᠢᠬᠠᠨ ᠡᠵᠡᠨ ᠤ ᠪᠠᠨ ᠨᠢᠯᠪᠣᠰᠣ ᠣᠷᠣᠮᠯᠠᠭᠰᠠᠨ ᠬᠦᠢᠳᠠᠨ ᠬᠠᠴᠠᠷ ᠢ ᠨᠢ ᠠᠶᠠᠷᠬᠠᠨ ᠦᠨᠦᠷᠯᠠᠨ᠎ᠠ ᠃ (ᠸᠠᠡᠭ ᠡᠷᠳᠡᠮᠳᠣ
ᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ