ᠡᠵᠢ ᠪᠢᠳᠡ ᠬᠤᠶᠠᠷ ᠤᠨ ᠦᠯᠢᠭᠡᠷ

ᠣᠩᠰᠢᠭᠰᠠᠨ ᠤᠳᠠᠭ᠎ᠠ ᠄ 7778     ᠨᠡᠶᠢᠳᠡᠯᠡᠭᠰᠡᠨ ᠴᠠᠭ ᠄ 2016/4/26 14:55:52

 ᠨᠢᠭᠡ
      ᠨᠠᠮ᠎ᠠ ᠶ᠋ᠢ ᠰᠡᠭᠡᠭᠡ ᠤᠷᠤᠬᠤ ᠦᠶ᠎ᠡ ᠳ᠋ᠤ ᠨᠢᠭᠡᠨᠲᠡ ᠰᠦᠨᠢ ᠲᠦᠯᠢ ᠪᠤᠯᠤᠭᠰᠠᠨ ᠪᠠᠶᠢᠪᠠ ᠃ ᠪᠠᠷᠠᠭᠤᠨ ᠬᠦᠯ ᠱᠠᠷᠬᠢᠷᠠᠨ ᠡᠪᠡᠳᠴᠦ ᠂ ᠲᠤᠯᠤᠭᠠᠢ ᠲᠤᠶᠢᠷᠠᠨ ᠦᠴᠦᠬᠡᠨ ᠴᠦ ᠬᠦᠳᠡᠯᠬᠦ ᠶ᠋ᠢᠨ ᠠᠷᠭ᠎ᠠ ᠦᠭᠡᠢ ᠃ ᠨᠢᠳᠤ ᠪᠠᠨ ᠨᠡᠬᠡᠬᠡᠮᠡᠭᠴᠡ ᠪᠢ ᠮᠡᠳᠡᠷᠡᠪᠡ ᠃ ᠪᠢ ᠡᠮᠨᠡᠯᠭᠡ ᠳ᠋ᠥ ᠪᠠᠶᠢᠨ᠎ᠠ ᠃ ᠪᠠᠰᠠ ᠦᠬᠦᠭᠡ ᠦᠭᠡᠢ ᠪᠠᠶᠢᠭᠰᠠᠭᠠᠷ ᠃  ᠶᠠᠭᠤᠨ  ᠳ᠋ᠥ  ᠦᠬᠦᠳᠡᠭ  ᠦᠭᠡᠢ  ᠶᠤᠮ ᠭᠡᠵᠦ  ᠭᠠᠶᠢᠬᠠᠰᠢ ᠲᠦᠷᠦᠨ᠎ᠡ  ᠃
       ᠲᠡᠮᠦᠷ ᠤᠷᠤ ᠶ᠋ᠢᠨ ᠲᠡᠷᠭᠡᠲᠡ ᠬᠦᠯ ᠤᠨ ᠦᠵᠦᠭᠦᠷ ᠨᠢᠭᠡ ᠬᠦᠮᠦᠨ ᠡᠯᠢᠭᠡᠳᠡᠨ ᠬᠡᠪᠲᠡᠭᠡ ᠨᠢ ᠪᠦᠷᠦᠯᠵᠡᠨ ᠦᠵᠡᠭᠳᠡᠪᠡ ᠃ ᠡᠨᠡ ᠬᠦᠮᠦᠨ ᠪᠤᠯ ᠨᠠᠳᠠ ᠡᠵᠢ ᠪᠤᠯᠬᠤ ᠲᠡᠷᠡ ᠪᠦᠰᠡᠬᠦᠢ ᠭᠡᠵᠦ ᠲᠤᠲᠤᠭᠠᠳᠤ ᠰᠡᠷᠡᠯ ᠳ᠋ᠥ ᠮᠡᠳᠡᠷᠡᠭᠳᠡᠨ᠎ᠡ ᠃ ᠲᠡᠭᠡᠬᠦ ᠳ᠋ᠥ ᠲᠤᠲᠤᠷ᠎ᠠ ᠭᠠᠰᠢᠭᠤ ᠤᠷᠬᠢᠵᠤ ᠂ ᠨᠢᠭᠡᠨ ᠦᠯᠦ ᠦᠵᠡᠭᠳᠡᠬᠦ ᠭᠠᠷ ᠵᠢᠷᠦᠬᠡ ᠶ᠋ᠢ ᠪᠠᠵᠠᠯᠠᠬᠤ ᠰᠢᠭ᠋ ᠡᠪᠡᠷᠰᠢᠶᠡᠬᠦ ᠪᠠᠷ ᠪᠡᠶ᠎ᠡ ᠪᠠᠨ ᠰᠢᠯᠭᠡᠭᠡᠪᠡ ᠃ ᠲᠡᠷᠡ  ᠬᠦᠮᠦᠨ ᠦᠷᠭᠦᠨ ᠨᠠᠳᠬᠤᠭᠰᠠᠨ  ᠰᠢᠭ᠋ ᠡᠷᠪᠡᠶᠢᠨ  ᠪᠤᠰᠴᠤ  ᠨᠠᠮ᠎ᠠ ᠶ᠋ᠢ  ᠬᠠᠷᠠᠭᠠᠳ ᠄
       —— ᠡᠪᠡᠤ ᠂ ᠬᠦᠤ  ᠮᠢᠨᠢ ᠂ ᠪᠠᠮᠪᠠᠷ  ᠮᠢᠨᠢ  ᠰᠠᠷᠭᠦᠴᠢᠬᠡᠯ᠎ᠡ  ᠤᠣ ?  ᠲᠤᠲᠤᠷ᠎ᠠ  ᠴᠢᠨᠢ  ᠶᠠᠮᠠᠷᠬᠠᠨ  ᠪᠠᠶᠢᠨ᠎ᠠ  ? ᠭᠡᠵᠡᠢ ᠃
       ᠮᠢᠨᠤ ᠦᠭᠡ ᠶᠠᠷᠢᠬᠤ ᠤᠷᠮ᠎ᠠ ᠠᠯᠳᠠᠷᠠᠵᠤ ᠂ ᠠᠨᠢᠰᠬ᠎ᠠ ᠴᠦ ᠵᠠᠯᠬᠠᠭᠤ ᠬᠦᠷᠦᠨ  ᠠᠨᠢᠯᠳᠤᠪᠠ  ᠃
       ᠲᠡᠷᠡ ᠬᠦᠮᠦᠨ ᠤᠯᠠᠮ ᠢᠶᠠᠷ ᠵᠠᠵᠢᠭ ᠪᠠᠵᠢᠭ ᠠᠯᠳᠠᠷᠠᠨ ᠂ ᠭᠠᠷ ᠢᠶᠡᠨ ᠨᠤᠬᠤᠴᠢᠨ ᠳᠡᠪᠭᠡᠴᠡᠬᠦ  ᠨᠢ ᠲᠤᠲᠤᠷ᠎ᠠ ᠰᠡᠷᠡᠭᠳᠡᠨ᠎ᠡ  ᠃
       ——  ᠬᠦᠤ ᠮᠢᠨᠢ ᠂ ᠬᠤᠭᠤᠯᠠᠢ ᠪᠠᠨ ᠨᠤᠷᠭᠠᠬᠤ ᠤᠣ ? ᠶᠠᠮᠠᠷ ᠬᠡᠴᠡᠭᠦᠤ  ᠪᠤᠯᠵᠤ  ᠪᠠᠶᠢᠨ᠎ᠠ  ᠭᠡᠵᠦ  ᠤᠬᠢᠯᠠᠡᠭᠨᠠᠨ ᠦᠭᠦᠯᠡᠨ᠎ᠡ  ᠃
       ᠪᠢ  ᠨᠢᠳᠤ  ᠪᠠᠨ  ᠨᠡᠬᠡᠭᠡᠵᠦ  ᠲᠡᠷᠡ  ᠬᠦᠮᠦᠨ  ‍ᠢ  ᠠᠰ  ᠬᠠᠷᠠᠪᠠ  ᠃
       —— ᠲᠡᠷᠡ  ᠬᠦᠮᠦᠨ  ᠦᠬᠦᠴᠢᠬᠡᠭᠰᠡᠨ  ᠤᠣ  ?
       —— ᠦᠭᠡᠢ  ᠂  ᠡᠮᠨᠡᠯᠭᠡ  ᠳ᠋ᠥ  ᠪᠤᠢ ᠃
       —— ᠪᠢ  ᠶᠠᠭᠠᠬᠢᠭᠠᠳ  ᠦᠬᠦᠳᠡᠭ  ᠦᠭᠡᠢ  ᠶᠤᠮ  ?
       ᠠᠨᠢᠭᠠᠷ  ᠨᠠᠷᠢᠬᠠᠨ  ᠨᠢᠳᠤ  ᠨᠢ  ᠤᠰᠤᠡᠭᠳᠦᠨ ᠂  ᠤᠷᠤᠭᠤᠯ  ᠢᠶᠡᠨ  ᠬᠠᠵᠠᠯᠬᠢᠯᠠᠬᠤ ᠶ᠋ᠢ  ᠨᠢ  ᠬᠠᠷᠠᠭᠠᠳ ᠡᠭᠳᠡᠭᠦᠤ  ᠬᠦᠷᠪᠡ  ᠃  ᠳᠠᠬᠢᠭᠠᠳ  ᠶᠠᠭᠤ  ᠴᠦ  ᠲᠤᠤᠭᠠᠷᠤᠭᠰᠠᠨ  ᠦᠭᠡᠢ  ᠃  ᠡᠮᠡᠭᠲᠡᠢ  ᠨᠠᠶᠢᠵᠨ ᠮᠢᠨᠢ ᠲᠠᠨᠢᠯ ᠠᠬ᠎ᠠ ᠲᠡᠭᠦᠤ  ᠲᠠᠢ  ᠱᠠᠯ  ᠰᠤᠭᠲᠤᠭᠤ  ᠭᠠᠷ  ᠬᠤᠯᠪᠤᠯᠴᠠᠨ  ᠶᠠᠪᠤᠬᠤ ᠨᠢ ᠨᠢᠳᠦᠨ ᠳ᠋ᠥ ᠳᠠᠬᠢᠨ ᠲᠤᠳᠤᠷᠠᠪᠠ ᠃  ᠶᠠᠮᠠᠷ  ᠤᠯᠢᠭ ᠦᠭᠡᠢ  ᠬᠤᠶᠠᠷ ᠪᠤᠢ ᠂ ᠦᠬᠦᠯ  ᠲᠠᠭᠠᠷᠢᠭᠰᠠᠨ  ‍ᠤᠳ  ᠃
       ——  ᠲᠠ  ᠬᠤᠶᠠᠷ  ᠶᠠᠭᠠᠬᠢᠵᠤ  ᠰᠠᠮᠠᠭᠤᠷᠠᠵᠤ  ᠪᠠᠶᠢᠬᠤ  ᠪᠤᠢ  ?
      —— ᠮᠠᠨ ᠤ ᠬᠤᠶᠠᠷ ᠪᠠᠭᠠᠬᠠᠨ ᠠᠷᠢᠬᠢᠳᠠᠭᠠᠳ ᠬᠠᠯᠠᠰᠤᠴᠢᠬᠠᠭᠰᠠᠨ ᠢᠶᠠᠷ  ᠲᠦᠰᠢᠯᠴᠡᠭᠡᠳ ᠁  ᠡᠮᠡᠭᠲᠡᠢ  ᠨᠠᠶᠢᠵᠨ  ᠮᠢᠨᠢ  ᠬᠤᠯᠮᠠᠯᠵᠠᠨ ᠭᠤᠡᠭᠰᠢᠪᠠ  ᠃
       —— ᠵᠦᠭᠡᠷ  ᠵᠤᠭᠤᠭ  ᠳᠡᠯᠭᠡᠵᠦ ᠁
ᠳᠠᠷᠢᠬᠢᠨ ᠳ᠋ᠥ  ᠲᠡᠷᠡ ᠵᠢᠯ  ᠤᠨ  ᠤᠯᠠᠭᠠᠨ  ᠬᠡᠷᠡᠭᠦᠯ  ᠪᠠ  ᠠᠪᠤ᠋  ᠶ᠋ᠢᠨ  ᠯᠤᠡᠭᠬᠤ  ᠪᠠᠨ  ᠲᠡᠪᠡᠷᠢᠭᠰᠡᠨ ᠤᠬᠢᠯᠠᠯ  ᠴᠦᠳᠡᠡᠭ ᠵᠢᠷᠤᠭᠰᠠᠨ  ᠰᠢᠭ᠋  ᠭᠢᠯᠠᠰ  ᠬᠢᠬᠦ  ᠪᠠᠷ  ᠡᠮᠡᠭᠲᠡᠢ  ᠨᠠᠶᠢᠵᠨ  ᠶ᠋ᠢᠨ  ᠦᠭᠡ  ᠪᠠᠷᠠᠬᠤ  ᠡᠴᠠ  ᠡᠮᠦᠨ᠎ᠡ  ᠭᠠᠭᠴᠠᠬᠠᠨ  ᠲᠦᠭᠦᠰᠢᠯᠡᠪᠡ  ᠃
       —— ᠴᠢᠳᠬᠦᠷ  ᠤᠨ  ᠦᠬᠢᠨ  ᠶᠢᠰᠤᠨ  ᠲᠦᠷᠦᠯ  ᠲᠠᠢ  ᠪᠠᠨ ᠴᠠᠭᠠᠰᠢ ᠵᠢᠯᠢᠢ ᠃
       —— ᠡᠮᠸ  ᠡ  ᠂ ᠠᠯᠠᠬᠤ  ᠨᠢ  !  ᠭᠤᠳ  ᠰᠢᠡᠭᠬᠡᠨ  ᠳᠠᠭᠤ  ᠃
       ᠴᠡᠭᠡᠵᠢᠨ  ᠳ᠋ᠥ  ᠬᠡᠢ  ᠰᠠᠭᠭᠠᠵᠤ  ᠂  ᠬᠠᠮᠠᠷ  ᠢᠶᠠᠷ  ᠤᠲᠤᠭ᠎ᠠ  ᠪᠤᠷᠭᠢᠨ᠎ᠠ  ᠃
       —— ᠪᠠᠮᠪᠠᠷ ᠴᠢ ᠰᠤᠯᠢᠶᠠᠷᠠᠬᠤ ᠨᠢ ᠤᠣ ᠃ ᠨᠠᠶᠢᠵᠨ  ᠶ᠋ᠢ  ᠴᠢᠨᠢ  ᠵᠦᠭᠡᠷ  ᠨᠢᠭᠡ  ᠪᠤᠳᠠᠭᠠᠯᠠᠬᠤ  ᠳ᠋ᠥ  ᠃  ᠡᠨᠡ  ᠴᠢᠨᠢ  ᠡᠬᠡ  ᠶ᠋ᠢᠨ  ᠢᠶᠡᠨ  ᠲᠤᠮᠤᠭ  ᠲᠦ  ᠰᠢᠪᠠᠷᠳᠠᠴᠢᠬᠠᠭᠰᠠᠨ ᠭᠠᠶᠢᠬᠠᠯ  ᠃
        —— ᠦᠬᠦᠭᠰᠡᠨ  ᠤ  ᠴᠢᠨᠢ ᠃ ᠴᠢᠮ᠎ᠠ ᠡᠴᠠ  ᠪᠤᠰᠤᠳ  ᠬᠦᠮᠦᠨ  ᠪᠦᠷ  ᠲᠤᠯᠤᠭᠠᠢ ᠳ᠋ᠥ  ᠪᠠᠨ  ᠤᠰᠤ  ᠲᠠᠢ  ᠭᠡᠵᠦ  ᠤᠣ  ᠃ ᠬᠦᠯ  ᠲᠤᠤᠷ᠎ᠠ  ᠡᠴᠠ  ᠪᠠᠨ  ᠲᠤᠭᠤᠰᠬ᠎ᠠ  ᠠᠪᠴᠤ ᠲᠤᠯᠤᠭᠠᠢ ᠤᠷᠤᠭᠤ ᠨᠢ ᠨᠢᠭᠡ ᠪᠠᠯᠪᠠᠪᠠ ᠃ ᠴᠠᠭᠠᠨᠠᠬᠢ ᠡᠷ᠎ᠡ ᠶ᠋ᠢᠨ ᠲᠤᠯᠤᠭᠠᠢ ᠤᠯᠠᠭᠠᠨ ᠨᠦᠵᠢ ᠪᠤᠯᠵᠦ ᠬᠠᠷᠠᠭᠳᠠᠨ᠎ᠠ ᠃ ᠲᠡᠭᠡᠬᠦ  ᠳ᠋ᠥ  ᠰᠢᠷᠬᠠᠨ  ᠤ  ᠬᠠᠯᠠᠭᠤᠨ  ᠤᠣ  ᠂  ᠡᠰᠡᠪᠡᠯ ᠠᠷᠢᠬᠢᠨ ᠤ ᠬᠠᠯᠠᠭᠤᠨ ᠢᠶᠠᠷ ᠤᠣ ᠂ ᠪᠤᠤ ᠮᠡᠳᠡ ᠂ ᠤᠨᠠᠬᠤ ᠡᠷ᠎ᠡ ᠪᠢᠰᠢ ᠃ ᠰᠠᠳᠠᠭᠠᠨᠠᠨ ᠤᠷᠤᠰᠬᠤ  ᠴᠢᠰᠤ  ᠪᠠᠨ ᠠᠯᠠᠭ᠎ᠠ ᠪᠠᠷ ᠢᠶᠡᠨ ᠵᠦᠯᠭᠦᠵᠦ ᠂  ᠬᠠᠷᠮᠠᠨ ᠡᠴᠠ ᠪᠠᠨ ᠤᠬᠤᠷ  ᠬᠢᠳᠤᠭ᠎ᠠ  ᠭᠠᠷᠭᠠᠨ  ᠨᠦᠷᠢᠵᠦ  ᠢᠷᠡᠪᠡ  ᠃
ᠨᠢᠭᠡ ᠪᠠᠨ ᠬᠤᠤᠷᠯᠠᠬᠤ ᠤᠶᠢᠯᠡ ᠢᠡᠭᠬᠢᠵᠦ ᠡᠭᠦᠰᠦᠭᠰᠡᠨ ᠶᠤᠮ ᠃ ᠡᠮᠨᠡᠯᠭᠡ ᠳ᠋ᠥ ᠬᠡᠨ ᠬᠦᠷᠭᠡᠵᠦ ᠢᠷᠡᠭᠰᠡᠨ ᠂ ᠬᠡᠷᠡᠭᠦᠯ ᠶᠠᠭᠠᠬᠢᠵᠤ ᠲᠡᠭᠦᠰᠦᠭᠰᠡᠨ ᠲᠤᠬᠠᠢ  ᠪᠤᠳᠤᠭᠳᠠᠬᠤ  ᠶᠠᠭᠤᠮ᠎ᠠ ᠠᠯᠠᠭ᠎ᠠ  ᠪᠠᠶᠢᠪᠠ  ᠃
        ᠲᠤᠯᠤᠭᠠᠢ ᠰᠢᠷᠠᠭᠲᠠᠵᠤ ᠂ ᠪᠠᠷᠠᠭᠤᠨ ᠬᠦᠯ ᠬᠢᠲᠤᠭᠠᠯᠠᠭᠳᠠᠭᠰᠠᠨ ᠪᠠᠶᠢᠨ᠎ᠠ ᠃ ᠰᠢᠷᠬᠠᠨ ᠤ  ᠬᠤᠤᠷᠯᠠᠯ ᠳ᠋ᠥ ᠪᠦᠬᠦ ᠪᠡᠶ᠎ᠡ ᠱᠠᠷᠬᠢᠷᠠᠵᠤ ᠨᠤᠶᠢᠷ ᠢᠶᠡᠨ ᠠᠯᠳᠠᠪᠠ ᠃ ᠬᠦᠳᠡᠯᠵᠦ ᠴᠢᠳᠠᠯ ᠦᠭᠡᠢ  ᠳᠡᠭᠡᠭᠰᠢ  ᠬᠠᠷᠠᠵᠤ  ᠬᠡᠪᠲᠡᠭᠰᠡᠭᠡᠷ  ᠃
ᠡᠷᠲᠡ ᠶ᠋ᠢᠨ ᠬᠤᠭᠤᠯᠠ ᠶ᠋ᠢ ᠠᠪᠤ᠋ ᠬᠦᠷᠭᠡᠵᠦ ᠢᠷᠡᠪᠡ ᠃ ᠪᠤᠴᠠᠵᠤ ᠵᠤᠭᠤᠰ ᠵᠤᠭ᠎ᠠ   ᠴᠤᠭᠯᠠᠭᠤᠯᠤᠭᠠᠳ ᠡᠷᠲᠡ ᠶ᠋ᠢᠨ ᠮᠠᠰᠢᠨ ᠢᠶᠠᠷ ᠢᠷᠡᠭᠰᠡᠨ ᠪᠠᠶᠢᠵᠠᠢ ᠃ ᠡᠭᠦᠳᠡ ᠤᠷᠤᠵᠤ ᠢᠷᠡᠮᠡᠭᠴᠡ ᠰᠡᠷᠭᠦᠭᠰᠡᠨ ‍ᠢ ᠬᠠᠷᠠᠵᠤ ᠦᠨᠡᠰᠦᠷᠡᠭᠰᠡᠨ ᠴᠢᠷᠡᠢ ᠳᠡᠭᠡᠷ᠎ᠡ ᠨᠢ ᠪᠠᠶᠠᠰᠤᠯ ‍ᠤᠨ ᠦᠡᠭᠭᠡ ᠲᠤᠲᠤᠷᠠᠭᠰᠠᠨ ᠨᠢ ᠬᠤᠯᠠᠭᠠᠢ  ᠬᠠᠷᠠᠴᠠ  ᠳ᠋ᠥ  ᠤᠨᠠᠪᠠ  ᠃
        —— ᠰᠡᠷᠡᠴᠢᠭᠡᠭᠰᠡᠨ ᠶᠤᠮ ᠤᠣ   ?  ᠠᠰᠢᠬᠦᠢ  ᠳ᠋ᠠ ᠭᠡᠵᠦ ᠭᠠᠷ  ᠲᠦ ᠬᠢ ᠢᠳᠡᠭᠡᠨ  ᠢᠶᠡᠨ ᠤᠷᠤ  ᠶ᠋ᠢᠨ  ᠬᠠᠵᠠᠭᠤ ᠳ᠋ᠤ ᠬᠢ ᠠᠪᠳᠠᠷ᠎ᠠ ᠳᠡᠭᠡᠷ᠎ᠡ ᠲᠠᠯᠪᠢᠪᠠ  ᠃
        —— ᠠᠯᠢ ᠂ ᠬᠦᠤ ᠮᠢᠨᠢ  ᠠᠮᠠ ᠪᠠᠨ ᠵᠠᠶᠢᠯᠠᠴᠢᠬᠠᠭᠠᠳ ᠡᠨᠡ ᠨᠠᠷᠢᠮᠤᠨ ᠰᠢᠡᠭᠬᠡᠨ ‍ᠢ  ᠤᠭᠤᠴᠢ ᠃  ᠪᠡᠶ᠎ᠡ  ᠴᠢᠨᠢ  ᠲᠠᠮᠢᠷ ᠤᠷᠤᠬᠤ  ᠶᠤᠮ  ᠃
ᠰᠢᠯ ᠴᠤᠮᠤᠨ ᠤ ᠪᠤᠴᠠᠯᠤᠭᠰᠠᠨ ᠴᠠᠭᠠᠨ ᠤᠰᠤᠨ ᠳ᠋ᠥ ᠰᠦᠯᠢᠶᠤᠤ ᠭᠤᠤᠷᠰᠤ  ᠬᠠᠳᠬᠤᠭᠠᠳ ᠠᠮᠠᠨ ᠳ᠋ᠥ ᠰᠤᠷᠤᠭᠤᠯᠪᠠ ᠃ ᠳᠠᠬᠢᠨ ᠠᠯᠴᠢᠭᠤᠷ ᠢᠶᠠᠷ ᠵᠠᠪᠠᠵᠢ ᠡᠴᠠ ᠭᠠᠳᠠᠭᠰᠢ ᠤᠷᠤᠰᠬᠤ ᠤᠰᠤ ᠶ᠋ᠢ ᠲᠤᠰᠴᠤ ᠠᠪᠤᠨ᠎ᠠ ᠃ ᠬᠦᠳᠡᠭᠡ ᠶ᠋ᠢᠨ ᠠᠪᠤ᠋ ᠳ᠋ᠥ ᠪᠠᠶᠢᠮᠠᠷ ᠦᠭᠡᠢ ᠵᠠᠡᠭ ᠢᠶᠠᠷ ᠬᠦᠡᠭᠬᠡᠮᠰᠦᠭᠯᠡᠵᠦ ᠂ ᠬᠦᠭᠡᠷᠦᠬᠦᠢ ᠠᠪᠤ᠋ ᠮᠢᠨᠢ ᠬᠦᠤ ᠶ᠋ᠢᠨ ᠢᠶᠡᠨ ᠠᠮᠢ ᠲᠠᠢ ᠦᠯᠡᠳᠡᠭᠰᠡᠨ ᠳ᠋ᠥ ᠬᠡᠤᠬᠡᠳ ᠰᠢᠭ ᠪᠠᠶᠠᠰᠴᠠᠢ ᠃ ᠠᠪᠤᠷᠠᠯ ᠤᠨ ᠳᠡᠭᠡᠳᠦ  ᠪᠤᠷᠬᠠᠨ ᠠᠪᠤ᠋  ᠮᠢᠨᠢ  ᠡ  ᠃
ᠲᠦᠭᠡᠷᠢᠭᠰᠡᠨ ᠬᠡᠤᠬᠡᠳ ᠭᠡᠷ ᠢᠶᠡᠨ ᠤᠯᠤᠭᠰᠠᠨ ᠰᠢᠭ᠋ ᠂ ᠪᠢ ᠠᠪᠤ᠋  ᠪᠠᠨ ᠦᠵᠡᠭᠡᠳ ᠠᠷᠭ᠎ᠠ ᠦᠭᠡᠢ ᠤᠶᠠᠰᠤᠨ ᠂ ᠨᠡᠷᠡᠯᠬᠡᠭᠰᠡᠨ ᠬᠤᠷᠤᠰᠤᠯ  ᠭᠤᠮᠤᠳᠠᠯ ᠠᠭᠠᠵᠢᠮ ᠢᠶᠠᠷ ᠠᠯᠳᠠᠷᠠᠪᠠ ᠃ ᠠᠪᠤ᠋ ᠳ᠋ᠤ ᠪᠠᠨ ᠡᠷᠭᠡᠯᠡᠮᠡᠷ ᠰᠠᠨᠠᠭᠳᠠᠬᠤ ᠠᠪᠠᠴᠦ ᠪᠢ ᠡᠷ᠎ᠡ ᠬᠦᠮᠦᠨ ᠤ ᠪᠦᠳᠦᠭᠦᠨ ᠵᠤᠷᠢᠭ ᠭᠠᠷᠭᠠᠵᠤ  ᠬᠠᠰᠢᠨ᠎ᠠ  ᠃
       ᠠᠪᠤ᠋ ᠨᠠᠷᠢᠮᠤ ᠶ᠋ᠢᠨ ᠰᠢᠡᠭᠬᠡᠨ ᠪᠤᠳᠠᠭ᠎ᠠ ᠪᠠᠨ ᠴᠤᠮᠤᠨ ᠳ᠋ᠥ ᠬᠢᠵᠦ ᠂ ᠳᠠᠬᠢᠨ ᠪᠦᠳᠦᠭᠦᠨ  ᠰᠦᠯᠢᠶᠦᠤ ᠭᠤᠦᠷᠰᠤ ᠬᠠᠳᠬᠤᠨ ᠠᠮᠠᠨ ᠳ᠋ᠥ ᠰᠤᠷᠤᠭᠤᠯᠪᠠ ᠃ ᠲᠤᠯᠤᠭᠠᠢ ᠬᠦᠳᠡᠯᠬᠦ ᠳ᠋ᠥ ᠪᠡᠷᠬᠡ ᠪᠠᠶᠢᠪᠠ ᠃ ᠡᠷᠡᠤ  ᠬᠦᠳᠡᠯᠬᠦ ᠪᠦᠷᠢ ᠬᠤᠶᠠᠷ ᠰᠠᠨᠴᠢᠭ ᠯᠤᠭᠰᠢᠨ ᠡᠪᠡᠷᠰᠢᠶᠡᠵᠦ ᠂ ᠵᠠᠵᠢᠯᠬᠤ ᠳ᠋ᠥ  ᠨᠠᠡᠭ  ᠬᠦᠴᠢᠷ  ᠃
      —— ᠮᠠᠭᠤ ᠰᠠᠶᠢᠨ ᠦᠬᠢᠳ ᠤᠨ ᠲᠦᠯᠦᠭᠡ ᠠᠮᠢ ᠪᠠᠨ ᠠᠯᠳᠠᠬᠤ ᠨᠢ ᠤᠣ  ? ᠴᠢᠨᠤ ᠠᠮᠢ ᠭᠠᠭᠴᠠ ᠴᠢᠨᠦ ᠬᠢ ᠪᠢᠰᠢ ᠭᠡᠳᠡᠭ ‍ᠢ ᠴᠡᠭᠡᠵᠢᠯᠡ ᠃  ᠴᠢ  ᠪᠣᠯ  ᠠᠪᠤ᠋  ᠡᠵᠢ  ᠶ᠋ᠢᠨ  ᠢᠶᠡᠨ  ᠠᠮᠢ  ᠭᠤᠦᠯ  ᠭᠡᠳᠡᠭ  ‍ᠢ  ᠮᠡᠳᠡᠵᠦ  ᠠᠪ  ᠃
 ᠠᠪᠤ᠋ ᠠᠵᠢᠯ ᠳ᠋ᠥ ᠪᠦᠬᠡᠰᠢᠭᠰᠡᠨ ᠬᠠᠲᠠᠭᠤ ᠭᠠᠷ ‍ᠤᠨ ᠢᠶᠡᠨ ᠡᠪ ᠲᠦᠢ ᠶ᠋ᠢ ᠤᠯᠵᠤ ᠂  ᠬᠦᠨᠵᠢᠯᠡ ᠶ᠋ᠢ ᠢᠷᠡᠨ ᠬᠦᠯ ‍ᠢ ᠵᠠᠰᠠᠬᠤ  ᠵᠠᠪᠰᠠᠷ ᠲᠤᠷᠤᠭᠰᠢ ᠬᠠᠷᠠᠭᠰᠠᠨ ᠬᠡᠪ ᠢᠶᠠᠷ ᠢᠶᠡᠨ  ᠶᠠᠷᠢᠨ᠎ᠠ  ᠃
       —— ᠡᠷ᠎ᠡ ᠬᠦᠮᠦᠨ ᠤ ᠲᠠᠷᠬᠠᠨ ᠨᠡᠷ᠎ᠡ ᠬᠦᠨᠳᠦ ᠶ᠋ᠢ ᠭᠤᠳᠤᠭᠠᠬᠤ ᠶ᠋ᠢ ᠪᠢ ᠬᠦᠯᠢᠶᠡᠬᠦ ᠦᠭᠡᠢ ᠃ ᠡᠨᠡ ᠳᠡᠯᠡᠬᠡᠢ ᠳ᠋ᠥ ᠶᠠᠭᠠᠬᠢᠬᠤ ᠳ᠋ᠥ ᠪᠠᠨ ᠲᠡᠭᠡᠵᠦ ᠳᠠᠷᠤᠡᠭᠭᠤᠢ ᠦᠭᠡᠶᠢᠳᠡᠨ ᠳᠠᠪᠠᠭᠤᠷᠠᠳᠠᠭ ᠬᠦᠮᠦᠨ  ᠤᠯᠠᠨ  ᠪᠠᠶᠢᠳᠠᠭ  ‍ᠢ  ᠪᠤᠦ  ᠮᠡᠳᠡ   ᠃
    ᠪᠢ ᠦᠭᠡ  ᠪᠠᠨ ᠨᠢᠭᠡᠳ ᠨᠢᠭᠡ ᠪᠠᠷ ᠵᠦᠭᠡᠭᠡᠵᠦ ᠵᠠᠨᠤᠯᠲᠠᠶᠢᠬᠠᠨ ᠬᠡᠯᠡᠪᠡ ᠃  ᠬᠦᠯ  ‍ᠢ  ᠪᠠᠵᠠᠯᠠᠨ ᠠᠮᠠᠷᠠᠭᠤᠯᠵᠤ ᠪᠠᠶᠢᠭᠰᠠᠨ ᠠᠪᠤ᠋ ᠶ᠋ᠢᠨ ᠭᠠᠷ  ᠬᠦᠨᠵᠢᠯᠡ ᠲᠤᠲᠤᠷ᠎ᠠ  ᠵᠤᠭ  ᠲᠤᠰᠪᠠ ᠃ ᠴᠢᠷᠠᠢ ᠨᠢ  ᠶᠠᠮᠠᠷ  ᠴᠦ  ᠬᠤᠪᠢᠷᠠᠯ ᠦᠭᠡᠢ ᠃ ᠬᠠᠷᠠᠴᠠ  ᠪᠠᠨ ᠲᠡᠷᠡ ᠡᠮᠡᠭᠲᠡᠢ —— ᠮᠢᠨᠦ  ᠡᠵᠢ  ᠪᠤᠯᠬᠤ ᠲᠡᠷᠡ  ᠬᠦᠮᠦᠨ  ᠳᠡᠭᠡᠷ᠎ᠡ  ᠰᠠᠮ  ᠬᠦᠶᠦᠯᠭᠡᠨ᠎ᠡ ᠃  ᠲᠡᠷᠡ  ᠬᠦᠮᠦᠨ ᠨᠢ  ᠯᠠ  ᠬᠠᠯᠠᠭᠤᠨ ᠤᠰᠤᠨ ᠳ᠋ᠥ ᠵᠤᠮᠤᠭᠠᠭᠳᠠᠭᠰᠠᠨ ᠰᠢᠭ᠋ ᠪᠠᠯᠲᠠᠯᠵᠠᠨ ᠂ ᠵᠤᠪᠬᠢ ᠪᠠᠨ ᠵᠦᠯᠭᠦᠵᠦ  ᠵᠤᠭᠰᠤᠨ᠎ᠠ  ᠃

ᠬᠤᠶᠠᠷ

        ᠪᠢ ᠬᠡᠤᠬᠡᠳ ᠨᠠᠰᠤᠨ ᠳ᠋ᠥ ᠪᠠᠨ ᠨᠢᠭᠡᠨᠲᠡ ᠡᠷ᠎ᠡ ᠬᠦᠮᠦᠨ ᠪᠤᠯᠴᠢᠬᠠᠭᠰᠠᠨ ᠤᠬᠠᠭᠠᠨ ᠲᠠᠢ ᠃ ᠳᠠᠷᠤᠢ ᠠᠪᠤ᠋ ᠶ᠋ᠢᠨ ᠠᠷᠢᠬᠢᠨ ᠯᠤᠡᠭᠬᠤ ᠪᠠᠨ ᠲᠡᠪᠡᠷᠢᠭᠡᠳ ᠰᠡᠮ ᠨᠢᠯᠪᠤᠰᠤᠷᠠᠬᠤ ᠶ᠋ᠢ ᠬᠤᠯᠠᠭᠠᠶᠢᠯᠠᠨ   ᠬᠠᠷᠠᠭᠰᠠᠨ  ᠲᠡᠷᠡ ᠡᠳᠦᠷ ᠡᠴᠡ  ᠪᠢ ᠡᠷ᠎ᠡ  ᠬᠦᠮᠦᠨ  ᠪᠤᠯᠴᠢᠬᠠᠵᠠᠢ  ᠃
        ᠪᠠᠭ᠎ᠠ ᠰᠤᠷᠭᠠᠭᠤᠯᠢ ᠪᠠᠨ ᠲᠡᠭᠦᠰᠦᠭᠰᠡᠨ ᠵᠢᠯ ᠶᠤᠮ ᠃ ᠠᠪᠤ᠋  ᠶ᠋ᠢ ᠮᠢᠨᠢ ᠡᠶᠢᠨ ᠬᠦ ᠰᠡᠳᠬᠢᠯ ᠢᠶᠠᠷ ᠤᠨᠠᠭᠠᠨ ᠰᠢᠨᠠᠯᠭᠠᠭᠰᠠᠨ ᠨᠢ ᠦᠭᠡᠷ᠎ᠡ ᠬᠦᠮᠦᠨ ᠪᠢᠰᠢ ᠃ ᠯᠢᠡᠭᠬᠸ᠎ᠠ ᠭᠡᠳᠡᠭ ᠲᠡᠷᠡ ᠨᠢᠬᠡᠨ ᠪᠦᠰᠡᠬᠦᠢ ᠂ ᠳᠠᠷᠤᠢ ᠨᠠᠮ᠎ᠠ ᠶ᠋ᠢ ᠲᠦᠷᠦᠵᠦ ᠦᠰᠭᠡᠭᠰᠡᠨ ᠡᠵᠢ ᠶᠤᠮ ᠃ ᠲᠤᠬᠠᠢ  ᠶ᠋ᠢᠨ  ᠦᠶ᠎ᠡ  ᠳ᠋ᠤ ᠪᠢ  ᠶᠠᠭ  ᠠᠷᠪᠠᠨ  ᠭᠤᠷᠪᠠᠲᠠᠢ  ᠃
ᠪᠢ ᠰᠤᠮᠤᠨ ᠤ ᠲᠦᠪ ᠲᠤ ᠪᠢᠴᠢᠭ ᠦᠵᠡᠳᠡᠭ ᠤᠴᠢᠷ ᠡᠴᠠ ᠡᠵᠢ ᠴᠦ ᠨᠠᠮ᠎ᠠ ᠶ᠋ᠢ  ᠬᠠᠷᠠᠭᠠᠯᠵᠠᠬᠤ ᠪᠠᠷ ᠢᠷᠡᠵᠦ ᠂ ᠬᠤᠶᠠᠭᠤᠯᠠ ᠪᠠᠨ ᠭᠡᠷ ᠲᠦᠷᠢᠶᠡᠰᠦᠯᠡᠨ ᠰᠠᠭᠤᠳᠠᠭ ᠃  ᠡᠵᠢ  ᠭᠤᠷᠪᠠᠨ ᠴᠠᠭ ᠤᠨ ᠬᠤᠭᠤᠯᠠ ᠶ᠋ᠢ ᠪᠡᠯᠡᠳᠬᠡᠵᠦ ᠰᠠᠭᠤᠳᠠᠭ ᠃ ᠭᠠᠷᠠᠭ ᠤᠨ ᠵᠢᠷᠭᠤᠭᠠᠨ ᠂ ᠭᠠᠷᠠᠭ ᠤᠨ ᠡᠳᠦᠷ ᠪᠤᠯᠤᠭᠰᠠᠭᠠᠷ ᠠᠪᠤ᠋ ᠮᠠᠰᠢᠨ ᠲᠡᠷᠭᠡ  ᠪᠠᠨ ᠵᠢᠯᠤᠭᠤᠳᠴᠤ  ᠢᠷᠡᠭᠡᠳ ᠮᠠᠨ ᠤ  ᠬᠤᠶᠠᠷ ‍ᠢ ᠲᠤᠰᠴᠤ  ᠭᠡᠷ  ᠲᠦ ᠪᠠᠨ ᠬᠠᠷᠢᠳᠠᠭ ᠃  ᠶᠡᠷᠤ ᠶ᠋ᠢᠨ ᠴᠠᠭ ᠠᠪᠤ᠋ ᠭᠡᠷ  ᠲᠦ ᠪᠠᠨ ᠦᠯᠡᠳᠡᠵᠦ  ᠮᠠᠯ  ᠢᠶᠡᠨ  ᠮᠠᠯᠵᠢᠵᠤ  ᠲᠠᠷᠢᠶᠠᠯᠠᠵᠤ ᠰᠠᠭᠤᠳᠠᠭ  ᠶᠤᠮ ᠃
       ᠨᠢᠭᠡ  ᠦᠳᠡ  ᠳ᠋ᠥ  ᠪᠢ ᠰᠤᠷᠭᠠᠭᠤᠯᠢ  ᠡᠴᠠ  ᠪᠠᠨ  ᠪᠤᠴᠠᠬᠤ  ᠳ᠋ᠥ  ᠡᠵᠢ  ᠬᠤᠭᠤᠯᠠ  ᠪᠠᠨ ᠴᠦ ᠪᠡᠯᠡᠳᠬᠡᠭᠡ ᠦᠭᠡᠢ ᠂ ᠭᠠᠷ ᠤᠳᠠᠰᠤ ᠪᠠᠨ ᠤᠷᠤᠯᠳᠤᠵᠤ ᠯᠠ ᠰᠠᠭᠤᠨ᠎ᠠ ᠃ ᠶᠡᠭᠡᠳᠡ ᠲᠠᠶᠢᠪᠤᠭᠤ  ᠠᠯᠳᠠᠷᠠᠨ  ᠰᠡᠳᠬᠢᠯ  ᠠᠯᠭᠠᠰᠤᠡᠭᠭᠤᠢ  ᠪᠠᠶᠢᠴᠠ  ᠲᠠᠢ   ᠃
       —— ᠡᠵᠢ  ᠡ  ᠂  ᠬᠤᠭᠤᠯᠠ  ᠪᠠᠨ  ᠬᠢᠭᠡᠳᠦᠢ ᠤᠣ  ?
       —— ᠡ  ᠂ ᠡᠮᠸ ᠂ ᠰᠤᠴᠢᠭᠠᠵᠤ  ᠠᠯᠠᠬᠤ ᠨᠢ ᠤᠣ ? ᠡᠨᠡ ᠬᠦᠤ  ᠴᠢᠨᠢ ᠃ ᠶᠠᠭᠠᠬᠢᠭᠰᠠᠨ ᠨᠠᠮ ᠵᠢᠮ ᠤᠷᠤᠵᠤ ᠢᠷᠡᠭᠡᠳ ᠁  ᠡᠵᠢ ᠶ᠋ᠢᠨ ᠴᠢᠷᠠᠢ  ᠬᠡᠰᠡᠭ  ᠴᠠᠶᠢᠷᠠᠨ  ᠬᠡᠰᠡᠭ  ᠤᠯᠠᠶᠢᠵᠤ ᠂  ᠨᠢᠳᠤ ᠨᠢ ᠤᠷᠤᠨ ᠲᠤᠷᠤᠨ ᠦᠭᠡᠢ  ᠪᠤᠯᠪᠠ  ᠃
       —— ᠪᠢ ᠦᠯᠦᠰᠴᠦ ᠪᠠᠶᠢᠬᠤ  ᠳ᠋ᠥ ᠲᠠ ᠡᠳᠦᠷᠵᠢᠨ ᠭᠠᠷ ᠤᠳᠠᠰᠤ  ᠤᠷᠤᠯᠳᠤᠭᠠᠳ  ᠁ᠪᠢ ᠠᠮᠠᠨ ᠳ᠋ᠥ ᠪᠠᠨ ᠲᠦᠳᠦᠨᠡᠪᠡ ᠃ ᠦᠨᠡᠬᠡᠷ ᠰᠢᠦ ᠤᠷᠴᠢᠮ ᠤᠨ ᠬᠡᠳᠤᠨ ᠰᠠᠷ᠎ᠠ ᠡᠵᠢ  ᠶ᠋ᠢᠨ ᠭᠠᠷ ᠤᠲᠠᠰᠤᠨ ‍ᠤ ᠬᠠᠯᠠ ᠨᠢ ᠶᠡᠭᠡᠰᠴᠦ ᠂ ᠡᠵᠢ ᠴᠢᠯᠤᠭᠡ ᠭᠠᠷᠤᠭᠰᠠᠭᠠᠷ ᠯᠠ ᠭᠠᠷ ᠤᠲᠠᠰᠤ ᠪᠠᠨ  ᠤᠷᠤᠯᠳᠤᠵᠤ ᠰᠠᠭᠤᠳᠠᠭ ᠪᠤᠯᠪᠠ  ᠃
        ᠪᠢ ᠡᠵᠢ ᠶ᠋ᠢᠨ ᠬᠠᠭᠠᠷᠢᠭᠰᠠᠨ ᠰᠢᠬᠢᠷᠳᠤ ᠪᠤᠦᠪᠤ᠋ ᠶ᠋ᠢ ᠢᠳᠡᠭᠡᠳ ᠰᠤᠷᠭᠠᠭᠤᠯᠢ ᠳ᠋ᠥ ᠪᠠᠨ ᠶᠠᠪᠤᠭᠰᠠᠨ ᠶᠤᠮ ᠃ ᠤᠷᠤᠢ ᠨᠢ ᠰᠤᠷᠭᠠᠭᠤᠯᠢ ᠲᠠᠷᠬᠠᠭᠠᠳ ᠲᠦᠷᠢᠶᠡᠰᠦᠨ ᠭᠡᠷ  ᠲᠦ ᠪᠠᠨ ᠪᠤᠴᠠᠬᠤ ᠳ᠋ᠥ ᠠᠪᠤ᠋ ᠢᠷᠡᠴᠢᠬᠡᠭᠡᠳ ᠴᠢᠷᠡᠢ ᠮᠠᠭᠤᠲᠡᠢ ᠰᠠᠭᠤᠵᠤ ᠪᠠᠶᠢᠪᠠ ᠃ ᠡᠵᠢ ᠶ᠋ᠢᠨ ᠨᠢᠳᠦ ᠬᠠᠪᠤᠡᠭᠨᠠᠨ  ᠤᠯᠠᠶᠢᠳᠪᠠ ᠃ ᠡᠵᠢ ᠶ᠋ᠢᠨ ᠭᠠᠷ ᠤᠲᠠᠰᠤ ᠴᠦ ᠭᠠᠵᠠᠷ ᠰᠠᠪᠠᠭᠲᠠᠭᠰᠠᠨ ᠠᠶᠠᠲᠠᠢ ᠰᠠᠯᠪᠠᠷᠠᠴᠢᠬᠠᠭᠰᠠᠨ ᠬᠠᠷᠭᠳᠠᠨ᠎ᠠ  ᠃
ᠰᠠᠭᠤᠵᠤ ᠲᠡᠶᠢᠯᠬᠦ ᠦᠭᠡᠢ ᠪᠣᠯ ᠰᠠᠯᠴᠢᠬᠠᠶ᠎ᠠ ᠃ ᠪᠢᠲᠡᠬᠡᠢ ᠳᠡᠰᠪᠤᠷᠢ ᠠᠯᠳᠠᠵᠤ  ᠨᠢᠭᠤᠷ ‍ᠢ ᠪᠠᠷᠠᠭᠠᠳ ᠪᠠᠢ ᠃ ᠴᠢ ᠢᠴᠢᠵᠦ ᠵᠤᠪᠠᠬᠤ ᠨᠢᠭᠤᠷ ᠦᠭᠡᠢ ᠴᠦ ᠬᠦᠤ ᠪᠠᠨ ᠪᠤᠳᠤ ᠡ  ᠃
       —— ᠪᠢ ᠶᠠᠭᠤ ᠴᠦ ᠬᠢᠭᠡ ᠦᠭᠡᠢ ᠪᠠᠶᠢᠬᠤ ᠳ᠋ᠥ ᠃ ᠴᠢ ᠬᠠᠷᠢᠨ ᠪᠤᠰᠤᠳ ᠤᠨ ᠦᠭᠡ ᠶ᠋ᠢ  ᠢᠲᠡᠭᠡᠵᠦ ᠂ ᠮᠢᠨᠦ ᠬᠢ ᠶ᠋ᠢ ᠢᠲᠡᠭᠡᠳᠡᠭ  ᠦᠭᠡᠢ  ᠃
      —— ᠴᠢ ᠦᠨᠡᠨ ᠢᠴᠢᠬᠦ ᠨᠢᠭᠤᠷ  ᠲᠦ ᠪᠠᠨ ᠢᠰᠡᠭᠡᠢ ᠬᠠᠳᠠᠴᠢᠬᠠᠵᠠᠢ  ᠬᠦᠢ ᠃ ᠲᠡᠭᠡᠭᠡᠳ ᠲᠡᠷᠡ ᠴᠠᠬᠢᠮ ᠴᠢᠮᠡᠭᠡ ᠨᠤᠭᠤᠳ ᠴᠢᠨᠢ ᠶᠠᠮᠠᠷ ᠤᠴᠢᠷ ᠪᠤᠢ  ? ᠴᠢ ᠲᠠᠶᠢᠯᠪᠤᠷᠢᠯᠠᠵᠤ ᠠᠯᠢ ᠳ᠋ᠠ ᠃ ᠵᠦᠭᠡᠷ ᠰᠠᠭᠤᠵᠤ ᠴᠢᠳᠠᠯ ᠦᠭᠡᠢ ᠬᠦᠮᠦᠨ ᠤ ᠡᠷ᠎ᠡ ᠳ᠋ᠥ ᠰᠠᠨᠠᠯ᠎ᠠ ᠪᠤᠳᠤᠯ᠎ᠠ ᠭᠡᠵᠦ ᠴᠢᠮᠡᠭᠡ ᠶᠠᠪᠤᠭᠤᠯᠳᠠᠭ ᠤᠣ ? ᠬᠦᠮᠦᠨ ᠤ ᠭᠡᠷ ‍ᠢ ᠴᠦ ᠦᠢᠮᠡᠬᠦᠯᠵᠦ ᠤᠷᠬᠢᠯ᠎ᠠ ᠃ ᠤᠳᠤ ᠶᠠᠭᠠᠬᠢᠳᠠᠭ ‍ᠢ ᠴᠢᠨᠢ ᠦᠵᠡᠶ᠎ᠡ ᠃ ᠤᠳᠠᠯ ᠦᠭᠡᠢ ᠬᠦᠮᠦᠨ ᠢᠷᠡᠵᠦ ᠦᠰᠢᠶ᠎ᠡ ᠪᠠᠨ ᠠᠪᠬᠤ ᠶᠤᠮ ᠃ ᠰᠡᠪᠡᠰᠦ ᠦᠭᠡᠢ ᠠᠮᠢᠳᠠᠨ ᠃ ᠢᠡᠭᠬᠢᠵᠦ ᠨᠡᠷ᠎ᠡ ᠨᠢᠭᠤᠷ ᠢᠶᠡᠨ ᠪᠠᠷᠠᠵᠤ ᠠᠮᠢᠳᠤᠷᠠᠬᠤ  ᠪᠠᠷ  ᠦᠬᠦᠴᠢᠬᠡᠭᠰᠡᠨ ᠨᠢ ᠳᠡᠭᠡᠷ᠎ᠡ  ᠡ  ᠃
       —— ᠪᠢ ᠦᠬᠦᠴᠢᠬᠡᠪᠡᠯ ᠴᠢ ᠪᠠᠶᠠᠷᠯᠠᠬᠤ ᠨᠢ ᠡ ᠃ ᠴᠢ  ᠶᠠᠷᠤ ᠨᠢ ᠨᠠᠮ᠎ᠠ  ᠶ᠋ᠢ  ᠬᠦᠮᠦᠨ  ᠢᠶᠠᠷ  ᠪᠤᠳᠤᠵᠤ ᠦᠵᠡᠳᠡᠭ  ᠦᠭᠡᠢ  ᠶᠤᠮ  ᠴᠢᠨᠢ ᠃
       —— ᠬᠡᠷᠡᠭ ᠢᠶᠡᠨ ᠬᠢᠴᠢᠬᠡᠭᠡᠳ ᠬᠦᠮᠦᠨ ᠡᠴᠠ ᠪᠤᠷᠤᠭᠤ ᠡᠷᠢᠬᠦ ᠨᠢ ᠤᠣ  ?  ᠪᠢ ᠴᠢᠮ᠎ᠠ ᠶ᠋ᠢ ᠭᠦᠤ ᠪᠠᠨ ᠬᠠᠷᠠᠵᠤ ᠰᠠᠭᠤ ᠭᠡᠵᠤ ᠭᠡᠷ  ᠲᠦᠷᠢᠶᠡᠰᠤᠯᠡᠬᠦᠯᠦᠨ ᠦᠭᠭᠦᠭᠰᠡᠨ ᠡᠴᠠ ᠪᠢᠰᠢ ᠪᠤᠰᠤᠳ ᠤᠨ  ᠡᠷ᠎ᠡ ᠶ᠋ᠢ ᠬᠤᠯᠠᠭᠤᠵᠤ ᠰᠠᠭᠤ ᠭᠡᠵᠤ ᠭᠡᠷ ᠳᠦᠷᠢᠶᠡᠰᠦᠯᠡᠵᠦ ᠦᠭᠭᠦᠭᠰᠡᠨ ᠪᠢᠰᠢ ᠃ ᠲᠡᠷᠡ ᠬᠦᠮᠦᠨ ᠲᠠᠢ ᠪᠠᠨ ᠬᠠᠶᠢᠷ᠎ᠠ ᠰᠡᠳᠬᠢᠯ ᠲᠠᠢ ᠪᠤᠯᠴᠢᠬᠠᠭᠰᠠᠨ ᠪᠣᠯ ᠡᠷᠢᠵᠦ ᠤᠴᠢᠭᠠᠳ ᠰᠠᠭᠤ ᠳ᠋ᠠ ᠃ ᠬᠤᠶᠠᠭᠤᠯᠠ  ᠪᠠᠨ ᠤᠷᠤᠭ ᠰᠠᠯᠤᠶ᠎ᠠ  ᠴᠢ ᠶᠠᠭᠠᠷᠠᠯᠭᠠᠨ  ᠦᠭᠡᠢ  ᠃
ᠠᠪᠤ᠋ ᠭᠡᠷ  ᠲᠦ ᠪᠠᠨ ᠪᠤᠴᠠᠪᠠ ᠃ ᠡᠵᠢ ᠪᠢᠳᠡ ᠬᠤᠶᠡᠷ ᠲᠦᠷᠢᠶᠡᠰᠦᠨ ᠭᠡᠷ  ᠲᠦ ᠪᠠᠨ ᠦᠯᠡᠳᠡᠯ᠎ᠡ ᠃ ᠡᠵᠢ ᠤᠷᠤᠢ ᠶ᠋ᠢᠨ ᠬᠤᠭᠤᠯᠠ ᠪᠠᠨ ᠬᠢᠭᠰᠡᠨ  ᠴᠦ  ᠳᠠᠭᠤ  ᠦᠭᠡᠢ ᠲᠤᠮᠪᠤᠶᠢᠨ  ᠰᠠᠭᠤᠨ᠎ᠠ  ᠃
       —— ᠡᠵᠢ  ᠡ  ! ᠠᠪᠤ᠋ ᠲᠠ ᠬᠤᠶᠠᠷ  ᠶᠠᠭᠠᠬᠢᠴᠢᠬᠠᠪᠠ  ?
      ——  ᠶᠠᠭᠠᠬᠢᠭ᠎ᠠ ᠴᠤ ᠦᠭᠡᠢ ᠃ ᠮᠢᠨᠤ  ᠬᠦᠤ ᠤᠨᠲᠠᠵᠤ ᠠᠮᠠᠷᠠ ᠃ ᠮᠠᠷᠭᠠᠰᠢ ᠪᠠᠰᠠ ᠡᠷᠲᠡᠯᠡᠨ  ᠪᠤᠰᠬᠤ ᠦᠭᠡᠢ ᠤᠣ  ?
       ᠪᠢ ᠤᠷᠤᠢ ᠶ᠋ᠢᠨ ᠳᠠᠰᠬᠠᠯ ᠢᠶᠡᠨ ᠳᠠᠭᠤᠰᠬᠠᠵᠤ ᠂ ᠬᠦᠯ ᠭᠠᠷ ᠢᠶᠡᠨ ᠤᠬᠢᠶᠠᠭᠠᠳ ᠤᠨᠲᠠᠪᠠ ᠃ ᠡᠵᠢ ᠶ᠋ᠢᠨ ᠤᠨᠲᠠᠭᠰᠠᠨ ᠡᠰᠡᠬᠦ ᠶ᠋ᠢ ᠤᠪᠠᠶᠢᠯᠠᠭ᠎ᠠ ᠦᠭᠡᠢ ᠃ ᠠᠷᠪᠠᠭᠠᠳ ᠨᠠᠰᠤᠨ ᠤ  ᠬᠡᠤᠬᠡᠳ ᠤᠨ ᠤᠢ ᠲᠤᠢ ᠳ᠋ᠥ ᠰᠠᠭᠤᠮ᠎ᠠ ᠦᠭᠡᠢ ᠶᠡᠬᠡᠴᠤᠦᠯ ᠤᠨ ᠬᠡᠷᠡᠭᠦᠯ ᠭᠠᠶᠢᠬᠠᠰᠢ ᠲᠦᠷᠦᠭᠦᠯᠦᠨ᠎ᠡ ᠃ 《 ᠮᠢᠨᠤ ᠡᠵᠢ ᠯᠠᠪ ᠲᠡᠶᠢᠮᠤ ᠬᠦᠮᠦᠨ ᠪᠢᠰᠢ ᠃ ᠠᠪᠤ᠋ ᠯᠠᠪ ᠪᠤᠷᠤᠭᠤ ᠤᠶᠢᠯᠠᠭᠠᠭᠰᠠᠨ ᠪᠠᠶᠢᠯᠭᠦᠢ ᠃ ᠭᠡᠬᠦ ᠳ᠋ᠥ ᠠᠪᠤ᠋ ᠶ᠋ᠢᠨ ᠲᠦᠷᠢ ᠬᠡᠴᠡᠭᠦᠤ ᠦᠨᠡᠨ ᠪᠠᠶᠢᠨ᠎ᠠ ᠃ ᠦᠨᠡᠨ ᠤᠷᠤᠭ ᠰᠠᠯᠪᠠᠯ ᠪᠢ ᠶᠠᠭᠠᠬᠢᠳᠠᠭ  ᠪᠢᠯᠠ ? 》 ᠭᠡᠵᠦ  ᠶᠢᠰᠦᠨ ᠵᠤᠶᠢᠯ  ‍ᠢ  ᠪᠤᠳᠤᠵᠤ  ᠶᠠᠪᠤᠬᠤ  ᠪᠤᠯᠤᠭᠰᠠᠨ  ᠪᠠᠶᠢᠯ᠎ᠠ ᠃
ᠡᠨᠡ ᠭᠠᠷᠠᠭ ᠤᠨ ᠵᠢᠷᠭᠤᠭᠠᠨ ᠳ᠋ᠥ ᠠᠪᠤ᠋  ᠮᠠᠨ ‍ᠢ ᠲᠤᠰᠬᠤ ᠪᠠᠷ ᠢᠷᠡᠭᠡ ᠦᠭᠡᠢ ᠤᠴᠢᠷ ᠡᠴᠠ ᠡᠵᠢ ᠪᠢᠳᠡ ᠬᠤᠶᠠᠷ ᠵᠡᠭᠡᠯᠢ ᠲᠤᠭᠤᠷᠢᠯ᠎ᠠ ᠃ ᠪᠠᠭ᠎ᠠ ᠰᠠᠭ᠎ᠠ ᠪᠢᠷ ᠴᠠᠭᠠᠰᠤ ᠠᠪᠤᠭᠰᠠᠨ ᠢᠶᠡᠨ ᠬᠤᠪᠴᠠᠰᠤᠨ ᠤ ᠳᠡᠯᠭᠡᠭᠦᠷ ᠢᠶᠠᠷ ᠤᠷᠤᠪᠠ ᠃ ᠦᠨᠡᠨ ᠳ᠋ᠥ ᠪᠠᠨ ᠡᠵᠢ  ᠪᠢᠳᠡ ᠬᠤᠶᠡᠷ ᠬᠡᠨ ᠨᠢ ᠴᠦ  ᠬᠤᠪᠴᠠᠰᠤ ᠠᠪᠬᠤ ᠪᠠᠷ ᠦᠭᠡᠢ ᠶᠤᠮ ᠃ ᠵᠦᠪᠬᠡᠨ ᠡᠵᠢ ᠭᠡᠷ  ᠲᠦ ᠰᠠᠭᠤᠭᠠᠳ ᠲᠤᠯᠤᠭᠠᠢ ᠡᠪᠡᠳᠦᠭᠡᠳ ᠪᠠᠶᠢᠨ᠎ᠠ ᠭᠡᠳ ᠵᠤᠭᠠᠯᠠᠬᠤ  ᠪᠠᠷ  ᠭᠠᠷᠤᠭᠰᠠᠨ ᠲᠡᠲᠦᠢ  ᠃
       —— ᠬᠦᠱᠢ ᠂  ᠯᠢᠡᠭᠬᠸ᠎ᠠ ᠡ ᠃ ᠴᠢ  ᠵᠤᠭᠰᠤᠵᠤ  ᠪᠠᠢ  !
       ᠡᠵᠢ ᠪᠢᠳᠠ ᠬᠤᠶᠠᠷ ᠭᠡᠳᠡᠷᠭᠦ ᠡᠷᠭᠢᠪᠡ᠃ ᠠᠳᠤᠷᠢᠶᠠᠳᠤᠭᠰᠠᠨ ᠭᠡᠵᠢᠭᠡ ᠲᠠᠢ ᠦᠨᠳᠦᠷᠬᠡᠨ ᠪᠡᠶ᠎ᠡ  ᠲᠠᠢ  ᠨᠢᠭᠡ  ᠪᠦᠰᠡᠬᠦᠢ ᠡᠵᠢ ᠶ᠋ᠢ ᠬᠤᠷᠤᠭᠤ  ᠪᠠᠷ  ᠢᠶᠡᠨ  ᠵᠢᠭᠠᠭᠰᠠᠭᠠᠷ  ᠬᠦᠷᠴᠦ  ᠢᠷᠡᠪᠡ  ᠃  
       —— ᠨᠢᠭᠤᠷ ᠦᠭᠡᠢ ᠶᠠᠡᠭᠬᠠᠨ ᠡᠮ᠎ᠡ ᠃ ᠡᠷ᠎ᠡ ᠴᠢᠨᠢ ᠴᠢᠮ᠎ᠠ  ᠲᠡᠵᠢᠭᠡᠵᠦ  ᠲᠡᠶᠢᠯᠬᠦ  ᠪᠠᠨ  ᠪᠤᠯᠢᠪᠠ ᠤᠣ ? ᠪᠡᠶ᠎ᠡ ᠪᠠᠨ ᠬᠤᠳᠠᠯᠳᠤᠵᠤ  ᠬᠤᠶᠡᠷ  ᠵᠤᠭᠤᠰ  ᠰᠤᠯᠢᠳᠠᠭ ᠨᠢ ᠃ ᠴᠢ ᠪᠡᠶ᠎ᠡ ᠪᠠᠨ ᠶᠠᠭᠤ  ᠪᠠᠷ ᠦᠵᠡᠪᠡ ᠡ ᠃ ᠲᠦᠮᠡᠨ ᠬᠦᠮᠦᠨ ᠤ  ᠨᠠᠭᠠᠳᠤᠮ  ᠤᠨ  ᠪᠠᠭᠠᠵᠢ  ᠪᠠᠶᠢᠭᠠᠳ  ᠃
       —— ᠴᠢ ᠰᠤᠯᠢᠶᠠᠷᠠᠵᠤ ᠪᠠᠶᠢᠬᠤ ᠤᠣ ? ᠶᠠᠭᠤ ᠳᠤᠷ᠎ᠠ ᠪᠠᠷ ᠢᠶᠡᠨ ᠴᠠᠯᠴᠠᠭᠠᠳ ᠃ ᠪᠢ  ᠡᠷ᠎ᠡ ᠲᠠᠢ ᠴᠢᠨᠢ ᠨᠡᠶᠢᠯᠡᠭᠰᠡᠨ ‍ᠢ ᠴᠢ ᠨᠢᠳᠤ ᠪᠠᠷ ᠢᠶᠡᠨ ᠦᠵᠡᠭᠰᠡᠨ ᠤᠣ ? ᠡᠵᠢ ᠪᠠᠰᠠ  ᠬᠦᠯᠢᠶᠡᠵᠦ  ᠦᠭᠬᠦ  ᠦᠭᠡᠢ  ᠃
ᠪᠢ  ᠬᠠᠷᠢᠨ ᠰᠢᠷᠪᠡᠭᠡᠳᠤᠯ  ᠭᠡᠳᠡᠭ  ᠶᠠᠭᠤᠮᠠᠨ ᠳ᠋ᠥ  ᠪᠠᠯᠪᠠ  ᠴᠤᠬᠢᠭᠳᠠᠪᠠ  ᠃
       —— ᠠᠶ᠎ᠠ ! ᠶᠠᠭᠠᠬᠢᠭᠰᠠᠨ ᠨᠢᠭᠤᠷ ᠪᠦᠬᠡ ᠡᠮ᠎ᠡ ᠪᠤᠢ ?  ᠴᠢ  ᠬᠡᠷᠡᠴᠢ  ᠠᠪᠬᠤ ᠰᠠᠨᠠᠭ᠎ᠠ ᠲᠠᠢ ᠤᠣ ? ᠴᠢ ᠡᠷ᠎ᠡ ᠪᠠᠨ ᠬᠠᠭᠤᠷᠴᠤ ᠴᠢᠳᠠᠪᠠᠴᠤ ᠨᠠᠮ᠎ᠠ ᠶ᠋ᠢ ᠬᠠᠭᠤᠷᠴᠤ ᠴᠢᠳᠠᠬᠤ ᠦᠭᠡᠢ ᠰᠢᠤ ᠃ ᠡᠷ᠎ᠡ ᠬᠦᠤ  ᠪᠠᠨ  ᠪᠠᠶᠢᠬᠤ  ᠦᠭᠡᠢ  ᠦᠶ᠎ᠡ  ᠳ᠋ᠥ  ᠴᠢᠨᠤ  ᠬᠡᠷᠬᠢᠨ ᠪᠤᠰᠤᠳ ᠡᠷᠡᠰ ᠲᠠᠢ  ᠪᠤᠯᠵᠤᠳᠠᠭ ‍ᠢ  ᠴᠢᠨᠢ  ᠪᠦᠷ  ᠮᠡᠳᠡᠨ᠎ᠡ  ᠰᠢᠤ ᠃  ᠴᠢ  ᠪᠠᠰᠠ ᠦᠭᠡᠶᠢᠰᠭᠡᠬᠦ ᠰᠠᠨᠠᠭ᠎ᠠ ᠲᠠᠢ ᠤᠣ  ?ᠡᠷ᠎ᠡ  ᠶ᠋ᠢᠨ  ᠢᠶᠡᠨ  ᠨᠢᠭᠤᠷ   ᠲᠦ  ᠪᠠᠭᠠᠰᠤ  ᠲᠦᠯᠬᠢᠭᠰᠡᠨ  ᠤᠯᠢᠭ  ᠦᠭᠡᠢ  ᠠᠮᠢᠳᠠᠨ ᠃
       —— ᠦᠪᠡᠷ ᠤᠨ ᠡᠷ᠎ᠡ ᠪᠠᠨ ᠬᠠᠮᠢᠶᠠᠷᠴᠤ ᠴᠢᠳᠠᠬᠤ ᠦᠭᠡᠢ ᠪᠠᠶᠢᠭᠠᠳ ᠡᠨᠳᠡ ᠢᠷᠡᠵᠦ  ᠡᠷᠡᠶᠢᠵᠦ  ᠶᠠᠭᠤ  ᠬᠢᠨ᠎ᠡ 

        ᠡᠵᠢ ᠶ᠋ᠢ ᠬᠡᠯᠡᠵᠦ ᠪᠠᠷᠠᠬᠤ ᠡᠴᠠ ᠡᠮᠤᠨ᠎ᠡ ᠲᠡᠷᠡ ᠠᠨᠢᠶ᠎ᠠ ᠨᠢᠭᠡᠨᠲᠡ ᠲᠦᠭᠦᠰᠢᠯᠡᠪᠡ ᠃ ᠪᠢ  ᠬᠤᠭᠤᠷᠤᠨᠳᠤ ᠨᠢ ᠤᠷᠤᠵᠤ ᠰᠠᠯᠭᠠᠪᠠ ᠃ ᠤᠯᠠᠨ ᠬᠦᠮᠦᠨ ᠬᠤᠯᠠᠭᠤᠷ ᠲᠤᠭᠤᠷᠢᠨ ᠵᠤᠭᠰᠤᠵᠤ  ᠰᠢᠪᠡᠨᠡᠯᠳᠤᠨ᠎ᠡ ᠃ ᠪᠦᠬᠦ ᠪᠡᠶᠡᠨ ᠡᠴᠠ ᠬᠦᠯᠦᠰᠦ ᠴᠢᠬᠢᠭᠯᠡᠨ ᠨᠢᠯᠪᠤᠰᠤ ᠨᠢᠳᠤᠨ ᠳ᠋ᠥ ᠬᠤᠷᠠᠵᠤ ᠂ ᠲᠤᠳᠤᠷ᠎ᠠ ᠬᠠᠯᠠᠭᠤ ᠤᠷᠭᠢᠨ ᠳᠠᠪᠴᠢᠭᠤᠳᠠᠨ᠎ᠠ ᠃ ᠪᠢ ᠡᠵᠢ ᠶ᠋ᠢ ᠴᠢᠡᠭᠭᠠᠭᠠᠬᠤ ᠶ᠋ᠢᠨ ᠠᠴᠢ ᠪᠠᠷ  ᠲᠡᠷᠡ ᠠᠨᠢᠶ᠎ᠠ ᠡᠴᠠ ᠰᠠᠯᠭᠠᠵᠤ ᠠᠪᠤᠪᠠ ᠃ ᠲᠤᠬᠤᠨ ᠠᠷᠤ ᠡᠴᠠ ᠲᠡᠷᠡ ᠠᠨᠢᠶ᠎ᠠ ᠶ᠋ᠢᠨ  ᠰᠤᠨᠤᠰᠪᠤᠷᠢ  ᠮᠠᠭᠤᠲᠠᠢ  ᠬᠠᠷᠢᠶᠠᠯ  ᠭᠡᠵᠢᠭᠡᠳᠡᠭᠰᠡᠭᠡᠷ  ᠃
ᠦᠳᠡ ᠶ᠋ᠢᠨ ᠬᠤᠶᠢᠨ᠎ᠠ ᠪᠢ ᠠᠶᠢᠯ ᠤᠨ ᠲᠡᠷᠭᠡ ᠲᠠᠭᠠᠷᠠᠵᠤ ᠭᠡᠷ ᠲᠣ ᠪᠠᠨ ᠬᠠᠷᠢᠪᠠ ᠃ ᠡᠵᠢ ᠲᠦᠷᠢᠶᠡᠰᠦᠨ ᠭᠡᠷ  ᠲᠦ ᠪᠠᠨ ᠦᠯᠡᠳᠡᠯ᠎ᠡ ᠃ ᠡᠵᠢ ᠶᠠᠭᠤ ᠴᠦ ᠶᠠᠷᠢᠭᠰᠠᠨ ᠦᠭᠡᠢ ᠃ ᠪᠢ ᠴᠦ ᠶᠠᠭᠤ ᠴᠦ ᠤᠬᠤᠴᠢᠯᠠᠭᠰᠠᠨ ᠦᠭᠡᠢ ᠃ ᠭᠡᠨᠡᠳᠲᠡ ᠠᠪᠤ᠋ ᠪᠠᠨ ᠶᠡᠬᠡ  ᠰᠠᠨᠠᠬᠤ ᠪᠠᠷ ᠭᠡᠷ  ᠲᠦ ᠪᠠᠨ ᠬᠠᠷᠢᠭᠰᠠᠨ ᠶᠤᠮ ᠃ ᠨᠠᠮ᠎ᠠ ᠶ᠋ᠢ ᠬᠤᠷᠤᠭᠠᠨ ᠡᠭᠦᠳᠡ ᠪᠠᠷ ᠤᠷᠤᠵᠤ ᠤᠴᠢᠬᠤ ᠳ᠋ᠥ ᠭᠡᠷ ᠤᠷᠤᠴᠠ ᠮᠢᠨᠢ ᠢᠯᠢᠮ ᠵᠢᠯᠢᠮ ᠃ ᠡᠭᠡᠭᠡ ᠯᠠ ᠪᠤᠯᠠᠰᠢᠨ ‍ᠤ ᠭᠠᠵᠠᠷ ᠰᠢᠭ᠋ ᠰᠠᠨᠠᠭᠳᠠᠨ᠎ᠠ ᠃ ᠭᠡᠷ ᠤᠨ ᠡᠭᠦᠳᠡ ᠨᠡᠬᠡᠭᠡᠯᠲᠡᠲᠡᠢ  ᠴᠦ  ᠶᠠᠮᠠᠷ ᠴᠦ  ᠠᠨᠢᠷ ᠴᠢᠮᠡᠭᠡ ᠦᠭᠡᠢ ᠃ ᠦᠴᠦᠬᠡᠨ ᠴᠦ ᠤᠳᠤᠭ᠎ᠠ ᠤᠨᠢᠶᠠᠷ ᠴᠦ ᠦᠭᠡᠢ ᠃ 《 ᠠᠪᠤ᠋ ᠮᠢᠨᠢ ᠶᠠᠭᠠᠬᠢᠯ᠎ᠠ ? 》 ᠭᠡᠵᠦ ᠪᠤᠳᠤᠬᠤ ᠡᠴᠠ ᠲᠤᠳᠤᠷ᠎ᠠ ᠡᠮᠢᠶᠡᠵᠦ ᠬᠦᠯ ᠢᠶᠡᠨ ᠬᠦᠡᠭᠭᠡᠭᠡᠨ ᠵᠦᠭᠡᠭᠡᠨ ᠲᠤᠳᠤᠭᠰᠢᠯᠠᠪᠠ ᠃ ᠬᠦᠴᠦᠲᠡᠢ ᠠᠮᠢᠰᠬᠤᠵᠤ ᠴᠦ ᠴᠢᠳᠠᠬᠤ ᠦᠭᠡᠢ ᠪᠠᠶᠢᠪᠠ ᠃ ᠲᠤᠳᠤᠷ᠎ᠠ ᠭᠡᠷ ᠤᠨ  ᠡᠭᠦᠳᠡᠨ  ᠰᠢᠯ  ᠢᠶᠠᠷ  ᠰᠡᠮᠬᠡᠨ  ᠱᠠᠭᠠᠶᠢᠪᠠ ᠃
       ᠠᠪᠤ᠋ ᠭᠠᠭᠴᠠᠭᠠᠷ ᠢᠶᠡᠨ ᠪᠠᠶᠢᠨ᠎ᠠ ᠃ ᠨᠢᠭᠡ ᠫᠢᠯᠠ ᠳᠠᠪᠤᠰᠤᠯᠠᠭᠰᠠᠨ ᠨᠤᠭᠤᠭ᠎ᠠ ᠳᠠᠯᠪᠢᠵᠦ ᠠᠷᠢᠬᠢᠳᠠᠵᠤ ᠪᠠᠶᠢᠨ᠎ᠠ ᠃ ᠪᠦᠳᠦᠬᠦᠨ ᠠᠯᠠᠭ᠎ᠠ ᠪᠠᠷ ᠢᠶᠡᠨ ᠨᠢᠭᠤᠷ ᠢᠶᠡᠨ ᠪᠠᠶᠢᠨ ᠳᠠᠬᠢᠨ ᠠᠷᠴᠢᠨ᠎ᠠ ᠃ ᠡᠷᠡᠬᠡᠢ ᠬᠤᠷᠤᠭᠤ  ᠪᠠ  ᠳᠤᠯᠢᠶᠠᠪᠤᠷ ᠬᠤᠷᠤᠭᠤ  ᠪᠠᠷ  ᠢᠶᠡᠨ  ᠬᠠᠮᠠᠷ  ᠢᠶᠡᠨ  ᠴᠢᠮᠬᠢᠨ  ᠨᠢᠰᠤ  ᠪᠠᠨ  ᠠᠷᠢᠯᠭᠠᠨ᠎ᠠ ᠃ ᠳᠠᠬᠢᠨ ᠰᠢᠯ  ᠴᠤᠮᠤ  ᠪᠠᠨ  ᠠᠪᠴᠤ  ᠬᠦᠨᠳᠤᠷᠴᠦ  ᠪᠠᠶᠢᠨ᠎ᠠ ᠃
       ᠠᠪᠤ᠋ ᠶ᠋ᠢᠨ ᠪᠢᠲᠡᠭᠦᠤ ᠭᠤᠨᠢᠭ ᠡᠯᠢᠭᠡ ᠶ᠋ᠢ ᠮᠢᠨᠢ ᠡᠮᠲᠡᠷᠡᠭᠦᠯᠪᠡ ᠃ ᠨᠢᠯᠪᠤᠰᠤ ᠳᠤᠷ᠎ᠠ ᠪᠠᠷ   ᠤᠷᠤᠰᠤᠨ᠎ᠠ ᠃ ᠪᠢ ᠲᠡᠷᠡᠬᠦᠭᠡᠨ ᠵᠠᠭᠤᠷ᠎ᠠ ᠲᠤᠮᠤᠭᠠᠵᠢᠵᠤ ᠂ ᠡᠷ᠎ᠡ ᠬᠦᠮᠦᠨ ᠡᠷ᠎ᠡ ᠬᠦᠮᠦᠨ ᠳ᠋ᠥ ᠪᠠᠨ  ᠠᠷᠭ᠎ᠠ  ᠦᠭᠡᠢ  ᠭᠦᠨ ᠬᠠᠶᠢᠷᠠᠲᠠᠢ ᠪᠠᠶᠢᠳᠠᠭ  ‍ᠢ  ᠵᠢᠷᠤᠬᠡ  ᠪᠠᠷ  ᠢᠶᠡᠨ  ᠮᠡᠳᠡᠷᠡᠪᠡ   ᠃
     《 ᠬᠦᠭᠡᠷᠦᠬᠦᠢ ᠠᠪᠤ᠋ ᠮᠢᠨᠢ ᠃ ᠬᠦᠤ ᠴᠢᠨᠢ ᠴᠢᠮ᠎ᠠ ᠳ᠋ᠥ ᠪᠠᠨ ᠬᠠᠶᠢᠷᠠᠲᠠᠢ ᠃ 》 ᠪᠢ ᠪᠤᠴᠠᠵᠤ  ᠠᠯᠬᠤᠪᠠ ᠃ ᠪᠢ ᠳᠠᠬᠢᠨ ᠬᠤᠷᠤᠭᠠᠨ ᠡᠭᠦᠳᠡ ᠡᠴᠠ ᠳᠠᠭᠤᠨ ᠴᠢᠮᠡᠭᠡ  ᠲᠠᠢ  ᠪᠠᠷ  ᠤᠷᠤᠵᠤ  ᠤᠴᠢᠬᠤ  ᠴᠢᠬᠤᠯᠠᠳᠠᠢ  ᠃

ᠭᠤᠷᠪᠠ

       ᠠᠪᠤ᠋ ᠪᠤᠴᠠᠭᠰᠠᠨ ᠨᠢ ᠯᠠᠪ  ᠨᠢᠭᠡ ᠡᠳᠦᠷ ᠪᠠᠷ᠎ᠠ ᠦᠭᠡᠢ ᠃ ᠪᠢ ᠴᠦ ᠳᠠᠭᠤ ᠦᠭᠡᠢ  ᠲᠦᠡᠭᠰᠦᠭᠦᠷ ᠨᠢᠭᠡ ᠡᠳᠦᠷ ‍ᠢ ᠦᠡᠭᠭᠡᠷᠡᠭᠦᠯᠪᠡ ᠃ ᠭᠠᠷᠴᠠᠭ᠎ᠠ ᠦᠭᠡᠢ ᠡᠵᠢ ᠮᠦᠨ ᠭᠡᠵᠦ  ᠴᠠᠭᠠᠨ᠎ᠠ  ᠪᠠᠨ ᠮᠡᠳᠡᠷᠡᠪᠡᠴᠦ ᠨᠢᠭᠤᠷᠯᠡᠨ ᠳᠠᠭᠤᠳᠠᠬᠤ ᠶ᠋ᠢ ᠴᠡᠭᠡᠷᠯᠡᠨ᠎ᠡ ᠃ ᠡᠨᠡ ᠬᠦᠮᠦᠨ ᠯᠠ ᠬᠤᠭᠤᠯᠠ ᠤᠮᠳᠠ ᠂ ᠡᠮ ᠲᠠᠡᠭ ᠬᠡᠮᠡᠨ ᠪᠦᠭᠴᠦᠭᠡᠨᠡᠨ ᠭᠦᠶᠦᠨ᠎ᠡ ᠃ ᠤᠨᠲᠠᠯᠭ᠎ᠠ ᠶ᠋ᠢᠨ ᠦᠶ᠎ᠡ ᠳ᠋ᠤ ᠪᠦᠯᠢᠶᠡᠨ ᠤᠰᠤ ᠠᠪᠴᠢᠷᠠᠨ ᠤᠷᠢᠳᠠᠪᠠᠷ ᠨᠢᠭᠤᠷ ᠲᠤᠯᠤᠭᠠᠢ ᠶ᠋ᠢ ᠬᠦᠡᠭᠭᠡᠬᠡᠨ ᠮᠦᠷᠲᠡᠭᠡᠨ ᠱᠠᠯᠠᠮᠠᠭ ᠠᠷᠴᠢᠵᠤ ᠂ ᠳᠠᠷᠠᠭ᠎ᠠ ᠨᠢ ᠴᠡᠭᠡᠵᠢᠨ ᠪᠡᠶ᠎ᠡ ᠂ ᠵᠡᠭᠦᠤ  ᠲᠠᠷᠢᠯᠭ᠎ᠠ  ᠲᠠᠢ  ᠬᠤᠶᠠᠷ ᠭᠠᠷ  ‍ᠢ  ᠬᠢᠴᠢᠶᠡᠮᠵᠢᠯᠡᠨ ᠠᠷᠴᠢᠨ᠎ᠠ  ᠃
ᠬᠤᠶᠠᠷ ᠠᠨᠢᠰᠬ᠎ᠠ ᠨᠢ ᠬᠠᠪᠤᠡᠭᠨᠠᠨ ᠴᠢᠷᠠᠢ ᠨᠢ ᠴᠤᠬᠤᠷᠲᠠᠵᠤ ᠂ ᠦᠨᠳᠡᠭᠡᠨ ᠬᠠᠴᠠᠷ ᠤᠨ ᠨᠢᠮᠬᠡᠨ ᠠᠷᠠᠰᠤ ᠶ᠋ᠢᠨ ᠴᠠᠭᠠᠨ᠎ᠠ ᠦᠨᠳᠦᠷ ᠮᠤᠳᠤᠨ ᠤ ᠦᠨᠳᠦᠰᠦ ᠰᠠᠯᠠᠭ᠎ᠠ  ᠬᠡᠮᠡᠷ ᠵᠤᠷᠪᠤᠰ ᠵᠤᠷᠪᠤᠰ ᠤᠯᠠᠭᠠᠨ ᠬᠦᠷᠠᠡᠭ ᠰᠤᠳᠠᠰᠤ ᠢᠯᠡᠬᠡᠨ ᠬᠠᠷᠠᠭᠳᠠᠨ᠎ᠠ ᠃ ᠬᠤᠶᠠᠷ ᠰᠠᠨᠴᠢᠭ ᠨᠢ ᠬᠤᠡᠭᠬᠤᠶᠢᠨ ᠱᠤᠪᠳᠤᠶᠢᠵᠤ ᠂ ᠪᠤᠲᠠᠷᠬᠠᠢ ᠭᠡᠵᠢᠭᠡ ᠨᠢ ᠦᠷᠪᠦᠶᠢᠨ ᠪᠠᠭᠤᠭᠰᠠᠨ ᠪᠠᠶᠢᠪᠠ ᠃ ᠦᠵᠡᠬᠦ ᠳ᠋ᠥ ᠡᠨᠡ ᠬᠦᠮᠦᠨ ᠲᠡᠨᠡᠭ ᠤᠶᠢᠯᠠ  ᠶ᠋ᠢᠨ  ᠢᠶᠡᠨ ᠨᠢᠭᠦᠯ ‍ᠤᠨ ᠦᠷ᠎ᠡ ᠶ᠋ᠢ ᠠᠮᠰᠠᠵᠤ  ᠪᠠᠶᠢᠬᠤ  ᠨᠢ ᠢᠯᠡᠳᠲᠡ ᠃
ᠬᠠᠮᠤᠭ ᠰᠡᠭᠦᠯ ᠳ᠋ᠥ ᠠᠷᠠᠰᠤ  ᠨᠢ ᠰᠤᠯᠠᠷᠠᠨ ᠰᠤᠳᠠᠯ  ᠰᠢᠷᠪᠤᠰᠤ ᠨᠢ ᠭᠦᠷᠪᠦᠶᠢᠭᠰᠡᠨ  ᠲᠡᠷᠡ ᠬᠤᠦᠰ ᠭᠠᠷ ᠨᠤᠶᠢᠲᠠᠨ ᠠᠯᠴᠢᠭᠤᠷ ᠢᠶᠠᠷ ᠬᠤᠶᠠᠷ ᠬᠦᠯ ᠵᠢᠴᠢ ᠠᠷᠪᠠᠨ ᠬᠤᠷᠤᠭᠤᠨ ᠤ ᠰᠠᠯᠠᠭ᠎ᠠ  ᠪᠦᠬᠦᠨ ‍ᠢ ᠠᠯᠳᠠᠯ ᠦᠭᠡᠢ ᠨᠠᠷᠢᠨ ᠠᠷᠴᠢᠪᠠ ᠃
       —— ᠠ ᠂  ᠬᠦᠤ  ᠮᠢᠨᠢ  ᠰᠠᠶᠢᠨ  ᠤᠨᠲᠠᠵᠤ  ᠠᠮᠠᠷᠠᠭᠠᠷᠠᠢ  !
        ᠬᠠᠷᠢᠭᠤ ᠤᠯᠬᠤ ᠦᠭᠡᠢ ᠪᠠᠨ ᠮᠡᠳᠡᠵᠤ ᠂ ᠬᠡᠯᠡᠵᠦ ᠪᠠᠷᠠᠮᠠᠭᠴᠠ ᠵᠡᠷᠭᠡᠯᠡᠳᠡᠭᠡ ᠲᠡᠮᠦᠷ ᠤᠷᠤ  ᠤᠷᠤᠭᠤ ᠶᠤᠭᠤᠪᠠ  ᠃
       ᠳᠦᠴᠢ ᠭᠠᠷᠤᠭᠰᠠᠨ ᠨᠠᠰᠤ ᠠᠵᠢ ᠃ ᠶᠠᠳᠠᠷᠠᠯ ᠤᠨ ᠬᠠᠯᠠ ᠶ᠋ᠢ ᠭᠡᠳᠦᠢ ᠯᠠ ᠳᠠᠭᠠᠭᠠᠬᠤ ᠭᠡᠵᠦ ᠳ᠋ᠠ ᠃ ᠲᠦᠳᠡᠯ ᠦᠭᠡᠢ ᠡᠵᠢ ᠨᠠᠮ ᠬᠤᠷᠬᠢᠷᠠᠬᠤ ᠲᠤᠭᠤᠯᠳᠠᠪᠠ ᠃
        ᠳ᠋ᠸᠡᠭ ᠤᠨ ᠭᠡᠷᠡᠯ ᠳᠤᠦᠷᠠᠬᠢ ᠦᠪᠴᠢ ᠴᠠᠭᠠᠨ ᠶᠢᠷᠳᠢᠨᠴᠦ  ᠤᠨᠴᠠ ᠶ᠋ᠢᠨ ᠵᠢᠪᠡᠭᠦᠨ ᠴᠢᠯᠳᠡᠡᠭ ᠰᠠᠨᠠᠭᠳᠠᠨ᠎ᠠ ᠃ ᠳ᠋ᠧᠡᠭ ᠤᠨ ᠴᠡᠭᠡᠨ ᠭᠡᠷᠡᠯ ᠶᠠᠮᠠᠷ ᠨᠢᠭᠡᠨ ᠦᠯᠦ ᠦᠵᠡᠭᠳᠡᠭᠴᠢ ᠬᠦᠴᠦᠨ ᠢᠶᠠᠷ ᠪᠡᠶ᠎ᠡ ᠶ᠋ᠢᠨ ᠰᠢᠮ᠎ᠡ ᠰᠢᠭᠦᠰᠦ ᠶ᠋ᠢ ᠰᠤᠭᠤᠴᠢᠬᠤ ᠰᠢᠭ᠋ ᠃ ᠬᠡᠭᠦᠷ ᠪᠡᠶ᠎ᠡ ᠮᠢᠨᠢ ᠲᠠᠮᠢᠷ ᠰᠤᠯᠠᠳᠠᠨ ᠨᠤᠵᠤᠭᠤᠷᠠᠨ᠎ᠠ ᠃ ᠬᠤᠶᠠᠷ ᠬᠦᠯ ᠴᠢᠨᠤᠷᠠᠨ ᠯᠤᠭᠰᠢᠵᠤ ᠂ ᠳᠠᠪᠤᠰᠠᠡᠭ ᠳᠡᠭᠡᠷ᠎ᠡ ᠱᠠᠷᠬᠢᠷᠠᠨ ᠬᠤᠦᠷᠯᠠᠨ᠎ᠠ ᠃ ᠰᠢᠡᠭᠬᠡᠨ ᠪᠡᠶᠡᠳᠤ ᠭᠠᠳᠠᠭᠰᠢᠯᠠᠬᠤ ᠰᠠᠨᠠᠭ᠎ᠠ ᠲᠠᠢ ᠠᠳᠠᠯ᠎ᠠ ᠶᠠᠮᠠᠷ ᠨᠢᠭᠡᠨ ᠬᠤᠷᠢᠭ᠎ᠠ  ᠴᠡᠭᠡᠷ   ᠲᠦ ᠠᠪᠲᠠᠨ ᠭᠠᠳᠠᠭᠰᠢᠯᠠᠵᠤ ᠡᠰᠡ ᠴᠢᠳᠠᠨ᠎ᠠ ᠃ ᠲᠤᠯᠤᠭᠠᠢ ᠴᠦ ᠤᠯᠠᠮ ᠢᠶᠠᠷ ᠲᠦᠨᠡᠷᠡᠬᠦ ᠪᠠᠷ ᠪᠢ ᠬᠦᠮᠦᠬᠡᠢ ᠪᠠᠨ ᠵᠠᠭᠤᠨ ᠲᠡᠰᠪᠦᠷᠢᠯᠡᠪᠡ ᠃ ᠴᠠᠭ ᠮᠦᠴᠡ ᠶ᠋ᠢ ᠬᠠᠮᠢᠶᠠᠷᠳᠠᠭ ᠡᠵᠡᠨ ᠨᠢ ᠮᠠᠡᠭᠬᠠᠨ ᠲᠤᠯᠤᠭᠠᠳ ᠤᠨ ᠪᠤᠷᠭᠠᠰᠤᠨ ‍ᠤ ᠪᠤᠳᠠᠨ ᠳ᠋ᠥ ᠨᠢᠭᠤᠭᠳᠠᠴᠢᠬᠠᠭᠰᠠᠨ ᠰᠢᠭ᠋ ᠂ ᠴᠠᠭ ᠮᠦᠴᠡ ᠤᠷᠤᠨ ᠡᠴᠠ ᠪᠠᠨ ᠬᠦᠳᠡᠯᠬᠦ ᠦᠭᠡᠢ ᠯᠠ ᠪᠠᠶᠢᠯ᠎ᠠ ᠃ 《 ᠶᠠᠭᠠᠬᠢᠭᠰᠠᠨ ᠤᠷᠳᠤ ᠰᠦᠨᠢ ᠪᠤᠢ ? 》 ᠪᠡᠶ᠎ᠡ ᠵᠤᠪᠠᠭᠤᠷᠢᠯᠠᠬᠤ  ᠪᠠᠷ  ᠪᠢ  ᠡᠷᠬᠡ  ᠦᠭᠡᠢ  ᠭᠠᠰᠠᠯᠪᠠ ᠃
       ᠡᠪᠡᠷᠰᠢᠶᠡᠯ ᠨᠠᠮᠬᠠᠷᠠᠯ  ᠤᠨ ᠲᠤᠮᠳᠠ ᠪᠢ  ᠵᠡᠭᠦᠷᠮᠡᠭᠯᠡᠵᠦ ᠪᠠᠶᠢᠭᠰᠠᠨ ᠢᠶᠡᠨ ᠤᠡᠲᠠᠵᠤ ᠂ ᠦᠳᠡ ᠡᠴᠠ ᠤᠷᠢᠳᠠᠭᠤᠷ ᠯᠠ ᠰᠠᠷᠠᠪᠠ ᠃ ᠰᠡᠷᠡᠬᠦ ᠳ᠋ᠥ ᠠᠪᠤ᠋ ᠢᠷᠡᠴᠢᠬᠡᠭᠰᠡᠨ ᠪᠠᠶᠢᠨ᠎ᠠ ᠃ ᠭᠠᠷ  ᠲᠦ ᠪᠠᠨ ᠨᠤᠶᠢᠲᠠᠨ ᠠᠯᠴᠢᠭᠤᠷ ᠪᠠᠷᠢᠵᠤ ᠤᠷᠤᠨ ᠤ  ᠬᠠᠵᠠᠭᠤ  ᠳ᠋ᠥ  ᠵᠤᠭᠰᠤᠨ᠎ᠠ ᠃
       —— ᠰᠡᠷᠭᠦᠴᠢᠬᠡᠭᠰᠡᠨ ᠤᠣ ? ᠬᠦᠤ ᠮᠢᠨᠢ ᠃ ᠴᠤᠬᠤᠮ ᠤᠷᠲᠦ ᠬᠤᠭᠤᠴᠠᠭ᠎ᠠ ᠬᠠᠯᠠᠭᠤᠷᠠᠯ᠎ᠠ ᠰᠢᠤ ᠃ ᠠᠪᠤ᠋ ᠶ᠋ᠢᠨ ᠨᠠᠰᠤᠨ ᠡᠴᠠ ᠪᠠᠨ ᠡᠷᠲᠡ ᠦᠲᠡᠯᠦᠭᠰᠡᠨ ᠨᠢᠮᠬᠡᠨ ᠰᠢᠷᠠᠡᠭᠭᠤᠢ  ᠴᠢᠷᠠᠢ  ᠳ᠋ᠥ  ᠪᠠᠶᠠᠷ  ᠤᠨ  ᠤᠴᠢ  ᠴᠠᠯᠬᠢᠪᠠ ᠃
       —— ᠴᠤᠬᠤᠮ ᠶᠠᠭᠠᠬᠢᠴᠢᠬᠠᠭᠰᠠᠨ ᠶᠤᠮ ᠪᠤᠢ ? ᠵᠦᠪᠬᠡᠨ ᠭᠠᠳᠠᠷ ᠰᠢᠷᠬ᠎ᠠ ᠲᠡᠳᠦᠢ ᠰᠢᠳᠡ ᠃ ᠶᠠᠭᠠᠬᠢᠨ ᠶᠠᠪᠤᠬᠤ ᠲᠤᠰᠤᠮ ᠬᠦᠨᠳᠦᠷᠡᠭᠡᠳ ᠃ ᠪᠢ ᠡᠮᠴᠢ ᠳ᠋ᠥ ᠲᠠᠪᠠ ᠦᠭᠡᠢ ᠪᠠᠶᠢᠨ᠎ᠠ  ᠡ  ᠃
       ᠮᠢᠨᠤ ᠦᠭᠡᠨ ᠡᠴᠠ ᠪᠤᠯᠤᠭᠰᠠᠨ ᠭᠡᠨᠡᠳᠳᠡ ᠶ᠋ᠢᠨ ᠴᠤᠴᠢᠷᠳᠠᠯ ᠢᠶᠡᠨ ᠠᠪᠤ᠋ ᠳᠠᠷᠤᠶᠢᠬᠠᠨ  ᠦᠭᠡᠳᠡ  ᠴᠢᠷᠠᠢ ᠪᠠᠷ ᠬᠠᠯᠬᠠᠯᠠᠵᠤ ᠄
       —— ᠬᠠᠮᠢᠶ᠎ᠠ ᠦᠭᠡᠢ ᠰᠢᠤ ᠃ ᠵᠤᠳᠤᠯᠳᠤᠭᠠᠨ ᠲᠤᠮᠳᠠ ᠲᠤᠳᠤᠷ᠎ᠠ ᠪᠦᠭᠡᠷ᠎ᠡ ᠴᠢᠨᠢ ᠪᠠᠭ᠎ᠠ  ᠰᠢᠷᠬᠠᠳᠤᠭᠰᠠᠨ ᠭᠡᠨ᠎ᠡ ᠃ ᠬᠠᠯᠠᠭᠤᠷᠠᠬᠤ ᠴᠢᠨᠢ ᠵᠤᠭᠰᠤᠭᠰᠠᠭᠠᠷ ᠮᠠᠰᠠ ᠵᠠᠰᠠᠯ ᠬᠢᠬᠦ ᠪᠤᠯᠤᠨ᠎ᠠ ᠃ ᠬᠦᠡᠭᠬᠡᠨ ᠮᠠᠰᠠ ᠵᠠᠰᠠᠯ ᠰᠢᠤ ᠃ ᠠᠪᠤ᠋ ᠡᠪᠡᠷᠰᠢᠨ ᠬᠠᠲᠠᠭᠤᠷᠠᠭᠰᠠᠨ ᠠᠯᠠᠭ᠎ᠠ ᠪᠠᠨ ᠮᠠᠡᠭᠨᠠᠢ ᠳᠡᠭᠡᠷ᠎ᠡ ᠮᠢᠨᠢ  ᠲᠠᠯᠪᠢᠭᠠᠳ  ᠄
       —— ᠬᠠᠯᠠᠭᠤᠷᠠᠬᠤ  ᠪᠠᠨ ᠪᠤᠯᠢᠪᠠ  ᠃ ᠡᠮᠴᠢ ᠶ᠋ᠢ ᠳᠠᠭᠤᠳᠠᠶ᠎ᠠ ᠭᠡᠪᠡ ᠃
       —— ᠠᠪᠤ᠋  ᠭᠠᠭᠴᠠᠭᠠᠷ  ᠪᠠᠶᠢᠬᠤ  ᠤᠣ  ?
      ——  ᠲᠡᠶᠢᠮᠦ ᠯᠠᠢ ᠃ ᠡᠵᠢ ᠴᠢᠨᠢ ᠬᠠᠷᠢᠴᠢᠬᠠᠪᠠ ᠃ ᠭᠡᠷ ᠤᠨ ᠠᠵᠢᠯ ᠴᠦ  ᠤᠪᠤᠭᠠᠷᠠᠯᠳᠤᠭᠠᠳ  ᠁
       —— ᠶᠠᠪᠤᠭᠰᠠᠨ  ᠨᠢ  ᠳᠡᠭᠡᠷ᠎ᠡ ᠃  
       —— ᠶᠠᠭᠤ ?
       ᠪᠢ ᠬᠠᠷᠢᠭᠤ ᠦᠭᠡᠢ ᠪᠤᠯᠪᠠ ᠃ 《 ᠨᠢᠳᠤᠨ ᠳ᠋ᠥ ᠦᠷᠳᠦᠭᠰᠡᠭᠡᠷ ᠲᠠᠭ᠎ᠠ  ᠦᠭᠡᠢ  ᠪᠤᠯᠬᠤ  ᠶᠤᠮ 》 ᠭᠡᠵᠦ ᠬᠡᠯᠡᠬᠦ ᠰᠢᠬᠠᠯ᠎ᠠ ᠃ ᠠᠪᠤ᠋ ᠲᠡᠮᠦᠷ ᠤᠷᠤ ᠪᠤᠯᠤᠨ ᠡᠭᠦᠳᠡᠨ ‍ᠤ ᠬᠤᠭᠤᠷᠤᠨᠳᠤ  ᠬᠤᠷᠤᠮ  ᠲᠦᠲᠡᠭᠡᠯᠵᠡᠨ ᠵᠤᠭᠰᠤᠭᠰᠠᠨ ᠢᠶᠡᠨ ᠳᠠᠬᠢᠨ ᠪᠤᠴᠠᠵᠤ ᠢᠷᠡᠪᠡ ᠃ ᠬᠠᠪᠤᠡᠭᠨᠠᠨ ᠯᠠᠪᠲᠠᠶᠢᠭᠰᠠᠨ  ᠴᠢᠷᠠᠶᠢᠨ ᠳ᠋ᠥ ᠨᠢ ᠶᠠᠮᠠᠷ ᠴᠦ ᠦᠡᠭᠭᠡ ᠠᠯᠠᠭ᠎ᠠ  ᠃ ᠶᠡᠭᠡ ᠲᠦᠪᠯᠡᠭᠦᠨ ᠴᠢᠡᠭᠭ᠎ᠠ  ᠪᠠᠶᠢᠪᠠ  ᠃
       —— ᠬᠦᠤ ᠮᠢᠨᠢ ᠤᠳᠤ ᠬᠦᠮᠦᠨ ᠤ ᠵᠡᠷᠭᠡ  ᠳ᠋ᠥ  ᠬᠦᠷᠴᠢᠬᠡᠭᠰᠡᠨ ᠪᠠᠶᠢᠨ᠎ᠠ ᠃ ᠵᠠᠷᠢᠮ ᠤᠴᠢᠷ  ‍ᠢ ᠨᠠᠷᠢᠨ ᠲᠤᠡᠭᠭᠠᠬᠤ ᠴᠢᠬᠤᠯᠠ ᠲᠠᠢ ᠰᠢᠤ ᠃ ᠡᠵᠢ ᠴᠢᠨᠢ ᠶᠠᠮᠠᠷ ᠠᠯᠳᠠᠭ᠎ᠠ ᠲᠤᠲᠠᠭᠳᠠᠯ ᠲᠠᠢ ᠴᠦ ᠴᠢᠮ᠎ᠠ ᠳ᠋ᠥ ᠪᠠᠨ ᠪᠤᠯ ᠠᠮᠢ ᠨᠠᠰᠤ ᠤᠯᠭᠤᠭᠰᠠᠨ ᠠᠴᠢ ᠲᠠᠢ ᠬᠦᠮᠦᠨ ᠃ ᠠᠷᠪᠠᠨ ᠰᠠᠷ᠎ᠠ ᠠᠴᠢᠨ ᠪᠠᠶᠢᠵᠤ ᠂ ᠠᠡᠭᠬᠢᠷ ᠤᠭᠤᠷᠠᠭ ᠢᠶᠡᠨ ᠰᠢᠮᠡᠭᠦᠯᠦᠭᠰᠡᠨ ᠠᠴᠢ ᠲᠠᠢ ᠬᠦᠮᠦᠨ ᠃ ᠡᠵᠢ ᠪᠠᠨ ᠭᠠᠳᠠᠭᠤᠷᠰᠢᠶᠠᠵᠤ ᠪᠤᠯᠬᠤ ᠦᠭᠡᠢ ᠃ ᠡᠬᠡ ᠬᠦᠮᠦᠨ ᠤ ᠰᠡᠳᠬᠢᠯ ᠳ᠋ᠥ ᠦᠷ᠎ᠡ ᠪᠤᠯ ᠵᠢᠷᠦᠬᠡ ᠨᠢ ᠪᠠᠶᠢᠳᠠᠭ ᠃ ᠡᠵᠢ ᠶ᠋ᠢᠨ ᠬᠠᠶᠢᠷ᠎ᠠ ᠳ᠋ᠥ ᠠᠯᠠᠭ ᠦᠭᠡᠢ ᠰᠢᠤ ᠃ ᠮᠢᠨᠦ ᠬᠦᠤ ᠡᠵᠢ  ᠪᠠᠨ ᠰᠡᠳᠬᠢᠯ  ᠳ᠋ᠥ  ᠪᠠᠨ ᠰᠠᠭᠤᠯᠭᠠᠵᠤ  ᠶᠠᠪᠤᠬᠤ  ᠬᠡᠷᠡᠭᠲᠡᠢ ᠃  
       ᠠᠪᠤ᠋ ᠲᠠᠯᠪᠢᠭᠤᠨ ᠶᠠᠷᠢᠭᠠᠳ ᠬᠠᠷᠢᠭᠤ ᠬᠦᠯᠢᠶᠡᠨ᠎ᠡ ᠃ ᠬᠠᠮᠠᠷ ᠱᠠᠷᠬᠢᠷᠠᠬᠤ ᠪᠠᠷ ᠪᠢ ᠤᠷᠤᠭᠤᠯ ᠢᠶᠡᠨ ᠬᠠᠵᠠᠯᠬᠢᠯᠠᠵᠤ ᠂ ᠬᠠᠷᠠᠴᠠ ᠪᠠᠨ ᠪᠤᠷᠤᠭᠤᠯᠪᠠ ᠃ ᠲᠡᠷᠡ ᠪᠦᠬᠦᠨ ‍ᠢ ᠪᠢ ᠪᠦᠷ ᠤᠶᠢᠯᠠᠭᠠᠨ᠎ᠠ ᠃ ᠲᠡᠭᠡᠬᠦ ᠳ᠋ᠥ ᠲᠡᠳᠡᠭᠡᠷ ᠭᠠᠵᠠᠷ ᠤᠨ ᠴᠠᠪ  ᠲᠦ ᠳᠠᠷᠤᠵᠤ ᠬᠠᠶᠠᠭᠰᠠᠨ ᠪᠠᠷᠠᠭᠠᠨ ᠰᠡᠭᠦᠳᠡᠷ ᠤᠳ ᠢᠰᠡᠭᠡᠢ ᠳ᠋ᠥ ᠵᠠᠭᠤᠷᠠᠯᠳᠤᠭᠰᠠᠨ ᠬᠤᠨᠢᠨ ᠵᠠᠡᠭᠭᠤᠦ ᠰᠢᠭ᠋ ᠪᠦᠬᠦ ᠪᠡᠶ᠎ᠡ ᠶ᠋ᠢ ᠤᠷᠢᠶᠠᠯᠭᠠᠵᠤ ᠭᠠᠷᠤᠨ᠎ᠠ ᠃ ᠪᠢ ᠨᠢᠳᠤ ᠪᠠᠨ ᠠᠨᠢᠭᠠᠳ ᠲᠡᠷ᠎ᠡ ᠲᠤᠲᠤᠷ᠎ᠠ ᠪᠠᠨ ᠰᠢᠷᠬᠢᠬᠦ  ᠳ᠋ᠥ  ᠠᠪᠤ᠋  ᠬᠦᠡᠭᠬᠡᠨ  ᠰᠡᠭᠦᠷᠡᠰᠦᠯᠡᠭᠡᠳ  ᠭᠠᠷᠴᠤ  ᠶᠠᠪᠤᠪᠠ ᠃
        ᠨᠠᠮ᠎ᠠ ᠶ᠋ᠢ ᠮᠠᠰᠠ ᠵᠠᠰᠠᠯ ᠬᠢᠵᠦ ᠨᠡᠯᠢᠶᠡᠳ ᠡᠷᠡᠭᠦᠯᠵᠢᠳᠡᠯ᠎ᠡ ᠡᠵᠢ ᠶᠠᠷᠦ ᠢᠷᠡᠭᠡ ᠦᠭᠡᠢ ᠃  ᠭᠠᠭᠴᠠ ᠬᠦ ᠠᠪᠤ᠋ ᠯᠠ ᠨᠠᠮ᠎ᠠ ᠶ᠋ᠢ ᠠᠰᠠᠷᠠᠪᠠ ᠃ ᠠᠪᠤ᠋ ᠪᠠᠶᠢᠨ ᠪᠠᠶᠢᠨ 《 ᠭᠠᠳᠠᠭᠤᠷ ᠭᠠᠷᠤᠭᠠᠳ ᠳᠠᠮᠠᠬᠢᠯᠠᠭᠠᠳ ᠢᠷᠡᠶ᠎ᠡ 》 ᠭᠡᠳ ᠭᠠᠷᠴᠤ ᠶᠠᠪᠤᠨ᠎ᠠ ᠃ ᠠᠪᠤ᠋ ᠶ᠋ᠢᠨ ᠮᠠᠷᠢᠶ᠎ᠠ ᠨᠢ ᠮᠡᠳᠡᠭᠳᠡᠮ᠎ᠡ ᠰᠢᠭᠤᠷᠠᠵᠤ ᠂ ᠨᠤᠶᠢᠷ ᠠᠯᠲᠠᠭᠰᠠᠨ ᠤᠯᠠᠭᠠᠨ ᠰᠤᠳᠠᠰᠤ ᠲᠠᠢ ᠨᠢᠳᠤᠨ ᠳ᠋ᠥ ᠨᠢ ᠶᠠᠭᠤ ᠨᠢᠭᠡᠨ ᠳ᠋ᠥ ᠪᠤᠯᠤᠭᠰᠠᠨ ᠰᠠᠨᠠᠭᠠᠰᠢᠷᠠᠯ ᠨᠢᠭᠤᠭᠳᠠᠭ᠎ᠠ ᠶ᠋ᠢ ᠪᠢ ᠰᠡᠷᠡᠵᠦ ᠪᠠᠶᠢᠪᠠ ᠃ 《 ᠠᠷᠠᠢ ᠲᠡᠷᠡ ᠬᠦᠮᠦᠨ ᠠᠪᠤ᠋  ᠪᠢᠳᠡ  ᠬᠤᠶᠠᠷ ‍ᠢ ᠬᠠᠶᠠᠭᠠᠳ ᠵᠢᠯᠢᠢᠴᠢᠬᠡᠭᠰᠡᠨ ᠦᠭᠡᠢ  ᠪᠠ ?  ᠪᠠᠷ᠎ᠠ  ᠲᠠᠰᠤ  ᠪᠠᠶᠢᠬᠤ  ᠪᠠᠷ  》 ᠭᠡᠬᠦ ᠪᠤᠳᠤᠯ ᠴᠦᠳᠡᠡᠭ ᠤᠨ ᠭᠠᠯ ᠰᠢᠭ᠋ ᠵᠢᠷᠢᠰᠬᠢᠭᠡᠳ ᠦᠡᠭᠭᠡᠷᠡᠨ᠎ᠡ ᠃ ᠠᠪᠤ᠋ ᠡᠴᠠ ᠴᠦ ᠠᠰᠠᠭᠤᠵᠤ ᠴᠢᠳᠠᠭ᠎ᠠ ᠦᠭᠡᠢ ᠃ ᠭᠤᠮᠤᠷᠬᠠᠯ ᠳ᠋ᠥ  ᠴᠦᠭᠦᠷᠡᠵᠦ ᠂  ᠮᠦᠰᠦᠨ ᠤᠷᠤ ᠳᠡᠭᠡᠷ᠎ᠡ  ᠬᠡᠪᠲᠡᠭᠡ ᠰᠢᠭ ᠃ 《 ᠶᠠᠭᠠᠬᠢᠯ᠎ᠠ ᠴᠦ ᠨᠢᠭᠡ ᠤᠴᠢᠷ  ᠪᠤᠯᠵᠤ ᠳ᠋ᠠ ᠃  》 ᠠᠮᠢᠰᠬᠤᠯ  ᠴᠢᠬᠤᠯᠳᠠᠵᠤ ᠲᠤᠯᠤᠭᠠᠢ ᠲᠤᠶᠢᠷᠡᠨ᠎ᠡ ᠃ ᠴᠡᠭᠡᠵᠢᠨ ᠳ᠋ᠥ ᠬᠡᠢ ᠰᠠᠭᠭᠠᠵᠤ ᠂ ᠲᠦᠷᠪᠡᠨ ᠮᠦᠴᠢ ᠰᠤᠯᠠᠷᠠᠨ᠎ᠠ ᠃ ᠪᠢ ᠪᠠᠰᠠ ᠯᠠ ᠬᠠᠯᠠᠭᠤᠷᠠᠵᠤ  ᠡᠬᠢᠯᠡᠪᠡ   ᠃
       —— ᠡᠷᠬᠡᠳᠡᠨ ᠨᠢ ᠪᠡᠶᠡᠨ ᠳ᠋ᠥ ᠨᠢ ᠵᠤᠬᠢᠷᠠᠵᠤ ᠂ ᠭᠠᠳᠠᠭᠤᠷᠰᠢᠶᠠᠬᠤ ᠢᠯᠡᠷᠡᠯ  ᠦᠭᠡᠢ ᠠᠳᠠᠯ᠎ᠠ ᠡᠨᠡ ᠬᠦᠮᠦᠨ ᠶᠠᠭᠤᠨ  ᠳ᠋ᠥ  ᠪᠠᠨ ᠬᠠᠯᠠᠭᠤᠷᠠᠭᠠᠳ  ᠪᠠᠶᠢᠬᠤ  ᠶᠤᠮ  ᠪᠤᠢ  ? ᠤᠳᠤ  ᠶ᠋ᠢᠨ ᠬᠦᠮᠦᠨ  ᠶᠠᠭᠠᠬᠢᠭᠰᠠᠨ ᠬᠡᠪᠡᠷᠡᠭ ᠶᠤᠮ  ᠪᠤᠢ ? ᠡᠵᠢ ᠶ᠋ᠢ ᠨᠢ ᠦᠵᠡ ! ᠬᠦᠤ  ᠡᠴᠠ ᠪᠠᠨ ᠬᠤᠯᠠ ᠬᠤᠷᠳᠤᠨ  ᠡᠷᠡᠭᠦᠯᠵᠢᠵᠦ  ᠪᠠᠶᠢᠨ᠎ᠠ  ᠃
       —— ᠠᠪᠤ᠋ ᠨᠢ ᠯᠠ ᠬᠦᠭᠡᠷᠦᠬᠦᠢ ᠃ ᠬᠤᠶᠠᠷ ᠲᠡᠶᠢᠰᠢ  ᠬᠦᠶᠦᠭᠰᠡᠭᠡᠷ ᠵᠤᠲᠠᠵᠤ ᠳᠠᠭᠤᠰᠬᠤ ᠨᠢ ᠃ ᠶᠢᠷᠳᠢᠨᠴᠦ ᠳᠡᠭᠡᠷ᠎ᠡ ᠡᠵᠢ ᠠᠪᠤ᠋ ᠬᠦᠮᠦᠨ ᠯᠠ ᠡᠨᠡ ᠬᠠᠯᠠ ᠶ᠋ᠢ ᠳᠡᠰᠪᠦᠷᠢᠯᠡᠵᠦ ᠴᠢᠳᠠᠬᠤ ᠡᠴᠠ ᠳ᠋ᠠ ᠃  ᠠᠢ ᠳ᠋ᠠ ᠂ ᠶᠠᠭᠠᠬᠢᠬᠤ ᠪᠤᠢ  !
       —— ᠡᠨᠡ ᠬᠦᠤ ᠶ᠋ᠢ ᠦᠵᠡᠯ  ᠳ᠋ᠠ ᠃ ᠡᠵᠢ ᠶ᠋ᠢᠨ  ᠢᠶᠡᠨ ᠦᠷᠦᠭᠡᠰᠦᠨ  ᠪᠦᠭᠡᠷ᠎ᠡ  ᠶ᠋ᠢ  ᠠᠴᠢᠵᠤ ᠶᠠᠪᠤᠬᠤ  ᠳ᠋ᠥ  ᠪᠠᠨ ᠮᠦᠨ ᠬᠦᠤ ᠶ᠋ᠢᠨ ᠡᠷᠬᠡ ᠵᠢᠭᠠᠵᠤ  ᠡᠷᠬᠡᠯᠡᠨ  ᠪᠠᠶᠢᠬᠤ ᠴᠢᠨᠢ ᠃  ᠠᠪᠤ᠋  ᠡᠵᠢ  ᠶ᠋ᠢᠨ ᠢᠶᠡᠨ ᠵᠤᠪᠠᠯ  ‍ᠢ  ᠪᠤᠳᠤᠪᠠᠯ  ᠬᠤᠷᠳᠤᠨ ᠡᠷᠡᠭᠦᠯᠵᠢᠬᠦ  ᠨᠢ ᠶᠠᠭᠠᠬᠢᠪᠠ !
        ᠤᠨᠳᠠᠭᠠᠳ ᠰᠡᠷᠡᠬᠦ ᠪᠠᠷ ᠲᠤᠳᠤᠷ᠎ᠠ ᠲᠤᠡᠭ ᠴᠤ ᠰᠠᠷᠠᠭᠤᠯ ᠪᠠᠶᠢᠪᠠ ᠃ ᠬᠤᠶᠠᠷ ᠰᠤᠪᠢᠯᠠᠭᠴᠢ  ᠬᠡᠤᠬᠡᠨ ᠰᠢᠷᠬᠠᠨ ᠤ ᠪᠤᠭᠤᠯᠲᠠ ᠶ᠋ᠢ ᠠᠯᠳᠠᠷᠠᠭᠠᠨ ᠤᠰᠤᠨ ᠡᠮ ᠢᠶᠠᠷ ᠠᠷᠢᠭᠤᠳᠬᠠᠨ ᠪᠠᠶᠢᠵᠦ ᠵᠤᠭᠤᠭ ᠪᠤᠯᠤᠯᠴᠠᠨ᠎ᠠ ᠃ ᠲᠡᠳᠡ ᠬᠤᠶᠠᠷ ᠤᠨ ᠵᠤᠭᠤᠭ ᠴᠢᠬᠢᠨ  ᠭᠡᠩᠭᠡᠷᠭᠡ ᠶᠢ ᠳᠡᠯᠡᠰᠴᠦ ᠂ ᠵᠢᠷᠦᠬᠡᠨ ᠰᠤᠳᠠᠰᠤ ᠶ᠋ᠢ ᠴᠡᠴᠡᠷᠡᠭᠦᠯᠦᠨ᠎ᠡ ᠃ ᠬᠤᠶᠠᠷ ᠨᠢᠳᠤᠨ ᠤ ᠠᠳᠬᠤᠷᠠᠯᠳᠤᠭᠰᠠᠨ ᠰᠤᠷᠮᠤᠤᠰᠤ ᠰᠠᠯᠬᠤ  ᠡᠴᠠ ᠡᠮᠤᠨ᠎ᠡ ᠵᠤᠪᠬᠢ ᠪᠦᠯᠢᠶᠡᠰᠪᠡ ᠃ ᠪᠢ ᠡᠭᠡᠷ ᠳᠠᠲᠠᠨ ᠤᠬᠢᠯᠠᠬᠤ ᠶ᠋ᠢ ᠰᠠᠨᠠᠨ᠎ᠠ ᠃ ᠬᠡᠴᠢᠨᠡᠭᠡᠨ ᠵᠢᠯ ᠤᠨ ᠴᠤᠭᠯᠠᠷᠠᠭᠰᠠᠨ ᠭᠤᠮᠤᠷᠡᠯ ᠵᠢᠪᠡᠭᠦᠴᠡᠯ ᠤᠨ ᠬᠠᠭ ᠡᠨᠡᠬᠦᠭᠡᠨ ᠬᠤᠭᠤᠷᠤᠨᠳᠤ ᠬᠤᠭᠵᠢᠷᠠᠨ ᠬᠤᠪᠬᠤᠷᠠᠨ᠎ᠠ ᠃
        ᠳᠡᠭᠦᠵᠢᠡᠭ ᠰᠢᠡᠭᠬᠡᠨ ᠪᠡᠶᠡᠳᠤ ᠶᠡᠭᠦᠯᠡᠭᠦᠷ ᠢᠶᠠᠷ ᠲᠠᠮᠵᠢᠨ ᠰᠤᠳᠠᠰᠤ ᠪᠠᠷ ᠭᠦᠶᠦᠬᠦ ᠨᠢ ᠲᠤᠳᠤ ᠮᠡᠳᠡᠷᠡᠭᠳᠡᠨ᠎ᠡ ᠃ ᠵᠡᠭᠦᠳᠦ ᠪᠢᠰᠢ ᠃ ᠶᠠᠭᠤ  ᠪᠦᠬᠦᠨ ᠦᠨᠡᠨ ᠪᠠᠶᠢᠯ᠎ᠠ ᠃ ᠪᠢ  ᠬᠤᠶᠢᠰᠢᠲᠡ ᠡ᠋ᠭ ᠲᠡᠯᠡᠬᠡᠢ ᠶ᠋ᠢᠨ ᠬᠠᠮᠤᠭ ᠨᠠᠨᠳᠢᠨ ᠠᠴᠢ ᠬᠠᠶᠢᠷ᠎ᠠ ᠶ᠋ᠢ ᠡᠭᠦᠷᠴᠦ ᠶᠠᠪᠤᠬᠤ ᠪᠤᠯᠤᠭᠰᠠᠨ ᠪᠠᠶᠢᠨ᠎ᠠ ᠃ ᠢᠷᠡᠭᠡᠳᠦᠢ  ᠳ᠋ᠥ  ᠪᠢ  ᠪᠠᠰᠠ ᠴᠦ ᠦᠯᠢᠭᠡᠷ ᠤᠨ ᠭᠤᠦᠯ  ᠪᠠᠭᠠᠳᠤᠷ  ᠪᠤᠯᠬᠤ  ᠶᠤᠮ ᠃ (◎ᠡᠤ  ᠤᠶᠤᠨᠬᠠᠰ)
ᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ