ᠨᠠᠢᠮᠠᠨ ᠬᠤᠰᠢᠭᠤᠨ ‍ᠤ ᠮᠤᠡᠭᠭᠤᠯᠴᠤᠳ ‍ᠤᠨ ᠵᠠᠡᠭ ᠵᠠᠡᠭᠰᠢᠯ

ᠣᠩᠰᠢᠭᠰᠠᠨ ᠤᠳᠠᠭ᠎ᠠ ᠄ 9771     ᠨᠡᠶᠢᠳᠡᠯᠡᠭᠰᠡᠨ ᠴᠠᠭ ᠄ 2016/4/26 11:11:32


                 ᠠᠮᠤᠷ ᠮᠡᠡᠳᠦ ᠠᠰᠠᠭᠤᠬᠤ ᠵᠠᠡᠭᠰᠢᠯ

       ᠨᠠᠢᠮᠠᠨᠴᠤᠳ ᠤᠶᠢᠷ᠎ᠠ ᠲᠦᠷᠦᠯ ᠪᠠ ᠲᠠᠨᠢᠯ ᠲᠠᠰᠤᠯ ‍ᠤᠨ ᠠᠬᠠᠰ ᠵᠠᠬᠠᠰ ᠲᠠᠢ ᠪᠠᠨ ᠤᠴᠠᠷᠠᠪᠠᠯ ᠂ ᠪᠠᠷᠠᠭᠤᠨ ᠡᠪᠦᠳᠦᠭ ᠳᠡᠭᠡᠷ᠎ᠡ ᠪᠠᠨ ᠭᠠᠷ ᠢᠶᠡᠨ ᠲᠠᠯᠪᠢᠨ ᠴᠤᠮᠴᠤᠶᠢᠨ ᠮᠡᠡᠳᠦᠯᠡᠳᠡᠭ ᠃ ᠠᠬᠠᠰ ᠵᠠᠬᠠᠰ ᠨᠢ ᠬᠡᠤᠬᠡᠳ ᠳᠡᠬᠦᠦ ᠨᠠᠷ ᠢᠶᠡᠨ ᠨᠡᠷ᠎ᠡ ᠪᠠᠷ ᠨᠢ ᠳᠠᠭᠤᠳᠠᠪᠠᠯ ᠵᠠᠪᠠᠯ 《 ᠵᠨ ! 》 ᠭᠡᠵᠤ ᠬᠠᠷᠢᠭᠤᠯᠬᠤ ᠬᠡᠷᠡᠭᠲᠡᠢ ᠂ 《ᠠ ? 》 ᠭᠡᠵᠤ ᠪᠤᠯᠬᠤ ᠦᠭᠡᠢ ᠃ 《ᠠ ? 》 ᠭᠡᠪᠡᠯ ᠄ 《 ᠴᠢ ᠮᠢᠨᠦ ᠠᠪᠤ᠋ ᠭᠡᠵᠤ ᠤᠣ ? ᠠ ᠭᠡᠬᠦ ᠳ᠋ᠤ ᠪᠠᠨ ! 》 ᠭᠡᠵᠤ ᠪᠤᠷᠤᠭᠤᠰᠢᠶᠠᠨ ᠵᠠᠡᠭᠨᠠᠳᠠᠭ ᠃ ᠠᠶᠢᠯ ‍ᠤᠨ ᠨᠤᠬᠠᠢ ᠦᠭᠡᠳᠡ ᠡᠴᠠ ᠴᠢᠨᠢ ᠬᠤᠷᠭᠤᠭᠠᠨ ᠨᠦᠷᠢᠬᠦ ᠦᠶ᠎ᠡ ᠳ᠋ᠤ ᠶᠠᠭᠠᠬᠢᠭᠰᠠᠨ ᠴᠤ ᠭᠡᠷ ‍ᠤᠨ ᠡᠵᠨᠨ ᠭᠠᠷᠴᠤ ᠢᠷᠡᠭᠡᠳ ᠨᠤᠬᠠᠢ ᠪᠠᠨ ᠬᠤᠷᠢᠵᠦ ᠦᠭᠲᠡᠯ᠎ᠡ ᠬᠦᠯᠢᠶᠡᠬᠦ ᠡᠴᠠ ᠪᠢᠰᠢ ᠂ ᠨᠤᠬᠠᠢ ᠶ᠋ᠢ ᠨᠢ ᠴᠤᠬᠢᠵᠦ ᠵᠦᠭᠡᠵᠦ ᠪᠤᠯᠳᠠᠭ ᠦᠭᠡᠢ ᠃ ᠠᠯᠲᠠᠭᠰᠠᠨ ᠢᠰᠢᠭᠡ ᠬᠤᠷᠠᠭ᠎ᠠ ᠂ ᠮᠠᠯ ᠤᠨᠤᠭ᠎ᠠ ᠲᠠᠭᠠᠷᠠᠭᠰᠠᠭᠠᠷ ᠡᠵᠡᠨ ᠳ᠋ᠤ ᠨᠢ ᠠᠪᠠᠴᠢᠵᠦ ᠦᠭᠭᠦ ᠪᠤᠶᠤ ᠬᠡᠯᠨ ᠳᠠᠮᠵᠢᠭᠤᠯᠵᠦ ᠮᠡᠳᠡᠭᠳᠡᠳᠡᠭ ᠃

         ᠰᠢᠨᠡᠯᠡᠬᠦ ᠵᠠᠡᠭᠰᠢᠯ

       ᠵᠤᠯᠨ ᠰᠠᠷ᠎ᠠ ᠶ᠋ᠢᠨ ᠬᠤᠷᠢᠨ ᠭᠤᠷᠪᠠᠨ ᠳ᠋ᠤ ᠪᠠᠨ ᠭᠡᠷ ᠢᠶᠡᠨ ᠱᠦᠬᠦᠷᠳᠡᠨ ᠭᠠᠯ ᠢᠶᠡᠨ ᠳᠠᠬᠢᠳᠠᠭ ᠃ ᠪᠤᠳᠠᠭ᠎ᠠ ᠠᠭᠰᠢᠭᠠᠨ ᠬᠦᠵᠢ ᠠᠷᠴᠠ ᠂ ᠰᠢᠷ᠎ᠠ ᠲᠤᠰᠤ ᠂ ᠴᠢᠪᠠᠭ᠎ᠠ ᠂ ᠠᠷᠢᠬᠢ ᠪᠠᠷ ᠭᠠᠯ ‍ᠤᠨ ᠪᠤᠷᠬᠠᠨ ᠢᠶᠡᠨ ᠳᠠᠬᠢᠵᠦ ᠂ ᠪᠦᠬᠦ ᠭᠡᠷ ‍ᠤᠨ ᠬᠦᠮᠦᠰ ‍ᠤᠨ ᠢᠶᠡᠨ ᠨᠢᠭᠡ ᠵᠢᠯ ‍ᠤᠨ ᠡᠷᠡᠬᠦᠯ ᠮᠡᠡᠳᠦ ᠂ ᠵᠤᠯ ᠵᠢᠷᠭᠠᠯ ᠂ ᠰᠠᠶᠢᠨ ᠰᠠᠶᠢᠬᠠᠨ ‍ᠢ ᠨᠢᠭᠡᠳ ᠨᠢᠭᠡ ᠪᠠᠷ ᠳᠠᠭᠠᠳᠬᠠᠨ ᠮᠦᠷᠬᠦᠳᠡᠭ ᠃ ᠡᠬᠦᠨ ‍ᠤ ᠬᠠᠮᠲᠤ ᠪᠠᠰᠠ ᠳᠡᠭᠡᠳᠦᠰ ᠲᠤ ᠪᠠᠨ ᠳᠤᠶᠢᠡᠭ ᠲᠦᠯᠡᠰᠢ ᠡᠷᠬᠦᠳᠡᠭ ᠃
ᠪᠢᠲᠡᠬᠦᠨ ᠳ᠋ᠤ ᠬᠤᠨᠢᠨ ᠪᠦᠬᠦᠯᠢ ᠪᠠ ᠪᠠᠡᠭᠰᠢ ᠴᠢᠨᠠᠵᠤ ᠂ ᠪᠤᠷᠬᠠᠨ ‍ᠤ ᠳᠠᠬᠢᠯᠭ᠎ᠠ ᠶ᠋ᠢᠨ ᠪᠤᠤᠪᠤ᠋ ᠬᠠᠭᠠᠷᠢᠵᠦ ᠂ ᠪᠤᠭᠤᠷᠰᠤᠭ ᠬᠢᠵᠦ ᠪᠢᠲᠡᠬᠦᠯᠡᠳᠡᠭ ᠪᠦᠭᠡᠳ ᠭᠠᠯ ‍ᠤᠨ ᠪᠤᠳᠠᠭ᠎ᠠ ᠂ ᠪᠢᠲᠡᠬᠦᠨ ‍ᠤ ᠪᠠᠡᠭᠰᠢ ᠂ ᠬᠠᠭᠠᠷᠢᠭᠰᠠᠨ ᠪᠤᠤᠪᠤ᠋ ᠪᠠᠨ ᠲᠦᠷᠦᠯ ᠰᠠᠲᠤᠨ ᠂ ᠠᠬᠠᠰ ᠵᠠᠬᠠᠰ ᠲᠤ ᠪᠠᠨ ᠲᠤᠰ ᠲᠤᠰ ᠬᠦᠷᠭᠡᠵᠦ ᠂ ᠵᠤᠬᠢᠷᠠᠭᠰᠠᠨ ᠡᠰᠡᠬᠦ ᠶ᠋ᠢ ᠠᠶᠢᠯᠠᠳᠬᠠᠨ ᠠᠰᠠᠭᠤᠳᠠᠭ ᠵᠠᠡᠭᠰᠢᠯ ᠲᠠᠢ ᠪᠢᠯᠨ ᠃
ᠰᠢᠨ᠎ᠠ ᠶ᠋ᠢᠨ ᠨᠢᠭᠡᠨ ᠳ᠋ᠤ ᠲᠡᠭᠷᠢ ᠳ᠋ᠤ ᠮᠦᠷᠬᠦᠨ ᠵᠦᠭ ᠭᠠᠷᠭᠠᠵᠤ ᠬᠠᠷᠢᠯᠴᠠᠨ ᠵᠤᠯᠭᠠᠵᠤ ᠴᠠᠭᠠᠯᠠᠳᠠᠭ ᠃ ᠦᠷᠯᠦᠭᠡ ᠡᠷᠲᠡ ᠪᠤᠰᠴᠦ ᠂ ᠭᠠᠷ ‍ᠤᠨ ᠵᠢᠷᠤᠭᠠᠰᠤ ᠦᠵᠡᠭᠳᠡᠬᠦ ᠶ᠋ᠢᠨ ᠵᠡᠷᠭᠡ ᠪᠢᠲᠡᠬᠦᠨ ᠳ᠋ᠤ ᠪᠠᠨ ᠪᠤᠰᠬᠠᠭᠰᠠᠨ ᠲᠡᠭᠷᠢ ᠶ᠋ᠢᠨ ᠤᠪᠤᠭᠠᠨ ᠳᠡᠭᠡᠷ᠎ᠡ ᠪᠠᠨ ᠬᠦᠷᠴᠦ ᠬᠦᠵᠢ ᠠᠰᠠᠭᠠᠨ ᠬᠠᠳᠬᠤᠵᠤ ᠲᠠᠯᠪᠢᠭᠠᠳ ᠂ ᠬᠦᠰᠡᠯ ᠡᠷᠡᠮᠡᠯᠵᠡᠯ ᠢᠶᠡᠨ ᠳᠠᠭᠠᠳᠬᠠᠨ ᠮᠦᠷᠬᠦᠳᠡᠭ ᠃ ᠳᠠᠷᠠᠭ᠎ᠠ ᠨᠢ ᠤᠷᠢᠳᠠᠪᠠᠷ ᠦᠵᠡᠬᠦᠯᠵᠦ ᠲᠤᠭᠲᠠᠭᠰᠠᠨ ᠵᠦᠭ ᠲᠤ ᠪᠠᠨ ᠶᠠᠪᠤᠵᠤ ᠮᠦᠷ ᠭᠠᠷᠭᠠᠳᠠᠭ ᠃ ᠢᠡᠭᠬᠢᠪᠡᠯ ᠨᠢᠭᠡ ᠵᠢᠯ ᠳ᠋ᠤ ᠪᠠᠨ ᠬᠠᠮᠢᠭᠠᠰᠢ ᠪᠠᠨ ᠶᠠᠪᠤᠵᠤ ᠂ ᠬᠠᠮᠢᠭ᠎ᠠ ᠰᠠᠭᠤᠭᠰᠠᠨ ᠴᠤ ᠭᠠᠢ ᠦᠭᠡᠢ ᠭᠡᠵᠤ ᠦᠵᠡᠳᠡᠭ ᠃ ᠵᠡᠬᠦᠡᠰᠢ ᠪᠠᠨ ᠭᠠᠷᠴᠦ ᠶᠠᠪᠤᠭᠠᠳ ᠡᠮᠦᠨ᠎ᠡ ᠡᠴᠠ ᠤᠷᠤᠵᠤ ᠢᠷᠡᠬᠦ ᠪᠤᠶᠤ ᠪᠠᠷᠠᠭᠤᠡᠰᠢ ᠪᠠᠨ ᠭᠠᠷᠴᠤ ᠶᠠᠪᠤᠭᠠᠳ ᠬᠤᠶᠢᠨ᠎ᠠ ᠡᠴᠠ ᠤᠷᠤᠵᠤ ᠢᠷᠡᠬᠦ ᠮᠡᠲᠦ ᠃
ᠦᠷᠯᠦᠭᠡ ᠶ᠋ᠢᠨ ᠴᠠᠢ ᠶ᠋ᠢᠨ ᠳᠠᠷᠠᠭ᠎ᠠ ᠂ ᠳᠤᠤᠷ᠎ᠠ ᠦᠶ᠎ᠡ ᠶ᠋ᠢᠨ ᠬᠢᠨ ᠳᠡᠭᠡᠷ᠎ᠡ ᠦᠶ᠎ᠡ ᠶ᠋ᠢᠨ ᠠᠬᠠᠰ ᠵᠠᠬᠠᠰ ᠂ ᠠᠬᠠᠮᠠᠳ ᠶᠡᠭᠡᠰ ᠲᠤ ᠪᠠᠨ ᠤᠴᠢᠵᠦ ᠬᠠᠳᠠᠭ ᠲᠠᠯᠪᠢᠨ ᠠᠷᠢᠬᠢ ᠪᠠᠷᠢᠵᠦ ᠵᠤᠯᠭᠠᠨ ᠂ ᠰᠦᠬᠦᠳᠦᠨ ᠮᠦᠷᠬᠦᠳᠡᠭ ᠃ ᠳᠡᠭᠡᠷ᠎ᠡ ᠦᠶ᠎ᠡ ᠶ᠋ᠢᠨ ᠬᠢᠨ ᠢᠷᠦᠭᠡᠯ ᠲᠠᠯᠪᠢᠵᠦ ᠄ 《 ᠮᠠᠡᠭᠬᠠᠨ ᠳᠡᠭᠡᠷ᠎ᠡ ᠴᠢᠨᠢ ᠮᠠᠯ ᠴᠢᠨᠢ ᠴᠠᠶᠢᠭ ᠂ ᠮᠠᠯᠠᠭᠠᠢ ᠲᠤᠳᠤᠷ᠎ᠠ ᠴᠢᠨᠢ ᠦᠰᠦ ᠴᠢᠨᠢ ᠴᠠᠶᠢᠭ ᠁ 》 ᠂ 《 ᠦᠮᠪᠦᠦ ᠭᠡᠬᠦ ᠡᠴᠠ ᠮᠠᠯ ᠲᠠᠢ ᠶᠠᠪᠤ᠋ ᠂ ᠦᠷᠬᠦᠯᠵᠢᠳᠡ ᠵᠢᠷᠭᠠᠵᠤ ᠶᠠᠪᠤ᠋ ᠂ ᠭᠡ ᠭᠡᠬᠦ ᠡᠴᠠ ᠮᠠᠯ ᠲᠠᠢ ᠶᠠᠪᠤ᠋ ᠂ ᠭᠡᠵᠢᠶᠡᠳᠡ ᠵᠢᠷᠭᠠᠵᠤ ᠶᠠᠪᠤ᠋ 》᠂ 《 ᠵᠠᠯᠭᠠᠨ ᠵᠠᠯᠭᠠᠨ ᠪᠤᠶᠠᠨ ᠲᠠᠢ ᠶᠠᠪᠤ᠋ ᠂ ᠵᠢᠯᠠᠭ᠎ᠠ ᠵᠢᠡᠭᠰᠡᠲᠦ ᠮᠠᠯᠠᠭᠠᠢ ᠲᠠᠢ ᠶᠠᠪᠤ᠋ 》 ᠬᠡᠬᠦᠴᠢᠯᠡᠨ ᠨᠠᠰᠤᠨ ᠬᠤᠳᠤᠭ ᠤᠷᠲᠤᠰᠴᠦ ᠂ ᠪᠠᠶᠠᠨ ᠵᠢᠷᠭᠠᠯ ᠲᠠᠢ ᠶᠠᠪᠤᠬᠤ ᠶ᠋ᠢ ᠨᠢ ᠵᠦᠡᠭᠨᠡᠨ ᠢᠷᠦᠭᠡᠳᠡᠭ ᠃ ᠮᠦᠷᠬᠦᠭᠰᠡᠨ ᠬᠦᠮᠦᠨ ᠠᠬᠠᠮᠠᠳ ᠨᠠᠰᠤᠲᠠᠳ ‍ᠤᠨ ᠄ 《 ᠤᠷᠲᠤ ᠨᠠᠰᠤᠯᠠᠵᠤ ᠤᠳᠠᠭᠠᠨ ᠵᠢᠷᠭ᠎ᠠ ᠂ ᠪᠤᠯᠵᠠᠢ ! 》 ᠭᠡᠬᠦ ᠦᠶ᠎ᠡ ᠳ᠋ᠤ ᠰᠠᠶᠢ ᠪᠤᠰᠴᠦ ᠪᠤᠯᠳᠠᠭ ᠶᠤᠮ ᠃

          ᠲᠠᠪᠤᠨ ᠰᠠᠷ᠎ᠠ ᠶ᠋ᠢᠨ ᠰᠢᠨ᠎ᠠ ᠶ᠋ᠢᠨ ᠲᠠᠪᠤᠨ ‍ᠤ ᠵᠠᠡᠭᠰᠢᠯ

       ᠨᠠᠷᠠᠨ ᠡᠴᠠ ᠡᠮᠦᠨ᠎ᠡ ᠪᠤᠰᠴᠦ ᠭᠡᠭᠡᠷ᠎ᠡ ᠭᠠᠷᠴᠤ ᠰᠤᠶᠢᠬ᠎ᠠ ᠠᠬᠢ ᠲᠡᠬᠦᠵᠦ ᠢᠷᠡᠭᠡᠳ ᠬᠦᠮᠦᠨ ᠪᠤᠯᠭᠠᠨ ‍ᠤ ᠴᠢᠬᠢᠨ ᠳ᠋ᠤ ᠬᠠᠪᠴᠢᠭᠤᠯᠵᠤ ᠂ ᠡᠬᠦᠳᠡ ᠴᠤᠡᠭᠬᠤᠨ ᠳ᠋ᠤ ᠪᠠᠨ ᠬᠦᠷᠲᠡᠯ᠎ᠡ ᠬᠠᠪᠴᠢᠭᠤᠯᠵᠤ ᠲᠠᠯᠪᠢᠳᠠᠭ ᠵᠠᠡᠭᠰᠢᠯ ᠲᠠᠢ ᠃ ᠢᠡᠭᠬᠢᠵᠦ ᠬᠢᠬᠦ ᠨᠢ ᠠᠯᠢᠪᠠ ᠪᠤᠯᠠᠢ ᠪᠤᠷᠳᠠᠭ ᠂ ᠮᠠᠭᠤ ᠬᠤᠷᠤᠬᠠᠢ ᠰᠢᠪᠠᠵᠢ ᠶ᠋ᠢ ᠵᠠᠶᠢᠯᠠᠭᠤᠯᠬᠤ ᠶᠤᠮ ᠭᠡᠵᠤ ᠦᠵᠡᠳᠡᠭ ᠃ ᠨᠠᠢᠮᠠᠨ ᠰᠠᠷ᠎ᠠ ᠶ᠋ᠢᠨ ᠠᠷᠪᠠᠨ ᠲᠠᠪᠤᠨ ‍ᠢ ᠴᠡᠭᠡᠷᠯᠡᠳᠡᠭ ᠃ ᠡᠷᠲᠡ ᠦᠶ᠎ᠡ ᠳ᠋ᠤ ᠡᠨᠡ ᠬᠦ ᠠᠷᠪᠠᠨ ᠲᠠᠪᠤᠨ ‍ᠤ ᠡᠳᠦᠷ ᠲᠤ ᠨᠢ ᠮᠤᠡᠭᠭᠤᠯᠴᠤᠳ ‍ᠢ ᠨᠢᠭᠡᠨ ᠬᠠᠷᠢ ᠦᠡᠳᠦᠰᠦᠲᠡᠨ ᠬᠢᠲᠤᠭᠰᠠᠨ ᠬᠠᠷᠠᠰᠠᠯᠲᠤ ᠭᠡᠷᠡᠭ ᠭᠠᠷᠴᠦ ᠬᠡᠳᠦᠨ ᠰᠠᠷ᠎ᠠ ᠦᠷᠬᠦᠯᠵᠢᠯᠡᠭᠰᠡᠨ ᠭᠡᠳᠡᠭ ᠃ ᠳᠠᠷᠠᠭ᠎ᠠ ᠵᠢᠯ ‍ᠤᠨ ᠬᠢᠨᠢ ᠲᠠᠪᠤᠨ ᠰᠠᠷ᠎ᠠ ᠶ᠋ᠢᠨ ᠦᠶ᠎ᠡ ᠪᠠᠷ ᠬᠤᠨ ᠭᠠᠯᠠᠭᠤ ᠶ᠋ᠢᠨ ᠰᠦᠷᠦᠭ ᠤᠮᠠᠷᠠᠰᠢ ᠪᠠᠨ ᠴᠤᠪᠤᠵᠤ ᠂ 《 ᠭᠤ‍ ᠭᠠ ᠂ ᠭᠤ‍ ᠭᠠ ᠂ ᠭᠤ‍ ᠭᠠ ᠁ 》 ᠭᠡᠵᠤ ᠳᠤᠤᠭᠠᠷᠤᠭᠰᠠᠭᠠᠷ ᠦᠡᠭᠭᠡᠷᠡᠬᠦ ᠳ᠋ᠤ ᠬᠢᠲᠤᠯᠭ᠎ᠠ ᠬᠢᠵᠦ ᠪᠠᠶᠢᠭᠰᠠᠨ ᠶᠠᠷᠭᠠᠴᠢᠳ ᠤᠯᠠᠨ ᠬᠦᠮᠦᠨ ᠳᠠᠭᠠᠷᠢᠨ ᠢᠷᠡᠵᠦ ᠪᠠᠶᠢᠭ᠎ᠠ ᠬᠡᠮᠡᠨ ᠡᠡᠳᠡᠬᠦᠷᠡᠵᠦ ᠂ ᠶᠡᠭᠡᠳᠡ ᠠᠶᠤᠨ ᠰᠤᠴᠢᠵᠦ ᠪᠠᠯᠠᠭ ᠠᠯᠳᠠᠨ ᠲᠤᠲᠠᠭᠠᠵᠤ ᠵᠠᠪᠬᠠᠷᠠᠭᠰᠠᠨ ᠶᠤᠮ ᠭᠡᠨ᠎ᠡ ᠃ ᠲᠡᠶᠢᠮᠦ ᠡᠴᠠ ᠮᠤᠡᠭᠭᠤᠯᠴᠤᠳ ᠲᠠᠪᠤᠨ ᠰᠠᠷ᠎ᠠ ᠶ᠋ᠢ ᠡᠷᠬᠢᠮᠯᠡᠨ ᠂ ᠬᠤᠨ ᠭᠠᠯᠠᠭᠤ ᠶ᠋ᠢ ᠬᠤᠷᠤᠭᠠᠳᠠᠭ ᠦᠭᠡᠢ ᠴᠡᠭᠡᠷ ᠲᠠᠢ ᠶᠤᠮ ᠃

          ᠤᠪᠤᠭ᠎ᠠ ᠳᠠᠬᠢᠵᠦ ᠪᠤᠷᠤᠭ᠎ᠠ ᠤᠷᠢᠬᠤ ᠵᠠᠡᠭᠰᠢᠯ

       ᠬᠦᠷᠰᠢ ᠵᠡᠷᠭᠡᠯᠡᠳᠡᠭᠡ ᠭᠡᠳᠦᠨ ᠠᠶᠢᠯ ᠢᠶᠠᠷ ᠢᠶᠡᠨ ᠳᠠᠬᠢᠯᠭ᠎ᠠ ᠶ᠋ᠢᠨ ᠡᠳᠦᠷ ᠢᠶᠡᠨ ᠲᠤᠭᠲᠠᠭᠠᠨ ᠵᠠᠷ ᠲᠠᠯᠪᠢᠵᠦ ᠂ ᠲᠤᠰ ᠲᠤᠰ ᠲᠤ ᠪᠠᠨ ᠪᠤᠷᠭᠠᠰᠤ ᠬᠠᠳᠤᠨ ᠪᠤᠭᠤᠵᠢᠯᠠᠨ ᠠᠪᠴᠤ ᠢᠷᠡᠭᠡᠳ ᠤᠪᠤᠭ᠎ᠠ ᠪᠠᠨ ᠲᠤᠭᠤᠷᠢᠭᠤᠯᠤᠨ ᠳᠠᠷᠤᠵᠤ ᠪᠡᠬᠢᠯᠡᠭᠡᠳ ᠪᠤᠷᠭᠠᠰᠤᠨ ᠳᠡᠭᠡᠰᠦ ᠪᠠᠷ ᠭᠠᠳᠠᠭᠤᠷ ᠨᠢ ᠳᠠᠷᠤᠵᠤ ᠤᠶᠠᠭᠠᠳ ᠤᠪᠤᠭ᠎ᠠ ᠪᠠᠨ ᠰᠢᠨᠡᠳᠭᠡᠳᠡᠭ ᠃ ᠯᠠᠮᠨ ᠵᠠᠯᠠᠨ ᠨᠤᠮ ᠤᠡᠭᠰᠢᠭᠤᠯᠵᠤ ᠂ ᠯᠤᠤᠰ ᠳᠠᠬᠢᠨ ᠪᠤᠷᠤᠭᠠᠨ ᠤᠷᠢᠵᠦ ᠂ ᠠᠯᠠᠰᠢ ᠭᠠᠷᠭᠠᠨ ᠮᠢᠬ᠎ᠠ ᠲᠠᠢ ᠠᠮᠤᠰᠤ ᠴᠢᠨᠠᠨ ᠬᠤᠭᠤᠯᠨ ᠪᠠᠵᠠᠭᠠᠭᠠᠳ ᠂ ᠴᠤᠭᠯᠠᠭᠤᠯᠤᠭᠰᠠᠨ ᠴᠠᠭᠠᠨ ᠢᠳᠡᠭᠡ ᠶ᠋ᠢᠨ ᠬᠠᠮᠲᠤ ᠳᠡᠭᠡᠵᠢ ᠪᠠᠷ ᠨᠢ ᠤᠪᠤᠭ᠎ᠠ ᠪᠠᠨ ᠳᠠᠬᠢᠨ᠎ᠠ ᠃ ᠮᠦᠨ ᠠᠷᠢᠬᠢ ᠳᠠᠷᠠᠰᠤ ᠰᠠᠴᠤᠯᠠᠨ ᠡᠷᠬᠦᠵᠦ ᠳᠠᠭᠤᠰᠤᠭᠰᠠᠨ ‍ᠤ ᠰᠡᠬᠦᠯᠡᠷ ᠯᠠᠮᠨ ᠨᠠᠷ ᠲᠤ ᠪᠠᠨ ᠴᠠᠪ ᠪᠠᠷᠢᠵᠦ ᠂ ᠵᠠᠯᠭᠠᠭᠠᠳ ᠴᠤᠭᠯᠠᠷᠠᠨ ᠢᠷᠡᠭᠰᠡᠨ ᠤᠯᠠᠨ ᠳ᠋ᠤ ᠪᠠᠨ ᠤᠪᠤᠭ᠎ᠠ ᠶ᠋ᠢᠨ ᠬᠡᠰᠢᠭ ᠬᠦᠷᠲᠡᠭᠡᠵᠦ ᠴᠠᠳᠲᠠᠯ᠎ᠠ ᠢᠳᠡᠬᠦᠯᠦᠨ᠎ᠡ ᠃ ᠳᠠᠷᠠᠭ᠎ᠠ ᠨᠢ ᠪᠦᠭᠡ ᠪᠠᠷᠢᠯᠳᠤᠭᠤᠯᠵᠤ ᠂ ᠲᠡᠷᠢᠬᠦᠨ ᠂ ᠳᠡᠳ᠋ ᠂ ᠭᠤᠲᠠᠭᠠᠷ ᠲᠤ ᠰᠢᠯᠭᠠᠷᠠᠭᠰᠠᠨ ᠪᠦᠭᠡ ᠪᠠᠨ ᠲᠤᠰ ᠲᠤᠰ ᠱᠠᠡᠭᠨᠠᠵᠤ ᠳᠠᠭᠤᠰᠤᠭᠠᠳ ᠳᠠᠬᠢᠯᠭ᠎ᠠ ᠪᠠᠨ ᠲᠡᠬᠦᠰᠭᠡᠳᠡᠭ ᠃

           ᠨᠠᠶᠢᠨᠠᠢ ᠵᠠᠯᠠᠬᠤ ᠵᠠᠡᠭᠰᠢᠯ

       ᠪᠢᠴᠢᠬᠠᠨ ᠬᠡᠤᠬᠡᠳ ᠢᠶᠡᠨ ᠲᠦᠷᠭᠡᠨ ᠴᠢᠨᠠᠷᠲᠠᠢ ᠬᠠᠯᠳᠠᠪᠤᠷᠢᠲᠦ ᠪᠤᠳᠤ ᠡᠪᠡᠳᠴᠢᠨ ‍ᠤ ᠠᠶᠤᠯ ᠡᠴᠠ ᠵᠠᠶᠢᠯᠠᠭᠤᠯᠬᠤ ᠶ᠋ᠢᠨ ᠲᠦᠯᠦᠭᠡ ᠬᠤᠸᠠᠷ ᠲᠠᠷᠢᠬᠤ ᠰᠢᠶᠠᠡᠱᠸᠡᠭ ‍ᠢ ᠵᠠᠯᠠᠵᠤ ᠠᠪᠴᠢᠷᠠᠭᠠᠳ ᠬᠡᠤᠬᠡᠳ ‍ᠤᠨ ᠢᠶᠡᠨ ᠭᠠᠷ ‍ᠤᠨ ᠮᠡᠯᠡᠭᠡᠢ ᠳᠡᠭᠡᠷ᠎ᠡ ᠬᠤᠸᠠᠷ ᠲᠠᠷᠢᠭᠤᠯᠤᠨ᠎ᠠ ᠃ ᠲᠡᠶᠢᠨ ᠬᠦ ᠪᠤᠵᠠᠷᠯᠠᠭᠤᠯᠬᠤ ᠦᠭᠡᠢ ᠴᠡᠭᠡᠷᠯᠡᠪᠦᠷᠢ ᠬᠢᠵᠦ ᠂ ᠪᠤᠳᠤ ᠶ᠋ᠢᠨ ᠬᠤᠸᠠᠷ ᠨᠢ ᠰᠠᠶᠢᠪ ᠰᠠᠶᠢᠬᠠᠨ ᠳᠡᠯᠭᠡᠷᠡᠭᠡᠳ ᠠᠬᠢᠵᠦ ᠪᠤᠯᠪᠠᠰᠤᠷᠠᠨ ᠳᠡᠪ ᠰᠠᠭᠤᠵᠤ ᠬᠠᠲᠠᠵᠤ ᠬᠤᠭᠰᠤᠷᠤᠨ ᠤᠨᠠᠬᠤ ᠦᠶ᠎ᠡ ᠳ᠋ᠤ ᠬᠡᠤᠬᠡᠳ ‍ᠤᠨ ᠭᠡᠷ ‍ᠤᠨ ᠡᠵᠡᠳ ᠨᠢ ᠪᠤᠤᠪᠤ᠋ ᠬᠢᠵᠦ ᠂ ᠦᠡᠭᠭᠡ ᠪᠦᠷᠢ ᠶ᠋ᠢᠨ ᠪᠦᠰ ‍ᠤᠨ ᠦᠭᠡᠳᠡᠰᠦ ᠠᠪᠴᠦ ᠂ ᠠᠶᠢᠯ ‍ᠤᠳ ‍ᠤᠨ ᠦᠭᠡᠯᠡᠢ ᠬᠡᠤᠬᠡᠳ ‍ᠢ ᠳᠠᠭᠠᠭᠤᠯᠤᠨ ᠨᠠᠶᠢᠨᠠᠢ

(ᠪᠤᠳᠤ ᠡᠪᠡᠳᠴᠢᠨ ‍ᠤ ᠴᠡᠭᠡᠷᠯᠡᠭᠰᠡᠨ ᠨᠡᠷ᠎ᠡ ) ᠵᠠᠯᠠᠳᠠᠭ ᠤᠷᠤᠢ ᠳᠡᠭᠡᠷ᠎ᠡ ᠤᠴᠢᠨ᠎ᠠ ᠃ ᠲᠡᠭᠡᠭᠡᠳ ᠪᠡᠯᠡᠳᠭᠡᠭᠰᠡᠨ ᠳᠠᠬᠢᠯᠭ᠎ᠠ ᠶ᠋ᠢᠨ ᠶᠠᠭᠤᠮ᠎ᠠ ᠬᠡᠤᠮ᠎ᠡ ᠪᠠᠨ ᠵᠢᠭᠰᠠᠭᠠᠨ ᠲᠠᠯᠪᠢᠵᠦ ᠂ ᠪᠦᠰ ‍ᠤᠨ ᠦᠭᠡᠳᠡᠰᠦ ᠨᠦ᠋ᠭᠦᠳ ᠢᠶᠡᠨ ᠤᠷᠤᠢ ᠳᠡᠭᠡᠷᠡᠬᠢ ᠪᠤᠷᠭᠠᠰᠤ ᠬᠠᠷᠭᠠᠨ᠎ᠠ ᠶ᠋ᠢᠨ ᠰᠠᠯᠠᠭᠠᠨ ᠳᠡᠭᠡᠷ᠎ᠡ ᠡᠯᠬᠦᠵᠦ ᠲᠠᠯᠪᠢᠭᠠᠳ ᠰᠠᠶᠢᠨ ᠦᠭᠡ ᠪᠠᠷ ᠨᠠᠶᠢᠨᠠᠢ ᠪᠠᠨ ᠢᠳᠬᠠᠨ ᠵᠠᠯᠠᠵᠤ ᠶᠠᠪᠤᠭᠤᠯᠳᠠᠭ ᠃ ᠨᠠᠶᠢᠨᠠᠢ ᠪᠠᠨ ᠪᠠᠶᠠᠰᠬᠠᠨ ᠵᠠᠯᠠᠵᠤ ᠶᠠᠪᠤᠭᠤᠯᠬᠤ ᠭᠡᠵᠤ ᠠᠪᠠᠴᠢᠭᠰᠠᠨ ᠪᠤᠤᠪᠤ᠋ ᠪᠠᠨ ᠳᠦᠷᠪᠡᠨ ᠵᠦᠭ ᠲᠤ ᠰᠢᠲᠠᠨ ᠶᠠᠪᠤᠭᠤᠯᠵᠤ ᠂ ᠬᠡᠤᠬᠡᠳ ‍ᠢ ᠬᠤᠶᠢᠨ᠎ᠠ ᠡᠴᠠ ᠨᠢ ᠤᠷᠤᠯᠳᠤᠭᠤᠯᠤᠨ ᠲᠡᠬᠦᠯᠭᠡᠳᠡᠭ ᠃ ᠡᠬᠦᠨ ᠢᠶᠡᠨ ᠬᠤᠸᠠᠷ ‍ᠤᠨ ᠳᠡᠪ ‍ᠢ ᠲᠡᠬᠦᠯᠭᠡᠵᠦ ᠪᠠᠶᠢᠨ᠎ᠠ ᠭᠡᠵᠤ ᠦᠵᠡᠳᠡᠭ ᠃


          ᠳᠡᠭᠡᠳᠦᠰ ‍ᠤᠨ ᠤᠡᠭᠭᠤᠨ ᠳᠡᠭᠡᠷ᠎ᠡ ᠪᠠᠨ ᠰᠢᠷᠤᠢ ᠨᠡᠮᠡᠬᠦ ᠵᠠᠡᠭᠰᠢᠯ

       ᠵᠢᠯ ᠪᠤᠯᠭᠠᠨ ‍ᠤ ᠬᠠᠡᠭᠰᠢᠨ ‍ᠤ ᠡᠳᠦᠷ ᠳᠡᠭᠡᠳᠦᠰ ‍ᠤᠨ ᠢᠶᠡᠨ ᠤᠡᠭᠭᠤᠨ ᠳᠡᠭᠡᠷ᠎ᠡ ᠰᠢᠷᠤᠢ ᠨᠡᠮᠡᠨ ᠲᠤᠶᠢᠡᠭ ᠲᠦᠯᠡᠰᠢ ᠦᠭᠳᠡᠭ ᠃ ᠬᠠᠡᠭᠰᠢ ᠶ᠋ᠢᠨ ᠡᠳᠦᠷ ᠬᠤᠶᠢᠴᠢ ᠦᠷ᠎ᠡ ᠬᠡᠤᠬᠡᠳ ᠨᠢ ᠴᠢᠳᠠᠬᠤ ᠴᠢᠨᠡᠭᠡ ᠪᠠᠷ ᠪᠦᠷ ᠤᠴᠢᠵᠦ ᠳᠡᠭᠡᠳᠦᠰ ‍ᠤᠨ ᠤᠡᠭᠭᠤᠨ ‍ᠤ ᠰᠢᠷᠤᠢ ᠳᠡᠭᠡᠷ᠎ᠡ ᠰᠢᠨ᠎ᠠ ᠨᠤᠶᠢᠲᠠᠨ ᠰᠢᠷᠤᠢ ᠨᠡᠮᠡᠵᠦ ᠂ ᠭᠠᠳᠠᠭᠤᠷ ᠨᠢ ᠰᠠᠶᠢᠲᠤᠷ ᠵᠤᠵᠠᠭᠠᠯᠠᠨ ᠪᠠᠬᠢᠯᠡᠵᠦ ᠳᠠᠭᠤᠰᠤᠭᠰᠠᠨ ‍ᠤ ᠰᠡᠬᠦᠯᠡᠷ ᠤᠴᠢᠭᠰᠠᠨ ᠤᠯᠠᠨ ᠢᠶᠠᠷ ᠢᠶᠡᠨ ᠲᠤᠶᠢᠡᠭ ᠲᠦᠯᠡᠰᠢ ᠪᠠᠨ ᠦᠭᠴᠦ ᠮᠦᠷᠬᠦᠵᠡᠭᠡᠳᠡᠭ ᠃ ᠡᠬᠦᠨ ᠢᠶᠡᠨ ᠰᠢᠷᠤᠢ ᠶ᠋ᠢᠨ ᠭᠡᠷ ‍ᠢ ᠨᠢ ᠰᠢᠨᠡᠳᠭᠡᠨ ᠦᠭᠴᠦ ᠪᠠᠶᠢᠨ᠎ᠠ ᠭᠡᠵᠤ ᠦᠵᠡᠳᠡᠭ ᠃

          ᠤᠷᠤᠭ ᠬᠤᠷᠢᠮ ‍ᠤᠨ ᠵᠠᠡᠭᠰᠢᠯ

       ᠶᠠᠭᠤᠨ ‍ᠤ ᠡᠮᠦᠨ᠎ᠡ ᠦᠵᠡᠵᠦ ᠲᠤᠭᠤᠭᠰᠠᠨ ᠬᠡᠤᠬᠡᠨ ‍ᠤ ᠭᠡᠷ ᠲᠤ ᠨᠢ ᠵᠠᠭᠤᠴᠢ ᠶᠠᠪᠤᠭᠤᠯᠵᠤ ᠪᠡᠷᠢ ᠭᠤᠶᠤᠭᠤᠯᠤᠨ᠎ᠠ ᠃ ᠬᠡᠯᠡᠯᠴᠡᠭᠡᠳ ᠳᠤᠷᠠᠲᠠᠢ ᠮᠠᠶᠢᠭ ᠲᠠᠢ ᠪᠠᠶᠢᠪᠠᠯ ᠬᠡᠤᠬᠡᠨ ‍ᠤ ᠡᠴᠢᠬᠡ ᠡᠭᠡ ᠳ᠋ᠤ ᠨᠢ ᠬᠦᠷᠭᠡᠨ ᠠᠪᠠᠴᠢᠵᠦ ᠦᠵᠡᠬᠦᠯᠦᠨ᠎ᠡ ᠃ ᠬᠡᠷᠪᠡ ᠳᠤᠷᠠᠲᠠᠢ ᠪᠤᠯ ᠡᠳᠦᠷ ᠪᠤᠯᠵᠤᠨ ᠠᠷᠢᠬᠢ ᠤᠤᠭᠤᠯᠭᠠᠵᠤ ᠬᠡᠳᠦᠢ ᠪᠡᠯᠡᠭ ᠢᠳᠡᠬᠦ ᠂ ᠮᠤᠷᠢ ᠦᠭᠡᠷ ᠬᠡᠳᠦᠢ ᠠᠪᠬᠤ ᠡᠴᠠ ᠭᠠᠳᠠᠨ᠎ᠠ ᠪᠠᠰᠠ ᠶᠠᠭᠤ ᠶᠠᠭᠤ ᠳᠠᠭᠠᠭᠠᠯᠭᠠᠵᠤ ᠠᠪᠬᠤ ᠶ᠋ᠢ ᠴᠦᠮ ᠨᠠᠷᠢᠨ ᠲᠤᠳᠤ ᠬᠡᠯᠡᠯᠴᠡᠨ ᠲᠤᠭᠲᠠᠨ᠎ᠠ ᠃ ᠪᠡᠯᠡᠭ ᠢᠶᠡᠨ ᠠᠪᠬᠤ ᠭᠡᠰᠡᠨ ᠲᠤᠭ᠎ᠠ ᠶᠤᠰᠤ ᠪᠠᠷ ᠲᠤᠰᠢᠶᠠᠵᠦ ᠳᠠᠭᠤᠰᠤᠭᠰᠠᠨ ‍ᠤ ᠳᠠᠷᠠᠭ᠎ᠠ ᠪᠡᠷᠢ ᠪᠠᠭᠤᠯᠭᠠᠬᠤ ᠠᠶᠢᠯ ‍ᠤᠨ ᠬᠢᠨ ᠬᠤᠷᠢᠮ ‍ᠤᠨ ᠡᠳᠦᠷ ᠢᠶᠡᠨ ᠦᠵᠡᠬᠦᠯᠦᠨ ᠂ ᠦᠭᠡᠳᠡ ᠡᠰᠡᠷᠡᠭ ᠲᠠᠢ ᠂ ᠦᠯᠵᠡᠢ ᠮᠦᠷ ᠲᠠᠢ ᠰᠠᠶᠢᠨ ᠡᠳᠦᠷ ‍ᠢ ᠰᠤᠡᠭᠭᠤᠨ ᠲᠤᠭᠲᠠᠭᠠᠵᠤ ᠂ ᠲᠤᠭᠲᠠᠭᠰᠠᠨ ᠬᠤᠷᠢᠮ ‍ᠤᠨ ᠡᠳᠦᠷ ᠢᠶᠡᠨ ᠬᠡᠤᠬᠡᠨ ‍ᠤ ᠭᠡᠷ ᠲᠤ ᠵᠠᠭᠤᠴᠢ ᠵᠠᠷᠤᠵᠤ ᠲᠤᠰᠢᠶᠠᠯᠭᠠᠨ᠎ᠠ ᠃ ᠬᠤᠷᠢᠮ ᠢᠶᠡᠨ ᠪᠡᠷᠢ ᠪᠠᠭᠤᠯᠭᠠᠬᠤ ᠪᠠ ᠬᠡᠤᠬᠡᠨ ᠮᠤᠷᠳᠠᠭᠤᠯᠬᠤ ᠬᠤᠶᠠᠷ ᠡᠲᠡᠭᠡᠳ  ᠢᠶᠠᠷ ᠢᠶᠡᠨ ᠴᠦᠮ ᠠᠳᠠᠯᠢ ᠬᠢᠵᠡᠭᠡᠳᠡᠭ ᠃ ᠪᠡᠷᠢ ᠪᠠᠭᠤᠯᠭᠠᠬᠤ ᠠᠶᠢᠯ ᠨᠢ ᠵᠤᠴᠢᠨ ᠢᠶᠡᠨ ᠵᠠᠯᠠᠵᠤ ᠬᠤᠷᠢᠮ ᠢᠶᠡᠨ ᠪᠠᠵᠠᠭᠠᠵᠤ ᠂ ᠬᠦᠦ ᠪᠠᠨ ᠠᠯᠢ ᠰᠠᠶᠢᠬᠠᠨ ᠲᠤᠷᠭ᠎ᠠ ᠲᠤᠷᠳᠤᠡᠭ ᠬᠤᠪᠴᠠᠰᠤ ᠬᠤᠨᠠᠷ ᠢᠶᠠᠷ ᠳᠠᠪᠬᠤᠷ ᠳᠠᠪᠬᠤᠷ ᠲᠡᠷᠡᠶᠢᠲᠡᠯ᠎ᠡ ᠬᠤᠪᠴᠠᠯᠠᠵᠤ ᠂ ᠭᠤᠷᠪᠠᠨ ᠠᠯᠲᠠ ᠶ᠋ᠢᠨ ᠦᠡᠭᠭᠡ ᠢᠯᠭᠠᠷᠠᠭᠰᠠᠨ ᠲᠤᠷᠭᠠᠨ ᠪᠦᠰᠡ ᠪᠦᠰᠡᠯᠡᠬᠦᠯᠵᠦ ᠂ ᠭᠡᠳᠡ ᠬᠢᠲᠤᠭ᠎ᠠ ᠰᠤᠶᠢᠷᠠᠭᠤᠯᠵᠤ ᠂ ᠵᠢᠡᠭᠰᠡᠲᠡᠢ ᠮᠠᠯᠠᠭᠠᠢ ᠵᠡᠬᠦᠯᠭᠡᠨ ᠂ ᠰᠠᠭᠠᠳᠠᠭ ᠠᠭᠰᠠᠭᠤᠯᠤᠨ ᠨᠤᠮᠤ ᠮᠦᠷᠦᠪᠴᠢᠯᠡᠬᠦᠯᠤᠨ᠎ᠠ ᠃ ᠬᠦᠷᠭᠡᠨ ᠳᠠᠭᠠᠭᠰᠠᠨ ᠬᠦᠮᠦᠨ ᠪᠠ ᠬᠡᠯᠡᠮᠦᠷᠴᠢ ᠂ ᠬᠡᠳᠦᠨ ᠬᠤᠷᠴᠠ ᠱᠠᠯᠠᠮᠠᠭᠠᠢ ᠬᠢᠯᠠᠷᠠᠭᠰᠠᠨ ᠵᠠᠯᠠᠭᠤᠰ ‍ᠤᠨ ᠬᠠᠮᠲᠤ ᠰᠠᠶᠢᠨ ᠰᠠᠶᠢᠬᠠᠨ ᠬᠦᠶᠦᠳᠡᠯ ᠶᠠᠪᠤᠳᠠᠯ ᠲᠠᠢ ᠮᠤᠷᠢᠳ ‍ᠢ ᠰᠤᠡᠭᠭᠤᠨ ᠤᠨᠤᠭᠤᠯᠵᠤ ᠂ ᠱᠠᠭᠠᠡᠲᠤ ᠳ᠋ᠤ ᠮᠤᠷᠳᠠᠭᠤᠯᠤᠨ ᠶᠠᠪᠤᠭᠤᠯᠳᠠᠭ ᠃ ᠬᠡᠤᠬᠡᠨ ᠢᠶᠡᠨ ᠮᠤᠷᠳᠠᠭᠤᠯᠬᠤ ᠠᠶᠢᠯ ᠨᠢ ᠮᠦᠨ ᠠᠳᠠᠯᠢ ᠵᠤᠴᠢᠨ ᠢᠶᠡᠨ ᠵᠠᠯᠠᠵᠤ ᠬᠤᠷᠢᠮ ᠢᠶᠡᠨ ᠪᠠᠵᠠᠭᠠᠵᠤ ᠂ ᠬᠦᠷᠭᠡᠨ ‍ᠤ ᠱᠠᠭᠠᠡᠳᠤ ᠬᠦᠷᠴᠦ ᠢᠷᠡᠬᠦ ᠡᠴᠠ ᠡᠮᠦᠨ᠎ᠡ ᠂ ᠮᠤᠷᠳᠠᠭᠤᠯᠬᠤ ᠶᠠᠡᠭᠵᠤ ᠪᠠᠷ ᠬᠡᠤᠬᠡᠨ ᠢᠶᠡᠨ ᠲᠤᠷᠭ᠎ᠠ ᠲᠤᠷᠳᠤᠡᠭ ᠬᠤᠪᠴᠠᠰᠤ ᠬᠤᠨᠠᠷ ᠢᠶᠠᠷ  ᠰᠤᠭᠰᠤᠷᠲᠠᠯ᠎ᠠ ᠬᠤᠪᠴᠠᠯᠠᠵᠤ ᠂ ᠱᠢᠷᠤ ᠤᠭᠶᠤ ᠶ᠋ᠢᠨ ᠰᠦᠢᠭᠡ ᠲᠠᠲᠠᠭᠤᠷ ᠂ ᠭᠤᠷᠪᠠᠨ ᠬᠠᠳᠬᠤᠭᠤᠷ ᠪᠠ ᠪᠤᠰᠤᠳ ᠵᠠᠰᠠᠯ ᠴᠢᠮᠡᠭᠯᠡᠯ ᠢᠶᠠᠷ ᠭᠤᠶᠤ ᠰᠠᠶᠢᠬᠠᠨ ᠵᠠᠰᠠᠵᠤ ᠴᠢᠮᠡᠬᠦ ᠪᠦᠭᠡᠳ ᠳᠠᠭᠠᠭᠤᠯᠵᠤ ᠦᠭᠭᠦ ᠠᠪᠳᠠᠷ᠎ᠠ ᠬᠤᠷᠭᠤ ᠂ ᠰᠢᠨ᠎ᠠ ᠳᠠᠪᠠᠯ ᠬᠤᠪᠴᠠᠰᠤ ᠨᠤᠭᠤᠳ ᠪᠠ ᠢᠡᠵᠢ ᠮᠠᠯ ᠤᠨᠤᠭ᠎ᠠ ᠪᠠᠨ ᠪᠦᠷᠢᠨ ᠪᠡᠯᠡᠳᠭᠡᠭᠰᠡᠨ ‍ᠤ ᠬᠠᠮᠲᠤ ᠬᠡᠤᠬᠡᠨ ᠮᠤᠷᠳᠠᠭᠤᠯᠬᠤ ᠦᠷᠦᠭᠡ ᠳ᠋ᠤ ᠪᠠᠨ ᠬᠡᠤᠬᠡᠨ ᠳᠠᠭᠠᠵᠤ ᠰᠠᠭᠤᠬᠤ ᠬᠡᠤᠬᠡᠡᠴᠤᠳ ᠢᠶᠡᠨ ᠬᠡᠤᠬᠡᠨ ‍ᠤ ᠤᠷᠳᠤᠭᠤᠷ ᠨᠢ ᠬᠠᠰᠢᠨ ᠰᠠᠭᠤᠯᠭᠠᠵᠤ ᠂ ᠡᠮᠦᠨ᠎ᠡ ᠨᠢ ᠰᠢᠷᠡᠭᠡ ᠵᠢᠭᠰᠠᠭᠠᠨ ᠲᠠᠯᠪᠢᠳᠠᠭ ᠃ ᠬᠦᠷᠭᠡᠨ ‍ᠤ ᠱᠠᠭᠠᠡᠳᠤ ᠬᠦᠷᠴᠦ ᠢᠷᠡᠬᠦ ᠦᠶ᠎ᠡ ᠳ᠋ᠤ ᠭᠡᠳᠦᠨ ᠮᠤᠷᠢ ᠲᠠᠢ ᠬᠦᠮᠦᠨ ‍ᠢ ᠤᠭᠲᠤᠭᠤᠯ ᠳ᠋ᠤ ᠶᠠᠪᠤᠭᠤᠯᠵᠤ ᠤᠭᠲᠤᠨ ᠠᠪᠴᠤ ᠢᠷᠡᠳᠡᠭ ᠃ ᠵᠠᠮ ᠳ᠋ᠤ ᠪᠠᠨ ᠬᠦᠷᠭᠡᠨ ‍ᠤ ᠱᠠᠭᠠᠡᠳᠤ ᠶ᠋ᠢᠨ ᠬᠦᠮᠦᠨ ‍ᠤ ᠮᠠᠯᠠᠭᠠᠢ ᠶ᠋ᠢ ᠪᠤᠯᠢᠶᠠᠬᠤ ᠭᠡᠵᠤ ᠲᠠᠭᠤᠳᠠᠭ ᠃ ᠱᠠᠭᠠᠡᠳᠤ ᠶ᠋ᠢᠨ ᠬᠦᠮᠦᠰ ᠬᠦᠷᠴᠦ ᠢᠷᠡᠭᠰᠡᠭᠡᠷ ᠬᠡᠤᠬᠡᠨ ‍ᠤ ᠲᠠᠯ᠎ᠠ ᠶ᠋ᠢᠨ ᠬᠡᠯᠡᠮᠦᠷᠴᠢ ᠨᠢ ᠡᠬᠦᠳᠡ ᠪᠠᠨ ᠬᠠᠭᠠᠵᠤ ᠵᠤᠭᠰᠤᠭᠠᠳ ᠄ 《 ᠲᠠ ᠶᠠᠭᠤᠨ ‍ᠤ ᠬᠦᠮᠦᠨ ᠪᠤᠢ ? ᠶᠠᠭᠤ ᠬᠢᠬᠦ ᠪᠠᠷ ᠢᠷᠡᠭᠰᠡᠨ ᠪᠤᠢ ? 》 ᠭᠡᠬᠦ ᠮᠡᠲᠦ ᠪᠠᠷ ᠠᠰᠠᠭᠤᠵᠤ ᠭᠠᠷᠲᠠᠭᠠᠵᠤ ᠠᠪᠬᠤ ᠭᠡᠵᠤ ᠠᠭᠠᠰᠢᠯᠠᠨ᠎ᠠ ᠃ ᠡᠨᠡ ᠦᠶ᠎ᠡ ᠳ᠋ᠤ ᠬᠦᠷᠭᠡᠨ ‍ᠤ ᠲᠠᠯ᠎ᠠ ᠶ᠋ᠢᠨ ᠬᠡᠯᠡᠮᠦᠷᠴᠢ ᠨᠢ ᠤᠭᠲᠤᠵᠤ ᠠᠪᠤᠭᠠᠳ ᠪᠡᠷᠢ ᠪᠠᠭᠤᠯᠭᠠᠵᠤ ᠠᠪᠬᠤ ᠪᠠᠷ ᠢᠷᠡᠭᠰᠡᠨ ᠤᠷᠤᠭ ᠲᠦᠷᠦ ᠶ᠋ᠢᠨ ᠶᠤᠰᠤ ᠤᠴᠢᠷ ᠢᠶᠡᠨ ᠤᠷᠠᠨ ᠲᠤᠳᠤ ᠤᠷᠤᠰᠤᠮ᠎ᠠ ᠰᠠᠶᠢᠬᠠᠨ ᠬᠠᠷᠢᠭᠤ ᠶᠠᠷᠢᠵᠦ ᠭᠠᠷᠲᠠᠭᠳᠠᠬᠤ ᠦᠭᠡᠢ ᠪᠠᠷ ᠭᠡᠷ ᠲᠤ ᠨᠢ ᠤᠷᠤᠳᠠᠭ ᠃ ᠬᠦᠪᠡᠬᠦᠨ ᠦᠭᠡᠢ ᠠᠶᠢᠯ ᠨᠢ ᠬᠡᠤᠬᠡᠨ ᠳ᠋ᠤ ᠪᠠᠨ ᠬᠦᠴᠦᠨ ᠬᠦᠷᠭᠡᠨ ᠠᠪᠴᠦ ᠭᠡᠷ ᠲᠤ ᠪᠠᠨ ᠪᠤᠭᠳᠤᠯᠠᠨ ᠭᠡᠷᠯᠡᠳᠡᠭ ᠶᠤᠮ ᠃
ᠬᠠᠳᠠᠮ ‍ᠤᠨ ᠬᠢᠨᠢ ᠬᠦᠷᠭᠡᠨ ᠢᠶᠡᠨ ᠳᠠᠭᠠᠭᠤᠯᠵᠤ ᠪᠤᠷᠬᠠᠨ ᠳ᠋ᠤ ᠪᠠᠨ ᠮᠦᠷᠬᠦᠬᠦᠯᠵᠦ ᠂ ᠬᠡᠤᠬᠡᠨ ‍ᠤ ᠡᠪᠦᠭᠡ ᠡᠮᠡᠬᠡ ᠂ ᠡᠴᠢᠬᠡ ᠡᠭᠡ ᠲᠡᠷᠢᠬᠦᠯᠡᠨ ᠲᠦᠷᠦᠯ ᠰᠠᠲᠤᠨ ‍ᠤ ᠬᠢᠨᠢ ᠠᠬᠠᠰ ᠵᠠᠬᠠᠰ ᠪᠦᠬᠦᠨ ᠳ᠋ᠤ ᠤᠴᠠᠷᠠᠭᠤᠯᠤᠨ ᠠᠷᠢᠬᠢ ᠪᠠᠷᠢᠭᠤᠯᠵᠤ ᠪᠠᠷᠠᠭᠰᠠᠨ ‍ᠤ ᠳᠠᠷᠠᠭ᠎ᠠ ᠂ ᠵᠠᠯᠭᠠᠭᠠᠳ ᠪᠠᠵᠠᠭᠠᠭᠰᠠᠨ ᠬᠤᠷᠢᠮ ‍ᠤᠨ ᠰᠢᠷᠡᠭᠡ ᠪᠠᠨ ᠵᠢᠭᠰᠠᠭᠠᠨ ᠰᠢᠬᠦᠰᠦ ᠲᠠᠯᠪᠢᠬᠤ ᠪᠤᠶᠤ ᠨᠠᠢᠮᠠᠨ ᠠᠶᠠᠭ᠎ᠠ ᠨᠠᠢᠮᠠᠨ ᠲᠠᠪᠠᠭ ᠵᠤᠭᠤᠭ ᠭᠠᠷᠭᠠᠵᠤ ᠳᠤᠮᠳᠠ ᠨᠢ ᠪᠠᠰᠠ ᠬᠠᠯᠠᠭᠤᠨ ᠲᠤᠭᠤᠭ᠎ᠠ ᠲᠠᠯᠪᠢᠵᠦ ᠂ ᠢᠷᠡᠭᠰᠡᠨ ᠬᠦᠡᠳᠦᠳᠦ ᠵᠤᠴᠢᠳ ᠪᠠ ᠭᠡᠷ ‍ᠤᠨ ᠠᠬᠠᠮᠠᠳ ᠢᠶᠡᠨ ᠰᠢᠷᠡᠭᠡ ᠳᠦᠬᠦᠷᠲᠡᠯ᠎ᠡ ᠰᠠᠭᠤᠯᠭᠠᠵᠤ ᠂ ᠪᠦᠬᠦ ᠬᠤᠷᠢᠮ ‍ᠤᠨ ᠰᠢᠷᠡᠭᠡᠨ ᠳᠡᠭᠡᠷ᠎ᠡ ᠳᠦᠬᠦᠷᠲᠡᠯ᠎ᠡ ᠰᠠᠭᠤᠯᠭᠠᠨ᠎ᠠ ᠃ ᠳᠠᠷᠠᠭ᠎ᠠ ᠨᠢ ᠭᠤᠤᠯ ᠰᠢᠷᠡᠭᠡ ᠶ᠋ᠢᠨ ᠲᠦᠷᠦᠬᠦᠦ ᠨᠤᠶᠠᠨ ᠡᠴᠠ ᠡᠬᠢᠯᠡᠨ ᠪᠦᠬᠦ ᠰᠢᠷᠡᠭᠡ ᠶ᠋ᠢ ᠳᠠᠷᠠᠭᠠᠯᠠᠨ ᠳᠠᠭᠤᠰᠲᠠᠯ᠎ᠠ ᠰᠢᠨ᠎ᠡ ᠬᠦᠷᠭᠡᠨ ᠢᠶᠠᠷ ᠢᠶᠡᠨ ᠴᠤᠮᠴᠤᠶᠢᠯᠭᠠᠨ ᠪᠠᠶᠢᠵᠤ ᠠᠷᠢᠬᠢ ᠪᠠᠷᠢᠭᠤᠯᠳᠠᠭ ᠃ ᠳᠠᠷᠠᠭ᠎ᠠ ᠨᠢ ᠬᠦᠷᠭᠡᠨ ᠢᠶᠡᠨ ᠬᠡᠤᠬᠡᠨ ‍ᠤ ᠮᠤᠷᠳᠠᠬᠤ ᠭᠡᠷ ᠲᠤ ᠤᠷᠤᠭᠤᠯᠵᠤ ᠲᠠᠭᠠᠵᠤ ᠰᠠᠭᠤᠭᠰᠠᠨ ᠬᠡᠤᠬᠡᠡᠴᠤᠳ ‍ᠤᠨ ᠡᠮᠦᠨ᠎ᠡ ᠵᠢᠭᠰᠠᠭᠠᠨᠰᠠᠨ ᠰᠢᠷᠡᠭᠡᠨ ᠳᠡᠭᠡᠷ᠎ᠡ ᠲᠤᠮᠤ ᠮᠤᠳᠤᠨ ᠲᠠᠪᠠᠭ ᠲᠤ ᠬᠤᠨᠢᠨ ᠰᠡᠬᠦᠯ ‍ᠤᠨ ᠬᠤᠶᠠᠷ ᠲᠠᠯ᠎ᠠ ᠬᠡᠰᠡᠭ ‍ᠢ ᠲᠠᠰᠤᠯᠬᠤ ᠦᠭᠡᠢ ᠪᠠᠷ ᠬᠠᠰᠢᠨ ᠵᠦᠰᠦᠵᠦ ᠂ ᠰᠡᠬᠦᠯ ᠳᠡᠭᠡᠷ᠎ᠡ ᠨᠢ ᠬᠦᠡᠳᠡᠯᠡᠨ ᠰᠤᠯᠢᠪᠴᠢᠭᠤᠯᠤᠨ ᠲᠠᠯᠪᠢᠵᠤ ᠂ ᠰᠡᠬᠦᠯ ‍ᠤᠨ ᠳᠡᠭᠡᠷ᠎ᠡ ᠵᠤᠵᠠᠭᠠᠨ ᠦᠭᠡᠬᠦ ᠡᠴᠠ ᠨᠢ ᠬᠠᠯᠢᠨ ᠠᠪᠴᠦ ᠠᠮᠠᠨ ᠳ᠋ᠤ ᠪᠠᠨ ᠬᠢᠵᠦ ᠂ ᠳᠠᠷᠠᠭᠠᠴᠢ ᠶ᠋ᠢᠨ ᠬᠢ ᠶ᠋ᠢ ᠨᠢ ᠲᠠᠪᠠᠭ ᠲᠤ ᠬᠢᠨ᠎ᠠ ᠃ ᠢᠡᠭᠬᠢᠵᠦ ᠬᠦᠷᠭᠡᠨ ᠦᠪᠡᠷ ᠢᠶᠡᠨ ᠭᠤᠷᠪᠠᠨ ᠤᠳᠠᠭ᠎ᠠ ᠠᠪᠴᠤ ᠠᠮᠰᠠᠨ ᠂ ᠲᠠᠪᠠᠭ ᠲᠤ ᠪᠠᠰᠠ ᠭᠤᠷᠪᠠᠨ ᠭᠡᠰᠡᠭ ᠬᠢᠵᠦ ᠬᠡᠤᠬᠡᠨ ᠳ᠋ᠤ ᠦᠯᠡᠳᠡᠭᠡᠵᠦ ᠦᠭᠭᠦᠨ᠎ᠡ ᠃ ᠱᠠᠭᠠᠡᠲᠤ ᠴᠢᠮᠦᠭᠡ ᠶ᠋ᠢ ᠨᠢ ᠠᠪᠴᠤ ᠲᠤᠢ ᠪᠤᠷᠪᠢ ᠪᠠᠷ ᠨᠢ ᠡᠷᠬᠢᠬᠦᠯᠤᠨ ᠳᠠᠷᠤᠭᠠᠳ ᠱᠠᠭ᠎ᠠ ᠶ᠋ᠢ ᠨᠢ ᠠᠪᠴᠤ ᠂ ᠰᠤᠶᠢᠷᠠᠭᠰᠠᠨ ᠬᠠᠪᠳᠠᠭ᠎ᠠ ᠳ᠋ᠤ ᠪᠠᠨ ᠬᠢᠵᠦ ᠠᠪᠳᠠᠭ ᠃ ᠳᠠᠷᠠᠭ᠎ᠠ ᠨᠢ ᠬᠡᠤᠬᠡᠨ ᠳᠠᠭᠠᠵᠤ ᠰᠠᠭᠤᠭᠰᠠᠨ ᠬᠡᠤᠬᠡᠡᠴᠤᠳ ᠲᠤ ᠬᠦᠬᠦᠷ ᠢᠶᠡᠨ ᠭᠠᠷᠭᠠᠨ ᠵᠠᠬ᠎ᠠ ᠳᠠᠷᠠᠭᠠᠯᠠᠨ ᠨᠢᠭᠡᠳ ᠨᠢᠭᠡ ᠪᠠᠷ ᠴᠤᠮᠴᠤᠶᠢᠨ ᠳᠠᠮᠠᠬᠢ ᠪᠠᠷᠢᠳᠠᠭ ᠶᠤᠮ ᠃ ᠬᠡᠤᠬᠡᠨ ‍ᠢ ᠳᠠᠭᠠᠵᠤ ᠰᠠᠭᠤᠭᠰᠠᠨ ᠬᠡᠤᠬᠡᠡᠴᠤᠳ ᠨᠢ ᠬᠦᠷᠭᠡᠨ ‍ᠢ ᠱᠠᠯᠠᠵᠤ ᠬᠦᠬᠦᠷ ᠪᠤᠶᠤ ᠬᠦᠬᠦᠷ ‍ᠤᠨ ᠤᠷᠤᠢ ᠶ᠋ᠢ ᠨᠢ ᠪᠤᠯᠢᠶᠠᠳᠠᠭ ᠶᠤᠰᠤᠲᠠᠢ ᠲᠤᠯᠨ ᠬᠦᠷᠭᠡᠨ ᠳᠠᠭᠠᠭᠰᠠᠨ ᠬᠦᠮᠦᠨ ᠨᠢ ᠬᠦᠷᠭᠡᠨ ‍ᠤ ᠬᠦᠬᠦᠷ ‍ᠤᠨ ᠤᠷᠤᠢ ᠶ᠋ᠢ ᠨᠢ ᠴᠢᠡᠭᠭ᠎ᠠ ᠰᠢᠬᠢᠳᠭᠡᠨ ᠦᠭᠴᠦ ᠪᠠᠷᠢᠭᠤᠯᠳᠠᠭ ᠃ ᠬᠦᠷᠭᠡᠨ ᠴᠤ ᠪᠤᠯᠢᠶᠠᠭᠳᠠᠬᠤ ᠡᠴᠠ ᠬᠢᠴᠢᠶᠡᠵᠦ ᠬᠦᠬᠦᠷ ᠢᠶᠡᠨ ᠬᠤᠶᠠᠷ ᠡᠷᠡᠬᠡᠢ ᠬᠤᠷᠤᠭᠤ ᠪᠠᠷ ᠢᠶᠡᠨ ᠴᠢᠡᠭᠭ᠎ᠠ ᠬᠠᠪᠴᠢᠨ ᠪᠠᠷᠢᠳᠠᠭ ᠃ ᠬᠡᠷᠪᠡ ᠡᠡᠳᠡᠭᠡᠳ ᠪᠤᠯᠢᠶᠠᠭᠳᠠᠴᠢᠬᠠᠪᠠᠯ ᠳᠠᠬᠢᠨ ᠴᠤᠮᠴᠤᠶᠢᠨ ᠠᠷᠢᠬᠢ ᠪᠠᠷᠢᠵᠦ ᠪᠠᠶᠢᠭᠠᠳ ᠬᠦᠬᠦᠷ ᠢᠶᠡᠨ ᠪᠤᠶᠤ ᠬᠦᠬᠦᠷ ‍ᠤᠨ ᠤᠷᠤᠢ ᠪᠠᠨ ᠭᠤᠶᠤᠵᠤ ᠠᠪᠳᠠᠭ ᠶᠤᠰᠤᠲᠠᠢ ᠶᠤᠮ ᠃ ᠡᠬᠦᠨ ‍ᠤ ᠳᠠᠷᠠᠭ᠎ᠠ ᠬᠡᠤᠬᠡᠨ ‍ᠤ ᠪᠡᠷᠭᠡᠳ ᠨᠢ ᠭᠠᠷᠴᠦ ᠢᠷᠡᠭᠡᠳ ᠬᠦᠷᠭᠡᠨ ᠬᠤᠪᠴᠠᠰᠤᠯᠠᠭᠤᠯᠵᠤ ᠂ ᠰᠤᠮᠤᠨ ᠠᠯᠴᠢᠭᠤᠷ ᠬᠠᠪᠳᠠᠭ᠎ᠠ ᠵᠡᠬᠦᠯᠭᠡᠵᠦ ᠂ ᠰᠢᠨ᠎ᠡ ᠭᠤᠳᠤᠯ ᠡᠮᠦᠰᠭᠡᠳᠡᠭ ᠃ ᠭᠡᠷᠪᠡ ᠭᠤᠳᠤᠯ ᠨᠢ ᠡᠮᠦᠰᠴᠦ ᠪᠠᠭᠲᠠᠬᠤ ᠦᠭᠡᠢ ᠰᠢᠬᠠᠭᠤᠳᠠᠪᠠᠯ ᠂ ᠦᠨᠦᠬᠢ ᠪᠡᠷᠭᠡᠳ ᠨᠢ ᠄ 《 ᠬᠦᠶᠢ ᠂ ᠡᠨᠡ ᠴᠢᠨᠢ ᠬᠦᠮᠦᠨ ᠲᠦᠷᠦᠭᠰᠡᠨ ᠦᠭᠡᠢ ᠬᠦᠯ ᠲᠦᠷᠦᠴᠢᠬᠡᠭᠰᠡᠨ ᠪᠠᠶᠢᠨ᠎ᠠ ᠳ᠋ᠠ 》 ᠭᠡᠵᠤ ᠲᠤᠭᠤᠬᠢᠯᠠᠳᠠᠭ ᠃
ᠬᠡᠤᠬᠡᠨ ᠮᠤᠷᠳᠠᠭᠤᠯᠬᠤ ᠴᠠᠭ ᠲᠤᠯᠤᠭᠰᠠᠭᠠᠷ ᠳᠠᠭᠠᠵᠤ ᠰᠠᠭᠤᠭᠰᠠᠨ ᠬᠡᠤᠬᠡᠡᠴᠤᠳ ᠨᠢ ᠮᠤᠷᠳᠠᠬᠤ ᠬᠡᠤᠬᠡᠨ ‍ᠤ ᠬᠠᠮᠲᠤ ᠳᠠᠭᠤ ᠲᠠᠯᠪᠢᠨ ᠤᠬᠢᠯᠠᠵᠤ ᠂ ᠲᠠᠯᠪᠢᠯ ᠦᠭᠡᠢ ᠰᠢᠷᠢᠯᠳᠦᠨ ᠵᠠᠭᠤᠷᠠᠯᠳᠤᠬᠤ ᠦᠶ᠎ᠡ ᠳ᠋ᠤ ᠬᠠᠵᠠᠭᠤ ᠶ᠋ᠢᠨ ᠪᠡᠷᠭᠡᠳ ᠨᠢ ᠮᠤᠷᠳᠠᠬᠤ ᠬᠡᠤᠬᠡᠨ ‍ᠤ ᠬᠤᠶᠠᠷ ᠲᠠᠯ᠎ᠠ ᠡᠴᠠ ᠨᠢ ᠰᠤᠭᠤᠳᠠᠨ ᠰᠠᠯᠭᠠᠵᠤ ᠠᠪᠤᠭᠠᠳ ᠬᠦᠷᠭᠡᠬᠦ ᠲᠡᠷᠭᠡᠨ ᠳ᠋ᠤ ᠰᠠᠭᠤᠯᠭᠠᠬᠤ ᠪᠤᠶᠤ ᠮᠤᠷᠢ ᠤᠨᠤᠭᠤᠯᠵᠤ ᠬᠦᠷᠭᠡᠨ ‍ᠤ ᠬᠠᠮᠲᠤ ᠮᠤᠷᠳᠠᠭᠤᠯᠤᠨ ᠂ ᠬᠡᠤᠬᠡᠨ ᠬᠦᠷᠭᠡᠬᠦ ᠤᠯᠤᠰ ᠨᠢ ᠮᠤᠷᠢ ᠤᠨᠤᠭ᠎ᠠ ᠂ ᠲᠡᠷᠭᠡ ᠬᠦᠰᠭᠡ ᠪᠠᠷ ᠬᠠᠮᠲᠤ ᠬᠦᠷᠭᠡᠵᠦ ᠤᠴᠢᠳᠠᠭ ᠃ ᠬᠦᠷᠭᠡᠭᠰᠡᠨ ᠤᠯᠤᠰ ᠨᠢ ᠬᠦᠷᠴᠦ ᠢᠷᠡᠭᠰᠡᠨ ‍ᠤ ᠰᠡᠬᠦᠯᠡᠷ ᠂ ᠬᠦᠷᠭᠡᠨ ‍ᠤ ᠲᠠᠯ᠎ᠠ ᠶ᠋ᠢᠨ ᠪᠡᠷᠭᠡᠳ ᠨᠢ ᠲᠤᠰᠴᠦ ᠠᠪᠤᠭᠠᠳ ᠂ ᠪᠡᠷᠢ ᠪᠠᠨ ᠪᠠᠭᠤᠯᠭᠠᠵᠤ ᠨᠢᠭᠤᠷ ‍ᠢ ᠨᠢ ᠪᠦᠲᠡᠭᠡᠵᠦ ᠲᠦᠰᠢᠨ ᠤᠷᠤᠭᠤᠯᠤᠨ᠎ᠠ ᠃ ᠶᠠᠭᠤᠨ ‍ᠤ ᠡᠮᠦᠨ᠎ᠡ ᠪᠤᠷᠬᠠᠨ ᠳ᠋ᠤ ᠪᠠᠨ ᠮᠦᠷᠬᠦᠬᠦᠯᠵᠦ ᠂ ᠬᠦᠷᠭᠡᠨ ‍ᠤ ᠲᠠᠯ᠎ᠠ ᠶ᠋ᠢᠨ ᠵᠠᠯᠠᠵᠤ ᠳᠤᠬᠢᠷᠠᠭᠤᠯᠤᠭᠰᠠᠨ ᠮᠦᠷᠬᠦᠬᠦᠯᠦᠭᠰᠡᠨ ᠠᠪᠤ᠋ ᠨᠢ ᠭᠠᠷᠴᠦ ᠢᠷᠡᠭᠡᠳ ᠬᠠᠳᠬᠤᠭᠤᠷ ᠢᠶᠠᠷ ᠮᠦᠷᠬᠦᠬᠦᠯᠦᠭᠰᠡᠨ ᠬᠡᠤᠬᠡᠨ ‍ᠤ ᠪᠠᠨ ᠦᠰᠦ ( ᠬᠡᠵᠢᠭᠡ ) ᠶ᠋ᠢ ᠨᠢ ᠬᠠᠭᠠᠯᠤᠨ ᠦᠭᠴᠦ ᠂ ᠰᠦᠢᠭᠡ ᠵᠡᠬᠦᠯᠭᠡᠨ ᠂ ᠬᠠᠳᠬᠤᠭᠤᠷ ᠬᠠᠳᠬᠤᠵᠤ ᠂ ᠲᠠᠲᠠᠭᠤᠷ ᠲᠠᠲᠠᠭᠤᠯᠤᠨ ᠪᠡᠷᠢ ᠪᠤᠯᠭᠠᠨ ᠵᠠᠰᠠᠵᠤ ᠴᠢᠮᠡᠭᠯᠡᠨ᠎ᠡ ᠃ ᠳᠠᠷᠠᠭ᠎ᠠ ᠨᠢ ᠪᠡᠷᠢ ᠮᠦᠷᠬᠦᠬᠦᠯᠬᠦ ᠶᠤᠰᠤᠯᠠᠯ ᠶᠠᠪᠤᠭᠤᠯᠵᠤ ᠂ ᠬᠠᠳᠠᠮ ᠡᠵᠢ ᠠᠪᠤ᠋ ᠲᠠᠢ ᠨᠢ ᠵᠤᠯᠭᠠᠭᠤᠯᠬᠤ ᠦᠶ᠎ᠡ ᠳ᠋ᠤ ᠰᠢᠨ᠎ᠡ ᠪᠡᠷᠢ ᠨᠢ ᠪᠡᠯᠡᠳᠭᠡᠵᠦ ᠢᠷᠡᠭᠰᠡᠨ ᠭᠤᠳᠤᠯ ᠱᠠᠬᠠᠢ ᠪᠠᠨ ᠡᠮᠦᠨ᠎ᠡ ᠨᠢ ᠪᠡᠯᠡᠭ ᠲᠤ ᠲᠠᠯᠪᠢᠨ ᠮᠦᠷᠬᠦᠳᠡᠭ ᠃ ᠬᠦᠷᠭᠡᠨ ‍ᠤ ᠪᠠᠨ ᠪᠤᠰᠤᠳ ᠠᠬ᠎ᠠ ᠳᠡᠬᠦᠦ ᠂ ᠡᠭᠡᠴᠢ ᠦᠬᠢᠨ ᠳᠡᠬᠦᠦ ᠨᠠᠷ ᠲᠤ ᠨᠢ ᠴᠤ ᠴᠦᠮ ᠪᠡᠯᠡᠭ ᠲᠠᠯ᠎ᠠ ᠲᠠᠢ ᠶᠤᠮ ᠃
ᠵᠠᠯᠭᠠᠭᠠᠳ ᠬᠤᠷᠢᠮ ‍ᠤᠨ ᠰᠢᠷᠡᠭᠡ ᠵᠠᠰᠠᠵᠤ ᠂ ᠰᠢᠬᠦᠰᠦ ᠪᠤᠶᠤ ᠨᠠᠢᠮᠠᠨ ᠠᠶᠠᠭ᠎ᠠ ᠨᠠᠢᠮᠠᠨ ᠲᠠᠪᠠᠭ ᠵᠤᠭᠤᠭ ᠭᠠᠷᠭᠠᠵᠤ ᠂ ᠳᠤᠮᠳᠠ ᠨᠢ ᠬᠠᠯᠠᠭᠤᠨ ᠲᠤᠭᠤᠭ᠎ᠠ ᠭᠠᠷᠭᠠᠨ ᠲᠠᠯᠪᠢᠵᠦ ᠂ ᠭᠤᠤᠯ ᠰᠢᠷᠡᠭᠡᠨ ᠳᠡᠭᠡᠷ᠎ᠡ ᠪᠠᠨ ᠲᠦᠷᠦᠬᠦᠦ ᠨᠤᠶᠠᠨ ᠢᠶᠠᠷ ᠵᠠᠯᠠᠭᠰᠠᠨ ᠲᠠᠶᠢᠵᠢ ᠭᠠᠷᠤᠯ ᠲᠠᠢ ᠠᠬᠠᠮᠠᠳ ᠢᠶᠡᠨ ᠲᠦᠪ ᠳᠤᠮᠳᠠ ᠨᠢ ᠰᠠᠭᠤᠯᠭᠠᠵᠤ ᠂ ᠬᠡᠤᠬᠡᠨ ᠬᠦᠷᠭᠡᠨ ᠢᠷᠡᠭᠰᠡᠨ ᠬᠤᠲᠠ ᠶ᠋ᠢᠨ ᠲᠠᠯ᠎ᠠ ᠶ᠋ᠢᠨ ᠡᠷᠬᠢᠮ ᠵᠤᠴᠢᠳ ᠪᠠ ᠲᠦᠷᠦᠯ ᠰᠠᠲᠤᠨ ‍ᠤ ᠪᠠᠨ ᠠᠬᠠᠰ ᠵᠠᠬᠠᠰ ᠶᠢᠰᠦᠨ ᠬᠦᠮᠦᠨ ‍ᠤ ᠬᠠᠮᠲᠤ ᠰᠠᠭᠤᠯᠭᠠᠵᠤ ᠂ ᠪᠤᠰᠤᠳ ᠵᠤᠴᠢᠳ ‍ᠢ ᠪᠦᠬᠦᠶᠢᠯᠨ ᠬᠤᠷᠢᠮ ‍ᠤᠨ ᠰᠢᠷᠡᠭᠡ ᠪᠠᠨ ᠳᠦᠬᠦᠷᠲᠡᠯ᠎ᠡ ᠰᠠᠭᠤᠯᠭᠠᠨ᠎ᠠ ᠃ ᠳᠠᠷᠠᠭ᠎ᠠ ᠨᠢ ᠠᠷᠢᠬᠢ ᠭᠡᠮᠨᠡᠵᠦ ᠰᠢᠨ᠎ᠠ ᠬᠦᠷᠭᠡᠨ ᠰᠢᠨ᠎ᠡ ᠪᠡᠷᠢ ᠨᠢ ᠭᠤᠤᠯ ᠰᠢᠷᠡᠭᠡ ᠶ᠋ᠢᠨ ᠲᠦᠷᠦᠬᠦᠦ ᠨᠤᠶᠠᠨ ᠡᠴᠠ ᠡᠬᠢᠯᠡᠵᠦ ᠂ ᠳᠠᠷᠠᠭᠠᠯᠠᠨ ᠪᠦᠬᠦ ᠰᠢᠷᠡᠭᠡᠨ ‍ᠤ ᠵᠤᠴᠢᠳ ᠲᠤ ᠪᠠᠨ ᠠᠷᠢᠬᠢ ᠪᠠᠷᠢᠵᠦ ᠬᠤᠷᠢᠮ ᠡᠬᠢᠯᠡᠬᠦᠯᠦᠨ᠎ᠠ ᠃ ᠰᠢᠷᠡᠭᠡ ᠪᠤᠯᠭᠠᠨ ᠳ᠋ᠤ ᠳᠤᠬᠢᠷᠠᠭᠤᠯᠤᠭᠰᠠᠨ ᠵᠤᠴᠢᠯᠠᠭᠰᠠᠳ ᠨᠢ ᠠᠬᠢᠨ ᠳᠠᠬᠢᠨ ᠠᠷᠢᠬᠢ ᠪᠠᠷᠢᠵᠤ ᠪᠠᠶᠢᠭᠠᠳ ᠵᠠᠪᠠᠯ ᠬᠠᠨᠤᠲᠠᠯ᠎ᠠ ᠤᠤᠭᠤᠯᠭᠠᠨ᠎ᠠ ᠂ ᠢᠯᠠᠡᠭᠭᠤᠶ᠎ᠠ ᠬᠡᠤᠬᠡᠨ ᠬᠦᠷᠭᠡᠵᠦ ᠢᠷᠡᠭᠰᠡᠨ ᠡᠷᠬᠢᠮ ᠵᠤᠴᠢᠳ ᠢᠶᠡᠨ ᠬᠡᠯᠡᠬᠦ ᠦᠭᠡ ᠡᠷᠢᠬᠦ ᠰᠡᠪ ᠦᠭᠡᠢ ᠪᠤᠯᠲᠠᠯ᠎ᠠ ᠬᠡᠯᠨ ᠦᠭᠡᠢ ᠰᠤᠭᠲᠤᠭᠠᠵᠤ ᠂ ᠭᠡᠳᠡᠶᠢᠵᠦ ᠢᠷᠡᠭᠰᠡᠨ ᠬᠡᠶᠢᠴᠢᠨ ᠢᠶᠡᠨ ᠪᠦᠬᠦᠶᠢᠯᠭᠡᠨ ᠭᠠᠷᠭᠠᠵᠤ ᠮᠤᠷᠳᠠᠭᠤᠯᠬᠤ ᠭᠡᠵᠤ ᠰᠦᠷᠡᠭᠡᠢ ᠱᠠᠯᠠᠨ ᠵᠤᠴᠢᠯᠠᠳᠠᠭ ᠃
ᠬᠡᠤᠬᠡᠨ ᠬᠦᠷᠭᠡᠵᠦ ᠢᠷᠡᠭᠰᠡᠨ ᠵᠤᠴᠢᠨ ᠨᠢ ᠬᠤᠷᠢᠮ ‍ᠤᠨ ᠰᠢᠷᠡᠭᠡᠨ ᠡᠴᠠ ᠪᠠᠭᠤᠵᠤ ᠪᠤᠴᠠᠬᠤ ᠳ᠋ᠤ ᠪᠠᠨ ᠲᠦᠷᠦᠯ ᠰᠠᠲᠤᠨ ‍ᠤ ᠪᠠᠨ ᠲᠤᠳᠤᠷ᠎ᠠ ᠡᠴᠠ ᠨᠢᠭᠡᠨ ᠬᠦᠡᠳᠦᠲᠠᠢ ᠬᠠᠰᠢᠷ ᠲᠤᠬᠢ ᠡᠮᠡᠭᠲᠡᠢ ᠶ᠋ᠢ ᠦᠯᠡᠳᠡᠭᠡᠵᠦ ᠂ ᠬᠡᠤᠬᠡᠨ ᠢᠶᠡᠨ ᠳᠠᠭᠠᠭᠤᠯᠤᠨ ᠰᠠᠭᠤᠯᠭᠠᠵᠤ ᠂ ᠬᠡᠤᠬᠡᠨ ᠬᠦᠷᠭᠡᠨ ᠬᠤᠶᠠᠭᠤᠯᠨ ᠶ᠋ᠢ ᠵᠤᠬᠢᠴᠠᠭᠤᠯᠬᠤ ᠶᠠᠪᠤᠳᠠᠯ ‍ᠢ ᠮᠡᠳᠡᠬᠦᠯᠳᠡᠭ ᠃ ᠵᠤᠴᠢᠳ ᠨᠢ ᠪᠤᠴᠠᠬᠤ ᠦᠶ᠎ᠡ ᠳ᠋ᠤ ᠪᠠᠨ ᠪᠠᠰᠠ ᠮᠤᠷᠳᠠᠭᠤᠯᠬᠤ ᠠᠷᠢᠬᠢᠨ ᠬᠤᠷᠢᠮ ᠲᠠᠯᠪᠢᠵᠤ ᠳᠦᠬᠦᠮ ᠰᠢᠷᠡᠭᠡ ᠵᠠᠰᠠᠨ ᠂ ᠲᠦᠷᠦᠭᠡ ᠴᠢᠡᠭᠭᠠᠯᠠᠬᠤ ᠠᠷᠢᠬᠢ ᠭᠡᠵᠤ ᠵᠠᠪᠠᠯ ᠭᠤᠷᠪᠠᠨ ᠬᠤᠡᠳᠠᠭ᠎ᠠ ᠡᠴᠠ ᠳᠡᠭᠡᠭᠰᠢ ᠤᠤᠭᠤᠯᠭᠠᠬᠤ ᠶᠤᠰᠤᠲᠠᠢ ᠪᠠᠶᠢᠭᠰᠠᠨ ᠶᠤᠮ ᠃
ᠬᠤᠷᠢᠮ ᠲᠠᠷᠬᠠᠭᠰᠠᠨ ᠬᠤᠶᠢᠨ᠎ᠠ ᠂ ᠬᠠᠳᠠᠮ ᠡᠵᠢ ᠨᠢ ᠪᠠᠰᠠ ᠰᠢᠨ᠎ᠡ ᠪᠡᠷᠢ ᠳ᠋ᠤ ᠪᠠᠨ ᠭᠠᠯ ᠤᠰᠤ ᠂ ᠲᠤᠭᠤᠭ᠎ᠠ ᠲᠤᠯᠭ᠎ᠠ ᠡᠴᠠ ᠡᠬᠢᠯᠡᠨ ᠮᠠᠯ ᠤᠨᠤᠭ᠎ᠠ ᠂ ᠬᠦᠷᠢᠶ᠎ᠠ ᠬᠠᠰᠢᠶ᠎ᠠ ᠂ ᠲᠦᠯᠡᠭᠡ ᠮᠤᠳᠤ ᠬᠦᠷᠲᠡᠯᠡᠬᠢ ᠠᠮᠢᠳᠤᠷᠠᠯ ‍ᠤᠨ ᠪᠠᠶᠢᠳᠠᠭ ᠶᠠᠪᠤᠳᠠᠯ ᠤᠴᠢᠷ ‍ᠢ ᠲᠤᠰᠢᠶᠠᠬᠤ ᠶ᠋ᠢᠨ ᠬᠠᠮᠲᠤ ᠡᠷᠦᠬᠡ ᠭᠡᠷ ‍ᠤᠨ ᠢᠶᠡᠨ ᠡᠯᠦᠡᠴᠡ ᠬᠤᠯᠤᠡᠴᠡ ᠶ᠋ᠢᠨ ᠠᠯᠳᠠᠷ ᠨᠡᠷ᠎ᠡ ᠳ᠋ᠤ ᠨᠢ ᠬᠤᠯᠪᠤᠭᠳᠠᠬᠤ ᠴᠡᠭᠡᠷ ᠲᠠᠢ ᠦᠡᠭᠭᠡ ᠶ᠋ᠢ ᠲᠤᠰᠢᠶᠠᠵᠤ ᠦᠭᠳᠡᠭ ᠃ ᠵᠢᠱᠢᠶᠡᠯᠡᠪᠡᠯ ᠂ ᠴᠠᠭᠠᠨ ‍ᠢ ᠬᠢᠯᠤᠭᠠᠨ ᠂ ᠤᠯᠠᠭᠠᠨ ‍ᠢ ᠵᠢᠯᠠᠭᠠᠨ ᠂ ᠬᠠᠷ᠎ᠠ ᠶ᠋ᠢ ᠪᠠᠷᠠᠭᠠᠨ ᠪᠤᠶᠤ ᠭᠠᠬᠤᠷ ᠂ ᠰᠢᠷ᠎ᠠ ᠶ᠋ᠢ ᠠᠡᠭᠬᠢᠷ ᠂ ᠪᠤᠬ᠎ᠠ ᠶ᠋ᠢ ᠠᠰᠠᠮᠠᠭ ᠭᠡᠵᠤ ᠴᠡᠭᠡᠷᠯᠡᠨ ᠬᠡᠯᠡᠬᠦ ᠮᠡᠲᠦ ᠃
ᠭᠤᠷᠪᠠ ᠬᠤᠨᠤᠭ ‍ᠤᠨ ᠳᠠᠷᠠᠭ᠎ᠠ ᠭᠤᠷᠪᠠᠨ ᠬᠤᠨᠤᠭ ‍ᠤᠨ ᠡᠷᠬᠢᠯᠲᠡ ᠭᠡᠵᠤ ᠂ ᠪᠡᠷᠢ ᠶ᠋ᠢᠨ ᠳᠦᠷᠬᠦᠮ ‍ᠤᠨ ᠬᠢᠨᠢ ᠪᠤᠤᠪᠤ᠋ ᠱᠤᠤᠪᠢᠡᠭ ᠂ ᠮᠢᠬ᠎ᠠ ᠱᠦᠯᠦ ᠪᠠ ᠬᠡᠤᠬᠡᠨ ‍ᠤ ᠪᠠᠨ ᠳᠤᠷᠠᠲᠠᠢ ᠢᠳᠡᠭᠡᠨ ᠤᠮᠳᠠᠭᠠᠨ ‍ᠢ ᠠᠪᠴᠢᠷᠠᠵᠤ ᠡᠷᠬᠢᠳᠡᠭ ᠪᠢᠯᠨ ᠃

          ᠮᠠᠯ ᠤᠨᠤᠭ᠎ᠠ ᠰᠡᠲᠡᠷᠯᠡᠨ ᠤᠡᠭᠭᠤᠨ ᠤᠷᠤᠭ᠎ᠠ ᠲᠠᠯᠪᠢᠳᠠᠭ ᠵᠠᠡᠭᠰᠢᠯ

       ᠤᠡᠴᠠ ᠬᠠᠶᠢᠷᠠᠲᠠᠢ ᠮᠠᠯ ᠪᠤᠶᠤ ᠤᠡᠴᠠᠭᠠᠢ ᠵᠢᠰᠦᠮ ‍ᠤᠨ ᠮᠠᠯ ‍ᠤᠨ ᠢᠶᠡᠨ ᠬᠦᠵᠦᠬᠦᠨ ᠳ᠋ᠤ ᠪᠦᠰ ‍ᠤᠨ ᠰᠡᠲᠡᠷ ᠲᠠᠲᠠᠨ ᠤᠡᠭᠭᠤᠯᠠᠵᠤ ᠲᠠᠯᠪᠢᠳᠠᠭ ᠃ ᠵᠢᠱᠢᠶᠡᠯᠡᠪᠡᠯ ᠄ ᠤᠡᠭᠭᠤᠨ ᠠᠵᠢᠷᠭ᠎ᠠ ᠶ᠋ᠢᠨ ᠳᠡᠯ ᠰᠡᠬᠦᠯ ‍ᠢ ᠬᠠᠶᠢᠴᠢᠯᠠᠬᠤ ᠦᠭᠡᠢ ᠂ ᠤᠨᠤᠵᠤ ᠪᠠᠰᠠ ᠪᠤᠯᠬᠤ ᠦᠭᠡᠢ ᠂ ᠤᠡᠭᠭᠤᠨ ᠦᠨᠢᠶ᠎ᠡ ᠶ᠋ᠢ ᠰᠠᠭᠠᠬᠤ ᠦᠭᠡᠢ ᠂ ᠠᠯᠠᠬᠤ ᠦᠭᠡᠢ ᠂ ᠬᠤᠳᠠᠯᠳᠤᠬᠤ ᠦᠭᠡᠢ ᠃ ᠵᠢᠭᠠᠯ ᠪᠤᠶᠤ ᠤᠷᠤᠭ ᠢᠮᠠᠭ᠎ᠠ ᠶ᠋ᠢ ᠤᠡᠭᠭᠤᠨ ᠲᠠᠯᠪᠢᠵᠦ ᠂ ᠦᠲᠡᠯᠵᠦ ᠦᠬᠦᠪᠡᠯ ᠵᠠᠪᠠᠯ ᠦᠡᠳᠦᠷ ᠤᠷᠤᠢ ᠳᠡᠭᠡᠷ᠎ᠡ ᠠᠪᠠᠴᠢᠵᠦ ᠲᠠᠯᠪᠢᠳᠠᠭ ᠃

          ᠨᠤᠲᠤᠭ ‍ᠤᠨ ᠴᠠᠢ ᠴᠢᠨᠠᠵᠤ ᠤᠤᠭᠤᠳᠠᠭ ᠵᠠᠡᠭᠰᠢᠯ

       ᠮᠠᠯᠴᠢᠳ ‍ᠤᠨ ᠦᠪᠡᠷ ᠢᠶᠡᠨ ᠲᠡᠬᠦᠨ ᠠᠪᠴᠢᠷᠠᠵᠤ ᠴᠢᠨᠠᠵᠤ ᠤᠤᠭᠤᠳᠠᠭ ᠨᠤᠲᠤᠭ ‍ᠤᠨ ᠴᠠᠢ ᠶ᠋ᠢᠨ ᠲᠤᠳᠤᠷ᠎ᠠ ᠰᠦᠳᠦᠨ ᠴᠠᠢ ᠂ ᠪᠤᠷᠭᠠᠰᠤᠨ ᠴᠠᠢ ᠂ ᠬᠤᠷᠠᠭᠠᠨ ᠴᠢᠬᠢᠨ ᠴᠠᠢ ᠂ ᠬᠠᠷᠬᠢᠯ ‍ᠤᠨ ᠴᠠᠢ ᠂ ᠪᠤᠲᠠᠷᠭᠠᠨ᠎ᠠ ᠶ᠋ᠢᠨ ᠴᠠᠢ ᠭᠡᠵᠤ ᠲᠠᠪᠤᠨ ᠵᠦᠢᠯ ‍ᠤᠨ ᠴᠠᠢ ᠪᠠᠶᠢᠬᠤ ᠡᠴᠠ ᠭᠠᠳᠠᠨ᠎ᠠ ᠂ ᠬᠤᠨᠤᠭ ᠠᠮᠤ ( ᠨᠠᠷᠢᠮᠤ ᠶ᠋ᠢᠨ ᠴᠠᠭᠠᠨ ) ᠶ᠋ᠢ ᠬᠠᠭᠤᠷᠴᠦ ᠴᠢᠨᠠᠭᠠᠳ ᠰᠦ ᠬᠤᠯᠢᠵᠦ ᠵᠠᠷᠤᠳ ᠴᠠᠢ ᠬᠢᠵᠦ ᠤᠤᠭᠤᠳᠠᠭ ᠪᠦᠭᠡᠳ ᠪᠠᠰᠠ ᠭᠤᠯᠢᠷ ᠳᠠᠷᠤᠵᠤ ᠵᠤᠳᠠᠡᠭ ᠴᠢᠨᠠᠭᠠᠳ ᠭᠤᠯᠢᠷ ᠴᠠᠢ ᠬᠢᠵᠦ ᠤᠤᠭᠤᠳᠠᠭ ᠪᠠᠶᠢᠵᠠᠢ ᠃ ᠭᠠᠡᠭ ᠭᠠᠴᠢᠭ ᠵᠢᠯ ᠳᠤᠬᠢᠶᠠᠯᠳᠤᠪᠠᠯ ᠂ ᠮᠠᠡᠭᠬᠠᠨ ᠴᠤᠯᠢᠭᠢᠷ ‍ᠢ ᠬᠠᠲᠤᠨ ᠰᠠᠪᠠᠵᠤ ᠠᠪᠤᠭᠠᠳ ᠬᠠᠭᠤᠷᠴᠦ ᠵᠠᠷᠮ᠎ᠠ ᠳᠠᠷᠤᠵᠤ ᠢᠳᠡᠬᠦ ᠪᠤᠶᠤ ᠴᠠᠶᠢᠯᠭᠠᠵᠤ ᠪᠤᠳᠠᠭ᠎ᠠ ᠱᠦᠬᠦᠵᠦ ᠢᠳᠡᠳᠡᠭ ᠃ ᠶᠠᠮᠠᠷ ᠨᠢᠭᠡᠨ ᠮᠠᠭᠤ ᠵᠢᠯ ᠳᠤᠬᠢᠶᠠᠯᠳᠤᠵᠤ ᠭᠡᠭᠡᠷ᠎ᠡ ᠶ᠋ᠢᠨ ᠨᠤᠭᠤᠭ᠎ᠠ ᠶ᠋ᠢ ᠲᠡᠬᠦᠨ ᠠᠪᠴᠢᠷᠠᠵᠤ ᠰᠦ ᠰᠠᠭᠠᠯᠢ ᠲᠠᠢ ᠪᠠᠨ ᠬᠤᠯᠢᠵᠤ ᠪᠠᠶᠢᠭᠠᠳ ᠬᠠᠷᠠᠰᠤ ᠪᠤᠷᠤᠰᠤ ᠢᠳᠡᠬᠦ ᠦᠭᠡᠢ ᠪᠠᠷ ᠳᠦᠡᠭᠬᠢᠭᠡᠳ ᠭᠠᠷᠴᠢᠬᠠᠳᠠᠭ ᠶᠤᠮ ᠃

           ᠦᠳᠦᠷᠮ᠎ᠡ ᠳᠠᠬᠢᠬᠤ ᠵᠠᠡᠭᠰᠢᠯ

       ᠨᠠᠮᠤᠷ ᠲᠤ ᠪᠠᠨ ᠲᠠᠷᠢᠶ᠎ᠠ ᠬᠠᠲᠤᠵᠤ ᠳᠠᠭᠤᠰᠤᠭᠰᠠᠨ ‍ᠤ ᠳᠠᠷᠠᠭ᠎ᠠ ᠲᠡᠭᠰᠢᠬᠡᠨ ᠭᠠᠵᠠᠷ ‍ᠢ ᠦᠵᠡᠵᠦ ᠦᠳᠦᠷᠮ᠎ᠡ ᠶ᠋ᠢᠨ ᠲᠤᠯᠢ ᠬᠠᠷᠤᠨ ᠂ ᠬᠠᠲᠤᠭᠰᠠᠨ ᠲᠠᠷᠢᠶ᠎ᠠ ᠪᠠᠨ ᠲᠠᠪᠢᠰᠴᠦ ᠦᠭᠡᠷ ᠢᠶᠠᠷ ᠬᠢᠰᠬᠢᠬᠦᠯᠬᠦ ᠪᠤᠶᠤ ᠪᠤᠯᠤᠳᠠᠵᠤ ᠂ ᠬᠤᠶᠠᠷ ᠰᠠᠯᠠᠭ᠎ᠠ ᠲᠠᠢ ᠠᠴᠠ ᠪᠠᠷ ᠰᠦᠷᠡᠯ ‍ᠢ ᠨᠢ ᠰᠠᠯᠭᠠᠵᠤ ᠂ ᠪᠤᠳᠠᠭ᠎ᠠ ᠪᠠᠨ ᠮᠤᠳᠤᠨ ᠬᠦᠷᠵᠨ ᠪᠠᠷ ᠵᠢᠪᠠᠷ ᠦᠭᠡᠳᠡ ᠬᠠᠶᠠᠵᠤ ᠬᠤᠮᠬᠤᠷᠤᠤ ᠡᠴᠠ ᠨᠢ ᠰᠠᠯᠭᠠᠨ ᠠᠪᠤᠨ᠎ᠠ ᠃ ᠳᠠᠷᠠᠭ᠎ᠠ ᠨᠢ ᠪᠦᠳᠦᠬᠦᠨ ᠨᠦᠭᠡ ᠲᠠᠢ ᠡᠯᠭᠡᠭ ᠢᠶᠠᠷ ᠡᠯᠭᠡᠭᠳᠡᠵᠦ ᠂ ᠲᠤᠭᠤᠰᠤ ᠰᠢᠷᠤᠢ ᠡᠴᠠ ᠨᠢ ᠢᠯᠭᠠᠷᠠᠭᠤᠯᠵᠤ ᠠᠪᠳᠠᠭ ᠃ ᠵᠢᠯ ‍ᠤᠨ ᠲᠡᠷᠢᠶ᠎ᠠ ᠲᠦᠮᠦᠰᠦ ᠪᠠᠨ ᠠᠪᠴᠦ ᠳᠠᠭᠤᠰᠤᠭᠰᠠᠭᠠᠷ ᠦᠳᠦᠷᠮ᠎ᠡ ᠳᠤᠮᠳᠠ ᠪᠠᠨ ᠬᠦᠷᠵᠨ ᠂ ᠠᠴᠠ ᠂ ᠪᠤᠯᠤ ᠵᠡᠷᠭᠡ ᠭᠡᠷᠡᠭᠰᠡᠯ ᠢᠶᠡᠨ ᠰᠠᠶᠢᠲᠤᠷ ᠵᠢᠭᠰᠠᠭᠠᠨ ᠲᠠᠯᠪᠢᠵᠦ ᠂ ᠪᠤᠳᠠᠭ᠎ᠠ ᠠᠭᠰᠢᠭᠠᠨ ᠰᠢᠷ᠎ᠠ ᠲᠤᠰᠤ ᠬᠢᠵᠦ ᠦᠳᠦᠷᠮ᠎ᠡ ᠪᠠᠨ ᠳᠠᠬᠢᠳᠠᠭ ᠃ ᠬᠦᠷᠵᠨ ᠠᠴᠠ ᠪᠠᠨ ᠮᠢᠯᠢᠶᠠᠬᠤ ᠦᠶ᠎ᠡ ᠳ᠋ᠤ 《 ᠬᠦᠴᠦ ᠪᠠᠨ ᠦᠭᠭᠦᠭᠰᠡᠨ ᠬᠦᠷᠵᠨ ᠂ ᠠᠴᠢ ᠪᠠᠨ ᠦᠭᠭᠦᠭᠰᠡᠨ ᠠᠴᠠ 》 ᠭᠡᠵᠤ ᠂ ᠪᠤᠯᠤ ᠪᠠᠨ ᠮᠢᠯᠢᠶᠠᠬᠤ ᠦᠶ᠎ᠡ ᠳ᠋ᠤ 《 ᠪᠤᠮᠪᠤᠷ ᠪᠤᠮᠪᠤᠷ ᠶᠠᠪᠤᠭᠰᠠᠨ ᠪᠤᠯᠤ ᠂ ᠪᠤᠮ ᠲᠦᠮᠡᠨ ᠳ᠋ᠠᠨ ᠢᠶᠠᠷ ᠠᠪᠤᠭᠤᠯᠤᠭᠰᠠᠨ ᠪᠤᠯᠤ ᠂ ᠲᠦᠡᠭᠬᠦᠷ ᠲᠦᠡᠭᠬᠦᠷ ᠶᠠᠪᠤᠭᠰᠠᠨ ᠪᠤᠯᠤ ᠂ ᠲᠦᠮᠨ ᠪᠤᠮᠠᠨ ᠳ᠋ᠠᠨ ᠢᠶᠠᠷ ᠠᠪᠤᠭᠤᠯᠤᠭᠰᠠᠨ ᠪᠤᠯᠤ 》 ᠭᠡᠵᠤ ᠢᠷᠦᠭᠡᠳᠡᠭ ᠃ ᠡᠬᠦᠨ ᠢᠶᠡᠨ ᠴᠠᠭᠠᠨ ᠡᠪᠦᠭᠡᠨ ‍ᠢ ᠳᠠᠬᠢᠵᠦ ᠪᠠᠶᠠᠰᠬᠠᠵᠤ ᠪᠠᠶᠢᠨ᠎ᠠ ᠭᠡᠵᠤ ᠦᠵᠡᠳᠡᠭ ᠃

          ᠬᠤᠮᠤᠷᠭ᠎ᠠ ᠠᠪᠠ ᠲᠠᠯᠪᠢᠬᠤ ᠵᠠᠡᠭᠰᠢᠯ

       ᠬᠠᠪᠤᠷ ᠪᠤᠶᠤ ᠨᠠᠮᠤᠷ ᠲᠤ ᠪᠠᠨ ᠲᠠᠷᠢᠶ᠎ᠠ ᠪᠠ ᠡᠪᠡᠰᠦ ᠪᠠᠨ ᠬᠠᠳᠤᠨ ᠤᠷᠤᠭᠤᠯᠵᠤ ᠂ ᠮᠠᠯ ᠲᠠᠯᠪᠢᠭᠰᠠᠨ ‍ᠤ ᠰᠡᠬᠦᠯᠡᠷ ᠲᠤᠭᠤᠷᠢᠭᠰᠠᠨ ᠭᠡᠳᠦᠨ ᠠᠶᠢᠯ ᠢᠶᠠᠷ ᠢᠶᠡᠨ ᠬᠡᠯᠡᠯᠴᠡᠨ ᠠᠪᠠ ᠶ᠋ᠢᠨ ᠡᠳᠦᠷ ᠲᠤᠭᠲᠠᠭᠠᠨ ᠵᠠᠷ ᠲᠠᠯᠪᠢᠵᠦ ᠠᠪᠠᠯᠠᠵᠠᠭᠠᠳᠠᠭ ᠃ ᠲᠤᠭᠲᠠᠭᠰᠠᠨ ᠠᠪᠠ ᠶ᠋ᠢᠨ ᠬᠦᠷᠢᠶᠡᠨ ‍ᠤ ᠭᠠᠵᠠᠷ ᠲᠤ ᠪᠠᠨ ᠬᠦᠷᠦᠭᠰᠡᠨ ‍ᠤ ᠰᠡᠬᠦᠯᠡᠷ ᠮᠤᠷᠢ ᠲᠠᠢ ᠪᠤᠶᠤ ᠶᠠᠪᠠᠭᠠᠨ ᠨᠤᠬᠠᠢ ᠳᠠᠭᠠᠭᠤᠯᠤᠭᠰᠠᠨ ᠠᠪᠠ ᠶ᠋ᠢᠨ ᠤᠯᠤᠰ ᠲᠠᠯ᠎ᠠ ᠲᠠᠯ᠎ᠠ ᠡᠴᠠ ᠪᠠᠨ ᠲᠤᠲᠤᠭᠰᠢ ᠪᠠᠨ ᠬᠤᠮᠤᠷᠭᠠᠯᠠᠨ ᠬᠠᠰᠢᠨ ᠬᠤᠮᠢᠵᠦ ᠂ ᠦᠷᠭᠦᠭᠡᠨ ᠪᠤᠰᠬᠠᠭᠰᠠᠨ ᠭᠤᠷᠭᠤᠤᠯ ᠂ ᠲᠠᠤᠯᠠᠢ ᠂ ᠢᠲᠠᠭᠤ ᠂ ᠦᠨᠡᠭᠡ ᠂ ᠴᠢᠨ᠋ᠸ᠎ᠠ ᠶ᠋ᠢ ᠶᠡᠭᠡ ᠳᠠᠭᠤᠨ ᠢᠶᠠᠷ ᠬᠠᠰᠬᠢᠷᠤᠯᠳᠤᠨ ᠲᠠᠭᠤᠵᠤ ᠂ ᠬᠠᠡᠳᠤᠭᠰᠠᠨ ᠵᠦᠭ ᠲᠤ ᠨᠢ ᠳᠤᠬᠢᠶ᠎ᠠ ᠦᠭᠭᠦᠨ ᠬᠤᠮᠢᠭᠤᠯᠵᠤ ᠂ ᠬᠦᠮᠦᠨ ᠲᠠᠢ ᠨᠤᠬᠠᠢ ᠲᠠᠢ ᠪᠠᠨ ᠬᠠᠭᠠᠵᠤ ᠪᠠᠶᠢᠭᠠᠳ ᠳᠡᠮᠲᠡᠢ ᠨᠢᠭᠡ ᠨᠢ ᠰᠢᠳᠠᠮ ᠢᠶᠠᠷ ᠰᠢᠳᠠᠮᠳᠠᠵᠤ ᠠᠪᠬᠤ ᠂ ᠡᠰᠡᠬᠦᠯ᠎ᠡ ᠰᠠᠪᠠᠭ᠎ᠠ ᠪᠠᠷ ᠢᠶᠡᠨ ᠰᠠᠪᠠᠵᠤ ᠂ ᠫᠤᠤ ᠪᠠᠷ ᠢᠶᠡᠨ ᠫᠤᠤᠳᠠᠵᠤ ᠠᠪᠬᠤ ᠂ ᠮᠦᠨ ᠨᠤᠬᠠᠢ ᠪᠠᠷ ᠢᠶᠡᠨ ᠡᠭᠡᠯᠵᠢᠯᠡᠨ ᠲᠠᠭᠤᠯᠭᠠᠵᠤ ᠪᠠᠶᠢᠭᠠᠳ ᠮᠤᠬᠤᠭᠠᠨ ᠪᠠᠶᠢᠵᠦ ᠪᠠᠷᠢᠵᠦ ᠠᠪᠬᠤ ᠂ ᠶᠠᠪᠠᠭᠠᠡᠴᠤᠳ ᠨᠢ ᠠᠡᠭ ‍ᠤᠨ ᠵᠢᠮ ᠳᠡᠭᠡᠷ᠎ᠡ ᠴᠢᠷᠦᠬᠦᠯ ᠤᠷᠠᠬ᠎ᠠ ᠲᠠᠯᠪᠢᠨ ᠤᠷᠠᠬᠠᠯᠠᠵᠤ ᠠᠪᠬᠤ ᠵᠡᠷᠭᠡ ᠃ ᠭᠤᠷᠭᠤᠤᠯ ᠨᠢᠰᠴᠦ ᠭᠠᠷᠤᠭᠰᠠᠭᠠᠷ ᠶᠠᠪᠤᠭᠰᠠᠨ ᠵᠦᠭ ᠲᠤ ᠨᠢ 《 ᠳᠡᠭᠡᠷ᠎ᠡ ! ᠳᠡᠭᠡᠷ᠎ᠡ 》 ᠬᠡᠮᠡᠨ ᠪᠠᠷᠬᠢᠷᠠᠨ ᠬᠠᠰᠬᠢᠷᠴᠦ ᠴᠢᠮᠡᠭᠡ ᠦᠭᠴᠦ ᠪᠠᠶᠢᠭᠠᠳ ᠬᠠᠮᠵᠢᠨ ᠠᠡᠭᠨᠠᠵᠠᠭᠠᠳᠠᠭ ᠃ ᠠᠪᠠ ᠬᠤᠷᠢᠶᠠᠬᠤ ᠦᠶ᠎ᠡ ᠳ᠋ᠤ ᠠᠵᠨ ᠲᠠᠢ ᠨᠢᠭᠡ ᠨᠢ ᠠᠷᠪᠠ ᠲᠠᠪᠤᠨ ᠠᠪᠠ ᠶ᠋ᠢᠨ ᠭᠠᠡᠵᠤᠭ᠎ᠠ ᠲᠠᠢ ᠂ ᠠᠷᠭ᠎ᠠ ᠰᠠᠮᠪᠠᠭ᠎ᠠ ᠰᠠᠶᠢᠲᠠᠢ ᠨᠢᠭᠡ ᠨᠢ ᠲᠠᠪᠤ᠋ ᠭᠤᠷᠪᠠᠨ ᠠᠪᠠ ᠶ᠋ᠢᠨ ᠭᠠᠡᠵᠤᠭ᠎ᠠ ᠲᠠᠢ ᠂ ᠡᠡᠭ ‍ᠤᠨ ᠬᠦᠮᠦᠰ ᠨᠢ ᠴᠤ ᠬᠡᠳᠦᠨ ᠠᠪᠠ ᠶ᠋ᠢᠨ ᠭᠠᠡᠵᠤᠭ᠎ᠠ ᠲᠠᠢ ᠪᠠᠶᠢᠳᠠᠭ ᠶᠤᠮ ᠃ ᠭᠠᠡᠵᠤᠭ᠎ᠠ ᠬᠤᠭᠤᠰᠤᠨ ᠨᠢᠭᠡ ᠨᠢ ᠴᠤ ᠬᠦᠮᠦᠨ ‍ᠤ ᠪᠤᠯᠢᠶᠠᠯᠳᠤᠭᠰᠠᠨ ᠭᠠᠡᠵᠤᠭᠠᠨ ᠳ᠋ᠤ ᠬᠤᠪᠢ ᠤᠷᠤᠵᠤ ᠂ ᠪᠤᠭᠲᠠ ᠶ᠋ᠢᠨ ᠪᠤᠷᠤ ᠱᠦᠯᠦ ᠭᠡᠵᠤ ᠲᠠᠤᠯᠠᠢ ᠭᠤᠷᠭᠤᠤᠯ ᠤᠯᠵᠤ ᠲᠠᠯ᠎ᠠ ᠬᠦᠷᠳᠡᠳᠡᠭ ᠶᠤᠮ ᠃ ᠠᠪᠠ ᠶ᠋ᠢᠨ ᠭᠠᠡᠵᠤᠭ᠎ᠠ ᠰᠠᠶᠢᠲᠠᠢ ᠨᠢ ᠭᠠᠡᠵᠤᠭ᠎ᠠ ᠬᠤᠭᠤᠰᠤᠨ ᠦᠲᠡᠬᠦᠰ ᠪᠤᠶᠤ ᠬᠡᠤᠬᠡᠳ ᠲᠤ ᠠᠡᠭ ‍ᠤᠨ ᠭᠡᠰᠢᠭ ᠪᠠᠷᠢᠭᠤᠯᠵᠤ ᠂ ᠠᠪᠠ ᠶ᠋ᠢᠨ ᠤᠯᠵᠨ ᠶ᠋ᠢ ᠤᠯᠠᠨ ᠢᠶᠠᠷ ᠢᠶᠡᠨ ᠬᠤᠪᠢᠶᠠᠳᠠᠭ ᠪᠠᠶᠢᠭᠰᠠᠨ ᠶᠤᠮ ᠃

            ᠬᠤᠨᠢ ᠢᠮᠠᠭ᠎ᠠ ᠪᠠᠨ ᠠᠷᠢᠭᠤᠯᠠᠬᠤ ᠵᠠᠡᠭᠰᠢᠯ

       ᠬᠤᠨᠢ ᠢᠮᠠᠭ᠎ᠠ ᠬᠠᠪᠤᠷ ᠬᠠᠯᠠᠭᠤᠳᠠᠵᠤ ᠂ ᠬᠠᠮᠠᠭᠤ ᠮᠠᠶᠢᠭ ᠡᠪᠡᠳᠴᠢᠨ ᠳᠡᠯᠭᠡᠷᠡᠬᠦ ᠶ᠋ᠢ ᠰᠡᠷᠭᠡᠶᠢᠯᠡᠬᠦ ᠶ᠋ᠢᠨ ᠲᠦᠯᠦᠭᠡ ᠲᠡᠭᠷᠢ ᠳᠠᠭᠤᠳᠠᠭᠠᠴᠢ ᠪᠦᠭᠡ ᠶ᠋ᠢ ᠵᠠᠯᠠᠵᠤ ᠠᠷᠢᠭᠤᠯᠠᠭᠤᠯᠳᠠᠭ ᠃ ᠲᠡᠭᠷᠢ ᠳᠠᠭᠤᠳᠠᠭᠠᠴᠢ ᠨᠢ ᠯᠠᠪᠲᠠᠷ ᠰᠠᠪᠲᠠᠷ ᠡᠮᠦᠰᠴᠦ ᠂ ᠬᠦᠵᠦᠬᠦᠨ ᠳ᠋ᠤ ᠪᠠᠨ ᠶᠠᠡᠭᠵᠤ ᠪᠤᠯᠭᠠᠨ ‍ᠤ ᠦᠡᠭᠭᠡᠲᠦ ᠵᠠᠡᠭᠬᠢᠶ᠎ᠠ ᠵᠡᠬᠦᠵᠦ ᠂ ᠪᠠᠷᠢᠭᠤᠯ ᠳᠡᠭᠡᠷ᠎ᠡ ᠨᠢ ᠭᠠᠷᠠᠬ᠎ᠠ ᠪᠠ ᠨᠦᠭᠡ ᠲᠠᠢ ᠵᠤᠭᠤᠰ ᠬᠡᠯᠬᠢᠭᠰᠡᠨ ᠲᠠᠯ᠎ᠠ ᠬᠡᠡᠭᠭᠡᠷᠭᠡ ᠪᠠᠷᠢᠵᠦ ᠂ ᠮᠠᠯ ‍ᠤᠨ ᠬᠤᠷᠢᠶᠠᠨ ᠳ᠋ᠤ ᠠᠷᠴᠠ ᠬᠦᠵᠢ ᠶ᠋ᠢᠨ ᠰᠠᠡᠭ ᠲᠠᠯᠪᠢᠵᠦ ᠂ ᠰᠦᠷᠦᠭ ᠡᠴᠠ ᠨᠢᠭᠡ ᠪᠦᠳᠦᠬᠦᠨ ᠬᠤᠨᠢ ᠶ᠋ᠢ ᠪᠠᠷᠢᠵᠦ ᠠᠪᠤᠭᠠᠳ ᠳᠦᠷᠪᠡᠨ ᠮᠦᠴᠢ ᠶ᠋ᠢ ᠨᠢ ᠳᠡᠭᠡᠭᠰᠢ ᠬᠠᠡᠳᠤᠭᠤᠯᠤᠨ ᠲᠡᠪᠡᠷᠢᠵᠦ ᠨᠢᠷᠤᠭᠤ ᠪᠠᠷ ᠨᠢ ᠭᠠᠵᠠᠷ ᠳᠡᠭᠡᠷ᠎ᠡ 《 ᠲᠦᠰ 》 ᠬᠢᠲᠠᠯ᠎ᠠ ᠬᠦᠴᠦᠲᠡᠢ ᠲᠠᠯᠪᠢᠵᠦ ᠳᠡᠭᠡᠭᠰᠢ ᠪᠠᠨ ᠬᠠᠡᠳᠤᠭᠤᠯᠤᠨ ᠬᠡᠪᠲᠡᠬᠦᠯᠦᠨ᠎ᠡ ᠃ ᠲᠡᠶᠢᠨ ᠬᠦ ᠠᠷᠪᠢᠨ ᠴᠤ ᠶᠠᠭᠤᠮ᠎ᠠ ᠶᠠᠷᠢᠵᠦ ᠪᠠᠶᠢᠭᠠᠳ ᠢᠯᠢᠵᠦ ᠰᠢᠪᠲᠤᠷᠤᠨ ᠂ ᠬᠡᠨᠡᠤᠡᠲᠡ ᠶᠡᠭᠡ ᠳᠠᠭᠤᠨ ᠢᠶᠠᠷ 《 ᠬᠠᠢ ᠂ ᠬᠠᠢ 》 ᠭᠡᠵᠤ ᠪᠠᠷᠬᠢᠷᠠᠭᠰᠠᠨ ‍ᠤ ᠰᠡᠬᠦᠯᠡᠷ ᠦᠨᠦᠬᠢ ᠬᠤᠨᠢ ᠨᠢ ᠨᠢᠭᠡᠮᠦᠰᠦᠨ ᠠᠶᠤᠨ ᠪᠠᠯᠢᠳᠠᠵᠤ ᠤᠷᠤᠨ ᠳ᠋ᠤ ᠪᠠᠨ ᠬᠦᠳᠡᠯᠬᠦ ᠦᠭᠡᠢ ᠳᠤᠭᠤᠢ ᠬᠡᠪᠲᠡᠵᠦ ᠪᠠᠶᠢᠳᠠᠭ ᠃ ᠡᠨᠡ ᠦᠶ᠎ᠡ ᠳ᠋ᠤ ᠲᠡᠭᠷᠢ ᠳᠠᠭᠤᠳᠠᠭᠠᠴᠢ ᠨᠢ ᠬᠡᠡᠭᠭᠡᠷᠭᠡ ᠳᠡᠯᠡᠳᠦᠨ ᠬᠤᠨᠢᠨ ‍ᠤ ᠭᠠᠳᠠᠭᠤᠷ ᠬᠦᠯ ᠨᠢᠴᠦᠬᠦᠨ ᠢᠶᠠᠷ ᠲᠤᠭᠤᠷᠢᠨ ᠬᠦᠶᠦᠵᠦ ᠂ ᠤᠯᠠᠮ ᠶᠡᠭᠡ ᠤᠷᠢᠯᠠᠨ ᠪᠠᠷᠬᠢᠷᠠᠵᠤ ᠂ ᠶᠢᠰᠦ ᠶᠢᠰᠦ ᠨᠠᠶᠠᠨ ᠨᠢᠭᠡᠨ ᠲᠡᠭᠷᠢ ᠪᠠᠨ ᠤᠷᠢᠨ ᠳᠠᠭᠤᠳᠠᠵᠤ ᠳᠠᠭᠤᠰᠤᠭᠰᠠᠨ ‍ᠤ ᠳᠠᠷᠠᠭ᠎ᠠ ᠳᠠᠬᠢᠭᠠᠳ ᠶᠢᠰᠦ ᠶᠢᠰᠦ ᠨᠠᠶᠠᠨ ᠨᠢᠭᠡᠨ ᠲᠡᠭᠷᠢ ᠪᠠᠨ ᠨᠢᠭᠡᠳ ᠨᠢᠭᠡ ᠪᠠᠷ ᠨᠢ ᠨᠡᠷᠡᠯᠡᠵᠦ ᠄ 《 ᠲᠡᠭᠳᠡᠮᠦ ᠂ ᠳᠡᠭᠳᠡᠮᠦ ! 》 ᠭᠡᠵᠤ ᠵᠠᠯᠠᠵᠤ ᠶᠠᠪᠤᠭᠤᠯᠵᠤ ᠳᠠᠭᠤᠰᠲᠠᠯ᠎ᠠ ᠴᠦᠮ ᠬᠦᠯ ᠨᠢᠴᠦᠬᠦᠨ ᠢᠶᠠᠷ ᠬᠤᠨᠢᠨ ‍ᠤ ᠭᠠᠳᠠᠭᠤᠷ ᠬᠡᠡᠭᠭᠡᠷᠭᠡ ᠳᠡᠯᠡᠳᠦᠨ ᠳᠦᠵᠢᠬᠢᠨᠡᠬᠦᠯᠳᠡᠭ ᠃ ᠡᠬᠦᠨ ᠢᠶᠡᠨ ᠬᠤᠨᠢ ᠢᠮᠠᠭ᠎ᠠ ᠶ᠋ᠢ ᠠᠷᠢᠭᠤᠳᠬᠠᠵᠤ ᠪᠠᠶᠢᠨ᠎ᠠ ᠭᠡᠵᠤ ᠦᠵᠡᠳᠡᠭ ᠃

         ᠤᠭᠤᠯᠢ ᠂ ᠰᠢᠷ᠎ᠠ ᠰᠢᠪᠠᠭᠤ ᠶ᠋ᠢᠨ ᠵᠢᠪᠡᠬᠦᠨ ᠳᠠᠭᠤᠨ ‍ᠢ ᠵᠢᠭᠰᠢᠨ ᠰᠡᠵᠢᠭᠯᠡᠳᠡᠭ ᠵᠠᠡᠭᠰᠢᠯ

       ᠤᠭᠤᠯᠢ ᠪᠤᠶᠤ ᠰᠢᠷ᠎ᠠ ᠰᠢᠪᠠᠭᠤ ᠪᠤᠯ ᠴᠦᠮ ᠰᠦᠨᠢ ᠬᠦᠷᠦᠭᠡᠯᠡᠳᠡᠭ ᠮᠢᠬᠠᠴᠢᠨ ᠰᠢᠪᠠᠭᠤ ᠪᠤᠯᠬᠤᠷ ᠵᠠᠪᠠᠯ ᠰᠦᠨᠢ ᠶ᠋ᠢᠨ ᠬᠦᠨ ᠳ᠋ᠤ ᠲᠤᠭᠤᠷᠢᠨ ᠬᠤᠯᠤᠭᠠᠨ᠎ᠠ ᠪᠤᠶᠤ ᠲᠠᠤᠯᠠᠢ ᠶ᠋ᠢ ᠲᠠᠭᠤᠵᠤ ᠰᠢᠬᠦᠷᠦᠨ ᠪᠠᠷᠢᠳᠠᠭ ᠃ ᠭᠡᠬᠦ ᠳ᠋ᠤ ᠪᠠᠨ ᠶᠡᠭᠡ ᠯᠠ ᠮᠠᠭᠤᠬᠠᠢ ᠵᠢᠭᠡᠬᠦᠨ ᠳᠠᠭᠤᠨ ᠭᠠᠷᠭᠠᠵᠤ ᠂ ᠰᠦᠷᠲᠡᠬᠦᠯᠦᠨ ᠪᠠᠯᠢᠳᠠᠭᠤᠯᠵᠤ ᠪᠠᠶᠢᠭᠠᠳ ᠠᠮᠠᠷᠬᠠᠨ ᠪᠠᠷᠢᠵᠦ ᠢᠳᠡᠳᠡᠭ ᠃ ᠲᠡᠭᠡᠬᠦ ᠳ᠋ᠤ ᠪᠠᠨ ᠤᠭᠤᠯᠢ ᠪᠤᠯ ᠶᠠᠭ ᠯᠠ ᠬᠦᠮᠦᠨ ᠬᠠᠳᠠᠭᠠᠨᠠᠨ ᠢᠨᠢᠶᠡᠵᠦ ᠪᠠᠶᠢᠭ᠎ᠠ ᠰᠢᠭ᠋ ᠳᠠᠭᠤᠨ ᠭᠠᠷᠭᠠᠳᠠᠭ ᠲᠤᠯᠨ ᠬᠦᠮᠦᠰ ᠲᠡᠬᠦᠨ ‍ᠢ ᠠᠮᠢᠲᠠᠨ ᠪᠠᠶᠢᠲᠠᠯ᠎ᠠ ᠬᠦᠮᠦᠨ ᠠᠳᠠᠯᠢ ᠳᠤᠤᠭᠠᠷᠴᠦ ᠪᠠᠶᠢᠨ᠎ᠠ ᠂ ᠮᠠᠭᠤ ᠢᠷᠸ᠎ᠠ ᠲᠠᠢ ᠭᠡᠵᠤ ᠵᠢᠭᠰᠢᠳᠡᠭ ᠃ ᠰᠢᠷ᠎ᠠ ᠰᠢᠪᠠᠭᠤ ᠪᠤᠯ ᠰᠦᠨᠢ ᠶ᠋ᠢᠨ ᠬᠦᠨ ᠳ᠋ᠤ ᠬᠦᠮᠦᠨ ᠶᠠᠮᠠᠷ ᠨᠢᠭᠡᠨ ᠠᠮᠢᠲᠠᠨ ‍ᠢ ᠳᠠᠭᠤᠵᠤ ᠪᠠᠶᠢᠬᠤ ᠰᠢᠭ᠋ ᠄ 《 ᠬᠦᠢ ᠂ ᠬᠦᠢ ᠂ ᠬᠦᠢ 》 ᠭᠡᠰᠡᠨ ᠦᠷᠬᠦᠯᠵᠢᠯᠡᠭᠰᠡᠨ ᠮᠠᠭᠤ ᠵᠢᠭᠡᠬᠦᠨ ᠳᠠᠭᠤᠨ ᠭᠠᠷᠭᠠᠳᠠᠭ ᠃ ᠲᠡᠶᠢᠨ ᠬᠦ ᠬᠦᠮᠦᠰ ᠲᠡᠬᠦᠨ ‍ᠢ ᠮᠦᠨ ᠶᠡᠭᠡᠳᠡ ᠰᠡᠵᠢᠭᠯᠡᠨ ᠵᠢᠭᠰᠢᠳᠡᠭ ᠪᠢᠯᠨ ᠃

          ᠬᠤᠡᠭ ᠬᠡᠷᠢᠶ᠎ᠠ ᠂ ᠴᠢᠨ᠋ᠸ᠎ᠠ ᠶ᠋ᠢ ᠠᠳᠠ ᠦᠵᠡᠳᠡᠭ ᠵᠠᠡᠭᠰᠢᠯ

       ᠮᠠᠯᠵᠢᠯ ‍ᠤᠨ ᠠᠮᠢᠳᠤᠷᠠᠯ ᠳ᠋ᠤ ᠬᠤᠡᠭ ᠬᠡᠷᠢᠶ᠎ᠠ ᠂ ᠴᠢᠨ᠋ᠸ᠎ᠠ ᠬᠤᠶᠠᠷ ᠪᠤᠯ ᠶᠡᠭᠡᠳᠡ ᠬᠤᠤᠷ ᠬᠦᠨᠦᠬᠡᠯ ᠲᠠᠢ ᠪᠠᠶᠢᠳᠠᠭ ᠃
ᠬᠤᠡᠭ ᠭᠡᠷᠢᠶ᠎ᠠ ᠪᠤᠯ ᠠᠡᠭᠬ᠎ᠠ ᠲᠦᠷᠦᠭᠰᠡᠨ ᠲᠦᠯ ‍ᠤᠨ ᠨᠢᠳᠤ ᠶ᠋ᠢ ᠤᠬᠤᠵᠤ ᠂ ᠡᠷᠬᠦᠳᠡᠯ ᠳ᠋ᠤ ᠤᠷᠤᠭᠰᠠᠨ ᠪᠠ ᠰᠢᠪᠠᠷᠲᠠᠭᠰᠠᠨ ᠮᠠᠯ ᠲᠠᠭᠠᠷᠠᠭᠰᠠᠭᠠᠷ ᠨᠢᠳᠤ ᠶ᠋ᠢ ᠨᠢ ᠤᠬᠤᠨ ᠂ ᠪᠦᠭᠰᠡ ᠶ᠋ᠢ ᠨᠢ ᠴᠤᠭᠤᠯᠵᠤ ᠢᠳᠡᠳᠡᠭ ᠮᠠᠭᠤ ᠬᠤᠤᠷ ᠲᠠᠢ ᠠᠮᠢᠲᠠᠨ ᠪᠤᠯᠬᠤᠷ 《 ᠭᠤᠡᠭ ᠭᠤᠡᠭ 》 ᠭᠡᠰᠡᠨ ᠳᠠᠭᠤᠨ ᠭᠠᠷᠤᠭᠰᠠᠭᠠᠷ ᠠᠶᠢᠯ ‍ᠤᠨ ᠬᠦᠮᠦᠰ ᠮᠠᠯ ‍ᠤᠨ ᠬᠦᠮᠦᠨ ᠳ᠋ᠤ ᠪᠠᠨ ᠄ 《 ᠬᠦᠱᠢ ᠂ ᠮᠠᠯ ᠳ᠋ᠤ ᠪᠠᠨ ᠤᠶᠢᠷᠠᠲᠤ ! ᠭᠤᠡᠭᠰᠢᠶ᠎ᠠ ᠢᠷᠸ᠎ᠠ ᠴᠢᠨᠢ ᠭᠤᠡᠭᠰᠢᠵᠦ ᠪᠠᠶᠢᠨ᠎ᠠ ᠰᠢᠤ 》 ᠭᠡᠳᠡᠭ ᠃
ᠴᠢᠨ᠋ᠸ᠎ᠠ ᠶᠡᠷᠦ ᠨᠢ ᠴᠠᠰᠤ ᠪᠤᠷᠤᠭ᠎ᠠ ᠂ ᠵᠤᠳ ᠰᠢᠭᠤᠷᠭ᠎ᠠ ᠶ᠋ᠢ ᠲᠠᠭᠠᠷᠠᠭᠤᠯᠤᠨ ᠢᠷᠡᠵᠦ ᠮᠠᠯ ᠤᠨᠤᠭ᠎ᠠ ᠶ᠋ᠢ ᠲᠠᠲᠠᠳᠠᠭ ᠲᠤᠯᠨ ᠬᠦᠮᠦᠰ ᠲᠡᠬᠦᠨ ‍ᠤ ᠨᠡᠷ᠎ᠡ ᠶ᠋ᠢ ᠬᠦᠷᠲᠡᠯ᠎ᠡ ᠴᠡᠭᠡᠷᠯᠡᠵᠦ 《 ᠭᠡᠭᠡᠷ᠎ᠡ ᠶ᠋ᠢᠨ ᠨᠤᠬᠠᠢ 》 ᠭᠡᠬᠦ ᠪᠤᠶᠤ ᠭᠠᠶᠢᠬᠠᠯᠲᠤ ᠭᠡᠳᠡᠭ ᠃ ᠪᠤᠷᠤᠭᠠᠨ ᠬᠤᠷ᠎ᠠ ᠂ ᠴᠠᠰᠤ ᠵᠤᠳ ᠂ ᠡᠬᠦᠯᠨ ᠮᠠᠨᠠᠨ ᠲᠠᠢ ᠪᠦᠷᠬᠦᠭ ᠡᠳᠦᠷ ᠬᠦᠮᠦᠰ ᠳᠡᠰ ᠪᠦᠷᠬᠦᠳ ᠲᠠᠭᠰᠢᠨ ᠂ ᠬᠤᠡᠭ ᠬᠡᠷᠢᠶ᠎ᠡ ᠭᠤᠸᠠᠭᠯᠠᠵᠤ ᠂ ᠱᠠᠭᠠᠵᠠᠭᠠᠢ ᠱᠠᠭᠰᠢᠬᠤ ᠶ᠋ᠢ ᠤᠯᠵᠤ ᠦᠵᠡᠭᠰᠡᠭᠡᠷ ᠄ 《 ᠬᠦᠶᠢ ᠂ ᠭᠠᠶᠢᠬᠠᠯᠲᠦ ᠶ᠋ᠢ ᠬᠢᠴᠢᠶᠨ ᠳ᠋ᠠ ᠂ ᠮᠠᠨᠠᠨ ᠲᠠᠢ ᠡᠳᠦᠷ ᠮᠢᠷᠢᠶᠠᠵᠤ ᠢᠷᠡᠳᠡᠭ ᠮᠠᠶᠢᠷᠢᠭ ᠭᠠᠶᠢᠬᠠᠯ ( ᠴᠢᠨ᠋ᠸ᠎ᠠ ) ᠂ ᠪᠤᠷᠤᠭᠠᠨ ᠲᠠᠢ ᠡᠳᠦᠷ ᠪᠦᠬᠦᠶᠢᠵᠦ ᠢᠷᠡᠳᠡᠭ ᠪᠦᠭᠲᠦᠷ ᠭᠠᠶᠢᠬᠠᠯ ᠭᠡᠳᠡᠭ ᠪᠢᠰᠢ ᠤᠣ ! 》 ᠭᠡᠵᠤ ᠮᠠᠯ ‍ᠤᠨ ᠬᠦᠮᠦᠨ ᠳ᠋ᠤ ᠪᠠᠨ ᠠᠡᠭᠬᠠᠷᠤᠭᠤᠯᠳᠠᠭ ᠃

          ᠲᠦᠯᠡᠭᠡ ᠪᠤᠷᠭᠠᠰᠤ ᠠᠪᠬᠤ ᠳ᠋ᠤ ᠪᠠᠨ ᠰᠦᠭᠡ ᠭᠡᠷᠡᠭᠯᠡᠳᠡᠭ ᠵᠠᠡᠭᠰᠢᠯ

       ᠲᠦᠯᠡᠭᠡ ᠪᠤᠷᠭᠠᠰᠤ ᠬᠠᠳᠤᠬᠤ ᠳ᠋ᠤ ᠪᠠᠨ ᠵᠠᠪᠠᠯ ᠡᠪᠦᠯ ‍ᠤᠨ ᠤᠯᠠᠷᠢᠯ ᠳ᠋ᠤ ᠬᠠᠳᠤᠬᠤ ᠡᠴᠠ ᠪᠢᠰᠢ ᠂ ᠵᠤᠨ ᠤᠰᠤ ᠬᠦᠶᠦᠵᠦ ᠮᠦᠴᠢᠷᠯᠡᠭᠰᠡᠨ ᠬᠤᠶᠢᠨ᠎ᠠ ᠬᠠᠳᠤᠳᠠᠭ ᠦᠭᠡᠢ ᠶᠤᠮ ᠃ ᠪᠤᠷᠭᠠᠰᠤ ᠶ᠋ᠢ ᠰᠦᠭᠡ ᠪᠠᠷ ᠬᠠᠷ᠎ᠠ ᠴᠠᠭᠠᠨ ‍ᠤ ᠵᠠᠪᠰᠠᠷ ᠢᠶᠠᠷ ᠨᠢ ᠵᠢᠰᠢᠬᠦᠦ ᠴᠠᠪᠴᠢᠵᠦ ᠰᠢᠷᠤᠢ ᠳᠡᠭᠡᠷ᠎ᠡ ᠨᠢ ᠰᠤᠶᠤᠭ᠎ᠠ ᠦᠯᠡᠳᠡᠬᠦ ᠦᠭᠡᠢ ᠪᠠᠷ ᠬᠠᠳᠤᠳᠠᠭ ᠃ ᠢᠡᠭᠬᠢᠪᠡᠯ ᠢᠷᠡᠬᠦ ᠬᠠᠪᠤᠷ ᠲᠤ ᠪᠠᠨ ᠤᠭ ᠨᠢ ᠬᠠᠳᠠᠵᠤ ᠦᠬᠦᠬᠦ ᠦᠭᠡᠢ ᠮᠦᠷᠲᠡᠭᠡᠨ ᠡᠤᠤᠯ ‍ᠤᠨ ᠬᠢ ᠡᠴᠠ ᠪᠠᠨ ᠤᠯᠠᠮ ᠰᠠᠶᠢᠬᠠᠨ ᠢᠳᠡᠯᠢᠭ ᠤᠷᠭᠤᠳᠠᠭ ᠶᠤᠮ ᠃ ᠬᠡᠷᠪᠡ ᠬᠠᠳᠤᠭᠤᠷ ᠢᠶᠠᠷ ᠬᠦᠷᠦᠰᠦᠨ ᠳᠡᠭᠡᠬᠦᠷ ᠨᠢ ᠬᠠᠯᠢᠨ ᠬᠠᠳᠤᠵᠤ ᠰᠤᠶᠤᠭ᠎ᠠ ᠦᠯᠡᠳᠡᠭᠡᠪᠡᠯ ᠂ ᠬᠠᠪᠤᠷ ᠲᠤ ᠪᠠᠨ ᠤᠭ ᠨᠢ ᠬᠠᠲᠠᠵᠤ ᠦᠬᠦᠳᠡᠭ ᠃ ᠰᠢᠪᠠᠭ ᠬᠠᠳᠤᠬᠤ ᠳ᠋ᠤ ᠪᠠᠨ ᠵᠠᠪᠠᠯ ᠰᠦᠭᠡ ᠪᠤᠶᠤ ᠬᠠᠳᠤᠭᠤᠷ ᠢᠶᠠᠷ ᠮᠦᠨ ᠬᠠᠷ᠎ᠠ ᠴᠠᠭᠠᠨ ‍ᠤ ᠵᠠᠭᠠᠭ ᠢᠶᠠᠷ ᠨᠢ ᠬᠠᠳᠤᠵᠤ ᠠᠪᠬᠤ ᠡᠴᠠ ᠪᠢᠰᠢ ᠂ ᠬᠦᠷᠵᠨ ᠪᠤᠶᠤ ᠭᠤᠤᠳᠤᠤ ᠪᠠᠷ ᠤᠭ ᠦᠡᠳᠦᠰᠦ ᠲᠠᠢ ᠨᠢ ᠠᠪᠴᠤ ᠪᠤᠯᠳᠠᠭ ᠦᠭᠡᠢ ᠶᠤᠮ ᠃ ᠤᠭ ᠦᠡᠳᠦᠰᠦ ᠪᠠᠷ ᠨᠢ ᠠᠪᠤᠭᠰᠠᠭᠠᠷ ᠡᠷᠬᠢᠯᠲᠡ ᠦᠭᠡᠢ ᠤᠭ ᠨᠢ ᠲᠠᠰᠤᠷᠴᠢᠬᠠᠬᠤ ᠶᠤᠮ ᠃ ᠪᠤᠷᠭᠠᠰᠤ ᠰᠢᠪᠠᠭ ᠬᠠᠳᠤᠬᠤ ᠳ᠋ᠤ ᠪᠠᠨ ᠪᠠᠰᠠ ᠵᠠᠪᠠᠯ ᠵᠢᠪᠡᠷ ‍ᠤᠨ ᠳᠤᠤᠷ᠎ᠠ ᠲᠠᠯ᠎ᠠ ᠡᠴᠠ ᠨᠢ ᠭᠡᠰᠡᠭ ᠭᠡᠰᠡᠭ ᠢᠶᠠᠷ ᠭᠠᠳᠠᠭᠰᠢ ᠪᠠᠨ ᠳᠡᠯᠡᠵᠦ ᠬᠠᠳᠤᠬᠤ ᠡᠴᠠ ᠪᠤᠰᠤ ᠂ ᠵᠢᠪᠡᠷ ‍ᠤᠨ ᠳᠡᠭᠡᠷ᠎ᠡ ᠲᠠᠯ᠎ᠠ ᠡᠴᠠ ᠨᠢ ᠵᠠᠬ᠎ᠠ ᠳᠠᠷᠠᠭᠠᠯᠠᠨ ᠪᠦᠬᠦᠨ ‍ᠢ ᠬᠠᠳᠤᠵᠤ ᠪᠤᠯᠳᠠᠭ ᠦᠭᠡᠢ ᠶᠤᠮ ᠃ ᠢᠡᠭᠬᠢᠵᠦ ᠬᠠᠳᠤᠪᠠᠯ ᠵᠢᠪᠡᠷ ‍ᠤᠨ ᠳᠡᠭᠡᠷ᠎ᠡ ᠲᠠᠯ᠎ᠠ ᠶ᠋ᠢᠨ ᠬᠢᠨᠢ ᠦᠯᠡᠳᠡᠭᠰᠡᠨ ᠭᠡᠰᠡᠭ ᠨᠢ ᠰᠠᠯᠬᠢ ᠮᠠᠡᠭᠬ᠎ᠠ ᠶ᠋ᠢ ᠬᠠᠯᠬᠠᠯᠠᠨ ᠨᠦᠮᠦᠷᠢ ᠪᠤᠯᠵᠤ ᠂ ᠵᠢᠪᠡᠷ ‍ᠤᠨ ᠳᠤᠤᠷᠠᠬᠢ ᠬᠠᠲᠤᠭᠰᠠᠨ ᠬᠡᠰᠡᠭ ‍ᠤᠨ ᠳᠠᠬᠢᠵᠦ ᠤᠷᠭᠤᠬᠤ ᠳ᠋ᠤ ᠨᠢ ᠲᠤᠲᠠᠵᠤ ᠪᠤᠯᠤᠰᠢ ᠦᠭᠡᠢ ᠨᠦᠬᠦᠴᠡᠯ ᠪᠤᠯᠳᠠᠭ ᠃

          ᠰᠢᠪᠠᠭᠤ ᠬᠠᠶᠠᠵᠤ ᠠᠡᠭᠨᠠᠬᠤ ᠵᠠᠡᠭᠰᠢᠯ

       ᠰᠢᠪᠰᠢᠭᠤᠳ ᠤᠪᠤᠭᠲᠠᠨ ‍ᠤ ᠬᠢᠨ ᠤᠭ ᠢᠵᠠᠭᠤᠷ ᠡᠴᠠ ᠪᠠᠨ ᠠᠪᠤᠭᠠᠳ ᠰᠢᠪᠠᠭᠤ ᠬᠠᠶᠠᠵᠤ ᠠᠡᠭᠨᠠᠭᠰᠠᠭᠠᠷ ᠢᠷᠡᠭᠰᠡᠨ ᠤᠷᠲᠤ ᠤᠳᠠᠭᠠᠨ ᠲᠡᠤᠭᠡ ᠲᠠᠢ ᠪᠢᠯᠨ ᠃ ᠰᠢᠪᠰᠢᠭᠤᠳ ᠤᠪᠤᠭᠲᠠᠨ ᠪᠤᠯ ᠡᠷᠲᠡᠨ ‍ᠤ ᠤᠷᠢᠶᠠᠡᠭᠬᠠᠢ ᠠᠶᠢᠮᠠᠭ ‍ᠤᠨ ᠨᠢᠭᠡᠨ ᠰᠠᠯᠪᠤᠷᠢ ᠮᠦᠨ ᠃ ᠲᠡᠤᠬᠡᠨ ᠳ᠋ᠤ ᠰᠢᠪᠰᠢᠭᠤᠳ ‍ᠢ ᠰᠢᠪᠠᠭᠤᠴᠢᠨ ᠭᠡᠵᠤ ᠳᠠᠭᠤᠳᠠᠵᠤ ᠪᠠᠶᠢᠵᠠᠢ ᠃ ᠬᠤᠵᠢᠮ ᠨᠢ ᠶᠠᠪᠤᠭᠠᠨ ᠳ᠋ᠤ ᠪᠠᠨ ᠶᠠᠷᠢᠶᠠᠨ ‍ᠤ ᠬᠡᠯᠡᠨ ‍ᠤ ᠰᠢᠪᠰᠢᠭᠤᠳ ᠭᠡᠵᠤ ᠳᠠᠭᠤᠳᠠᠬᠤ ᠪᠤᠯᠤᠯ᠎ᠠ ᠭᠡᠳᠡᠭ ᠃ ᠤᠷᠢᠶᠠᠡᠭᠬᠠᠢ ᠶ᠋ᠢᠨ ᠰᠢᠪᠠᠭᠤᠴᠢᠳ ‍ᠢ ᠤᠷᠢᠶᠠᠡᠭᠬᠠᠢ ᠶ᠋ᠢᠨ ᠰᠢᠪᠠᠭᠤᠴᠢᠨ ᠂ ᠡᠯᠵᠢᠭᠡᠨ ᠰᠢᠪᠠᠭᠤᠴᠢᠨ ᠂ ᠪᠦᠳᠦᠨ᠎ᠡ ᠶ᠋ᠢᠨ ᠰᠢᠪᠠᠭᠤᠴᠢᠨ ᠬᠡᠮᠡᠨ ᠭᠤᠷᠪᠠᠨ ᠤᠪᠤᠭᠲᠠᠨ ᠬᠤᠪᠢᠶᠠᠵᠤ ᠪᠠᠶᠢᠵᠠᠢ ᠃ ᠭᠤᠷᠪᠠᠡᠬᠤᠸᠠ ᠰᠤᠮᠤ ᠶ᠋ᠢᠨ ᠦᠯᠵᠠᠶᠢᠲᠠᠢ ᠠᠶᠢᠯ ‍ᠤᠨ ᠰᠢᠪᠰᠢᠭᠤᠳ ‍ᠤᠨ ᠪᠠᠯᠵᠢ ᠨᠠᠰᠤᠲᠠᠨ ᠪᠤᠯ ᠨᠠᠰᠤ ᠪᠠᠷ ᠢᠶᠡᠨ ᠰᠢᠪᠠᠭᠤ ᠬᠠᠶᠠᠵᠤ ᠠᠡᠭᠨᠠᠵᠤ ᠶᠠᠪᠤᠭᠰᠠᠨ ᠴᠤᠬᠤᠮ ᠬᠦ ᠰᠢᠪᠠᠭᠤᠴᠢᠨ ᠬᠦᠮᠦᠨ ᠶᠤᠮ ᠃
ᠰᠢᠪᠠᠭᠤ ᠬᠠᠶᠠᠬᠤ ᠳ᠋ᠤ ᠤᠷᠢᠳᠠᠪᠡᠷ ᠵᠠᠪᠠᠯ ᠳᠦᠷᠪᠡᠨ ᠠᠯᠬᠤᠮ ‍ᠤᠨ ᠰᠢᠷᠭᠠᠭᠤ ᠠᠵᠢᠯᠯᠠᠭ᠎ᠠ ᠪᠠᠶᠢᠬᠤ ᠭᠡᠷᠡᠭᠲᠡᠢ ᠭᠡᠳᠡᠭ ᠃ ᠡᠪᠦᠯ ᠪᠤᠯᠤᠮᠠᠭᠴᠠ ᠲᠦᠷᠦᠬᠦᠦ ᠠᠯᠬᠤᠮ ᠳ᠋ᠤ ᠪᠠᠨ ᠭᠡᠭᠡᠷ᠎ᠡ ᠭᠠᠷᠴᠦ ᠶᠡᠭᠡ ᠮᠤᠳᠤᠨ ᠲᠦᠡᠭ ᠢᠶᠠᠷ ᠬᠠᠶᠢᠨ ᠲᠤᠭᠤᠷᠢᠵᠦ ᠂ ᠠᠯᠢ ᠮᠤᠳᠤᠨ ᠳ᠋ᠤ ᠰᠢᠪᠠᠭᠤ ᠰᠠᠭᠤᠵᠤ ᠦᠡᠵᠢᠳᠡᠭ ‍ᠢ ᠪᠠᠭᠠᠰᠤ ᠪᠠᠷ ᠨᠢ ᠲᠤᠳᠤᠯᠠᠭᠰᠠᠨ ‍ᠤ ᠳᠠᠷᠠᠭ᠎ᠠ ᠬᠠᠷᠠᠡᠭᠭᠤᠢ ᠰᠦᠨᠢ ᠤᠷᠲᠤ ᠡᠰᠢ ᠲᠠᠢ ᠰᠢᠪᠠᠭᠤᠨ ᠤᠷᠠᠬ᠎ᠠ ᠪᠠᠷᠢᠨ ᠤᠴᠢᠵᠦ ᠂ ᠰᠢᠪᠠᠭᠤ ᠪᠦᠬᠦᠶᠢᠨ ᠰᠠᠭᠤᠵᠤ ᠰᠡᠷᠢᠬᠦᠨ ᠪᠠᠶᠢᠬᠤ ᠦᠶ᠎ᠡ ᠳ᠋ᠤ ᠨᠢ ᠳᠤᠤᠷ᠎ᠠ ᠨᠢ ᠮᠤᠳᠤ ᠶ᠋ᠢ ᠨᠢ ᠲᠤᠭᠤᠷᠢᠨ ᠵᠠᠯᠬᠠᠭᠤᠷᠠᠯ ᠦᠭᠡᠢ ᠠᠭᠠᠵᠢᠭᠤ ᠮᠦᠯᠬᠦᠵᠦ ᠂ ᠬᠡᠵᠢᠶ᠎ᠡ ᠰᠢᠪᠠᠭᠤ ᠲᠤᠭᠤᠭᠰᠢ ᠪᠠᠨ ᠬᠠᠷᠠᠵᠤ ᠶᠠᠳᠠᠭᠠᠳ ᠤᠡᠲᠠᠵᠤ ᠤᠷᠬᠢᠬᠤ ᠳ᠋ᠤ ᠨᠢ ᠰᠡᠮᠡᠷᠭᠡᠨ ᠤᠷᠠᠭᠳᠠᠨ ᠪᠠᠷᠢᠵᠦ ᠠᠪᠤᠨ᠎ᠠ ᠃ ᠢᠰᠡᠭᠡᠢ ᠦᠯᠦᠭᠡᠢ ᠳ᠋ᠤ ᠦᠯᠦᠭᠡᠶᠢᠳᠡᠨ ᠠᠪᠴᠦ ᠢᠷᠡᠭᠡᠳ ᠂ ᠢᠯᠢᠵᠦ ᠰᠢᠪᠲᠤᠷᠴᠦ ᠪᠠᠶᠢᠭᠠᠳ ᠲᠠᠰᠬᠠᠵᠤ ᠠᠪᠬᠤ ᠬᠤᠶᠠᠳᠤᠭᠠᠷ ᠠᠯᠬᠤᠮ ᠢᠶᠡᠨ ᠡᠬᠢᠯᠡᠳᠡᠭ ᠃ ᠬᠤᠶᠠᠷ ᠬᠦᠯ ‍ᠢ ᠨᠢ ᠡᠪᠡᠷ ᠡᠷᠬᠢᠯᠭᠡ ᠲᠠᠢ ᠰᠤᠷ ᠠᠷᠭᠠᠮᠵᠢᠶ᠎ᠠ ᠲᠠᠢ ᠲᠤᠱᠠ ᠪᠠᠷ ᠲᠤᠱᠠᠵᠤ ᠂ ᠳ᠋ᠦᠡᠵᠨ ᠮᠤᠳᠤᠨ ᠳᠡᠭᠡᠷ᠎ᠡ ᠳᠤᠬᠤᠢ ᠬᠠᠭᠠᠰ ᠬᠢᠷᠢᠲᠡᠢ ᠦᠡᠳᠦᠷ ᠂ ᠳᠡᠭᠡᠷ᠎ᠡ ᠦᠵᠦᠬᠦᠷ ᠲᠤ ᠨᠢ ᠬᠤᠶᠠᠷ ᠳᠤᠬᠤᠢ ᠤᠷᠲᠤ ᠬᠦᠡᠳᠡᠯᠡᠨ ᠮᠤᠳᠤ ᠰᠢᠭᠠᠭᠰᠠᠨ 《 ᠳᠤᠤᠭᠤᠷ 》 ᠭᠡᠳᠡᠭ ᠰᠢᠪᠠᠭᠤᠨ ᠰᠠᠭᠤᠳᠠᠯ ᠳ᠋ᠤ ᠠᠪᠠᠴᠢᠵᠦ ᠠᠷᠭᠠᠮᠵᠢᠳᠠᠭ ᠃ ᠢᠡᠭᠬᠢᠵᠦ ᠲᠠᠳᠲᠠᠯ᠎ᠠ ᠨᠢ ᠬᠠᠶᠨ ᠦᠯᠦᠭᠡᠶᠢᠳᠡᠨ ᠪᠠᠶᠢᠨ ᠳᠠᠬᠢᠨ ᠦᠳᠦ ᠰᠤᠳᠤ ᠶ᠋ᠢ ᠨᠢ ᠢᠯᠢᠵᠦ ᠰᠢᠪᠲᠤᠷᠤᠨ ᠵᠠᠰᠠᠵᠤ ᠦᠭᠭᠦ ᠪᠦᠭᠡᠳ ᠲᠤᠯᠤᠭᠠᠢ ᠶ᠋ᠢ ᠨᠢ ᠠᠭᠠᠵᠢᠭᠤ ᠢᠯᠢᠵᠦ ᠦᠭᠳᠡᠭ ᠃ ᠬᠠᠶᠨ ᠪᠠᠰᠠ 《ᠳᠤᠤᠭᠤᠷ 》 ᠮᠤᠳᠤᠨ ᠳᠡᠭᠡᠷ᠎ᠡ ᠪᠠᠨ ᠠᠪᠠᠴᠢᠵᠦ ᠠᠷᠭᠠᠮᠵᠢᠨ ᠰᠠᠭᠤᠯᠭᠠᠵᠤ ᠦᠭᠡᠳᠡ ᠡᠴᠠ ᠨᠢ ᠦᠭᠶᠦᠭᠡ ᠦᠵᠡᠬᠦᠯᠦᠨ ᠤᠷᠢᠵᠦ ᠬᠤᠪᠳᠤᠭ ‍ᠢ ᠨᠢ ᠬᠦᠷᠭᠡᠵᠦ ᠂ ᠴᠠᠭ ᠬᠡᠮᠵᠢᠶ᠎ᠡ ᠲᠠᠢ ᠲᠡᠵᠢᠭᠡᠳᠡᠭ ᠃ ᠨᠡᠯᠢᠶᠡᠳ ᠡᠳᠦᠷ ᠢᠡᠭᠬᠢᠵᠦ ᠲᠠᠰᠬᠠᠵᠤ ᠲᠠᠰᠤᠭᠰᠠᠨ ‍ᠤ ᠰᠡᠬᠦᠯᠡᠷ ᠰᠦᠢᠨ ᠤᠷᠢᠵᠦ ᠰᠤᠷᠭᠠᠬᠤ ᠭᠤᠷᠪᠠᠳᠤᠭᠠᠷ ᠠᠯᠬᠤᠮ ‍ᠤᠨ ᠠᠵᠢᠯᠯᠠᠭ᠎ᠠ ᠳ᠋ᠤ ᠪᠠᠨ ᠤᠷᠤᠨ᠎ᠠ ᠃ ᠦᠨᠦᠬᠢ ᠰᠢᠪᠠᠭᠤᠨ ᠰᠠᠭᠤᠳᠠᠯ ᠢᠶᠡᠨ ᠬᠤᠷᠤᠭᠠᠨ ‍ᠤ ᠳᠤᠮᠳᠠ ᠪᠠᠨ ᠲᠠᠯᠪᠢᠵᠦ ᠂ ᠰᠢᠪᠠᠭᠤ ᠪᠠᠨ ᠤᠷᠲᠤ ᠠᠷᠭᠠᠮᠵᠢ ᠪᠠᠷ ᠠᠷᠭᠠᠮᠵᠢᠨ ᠰᠠᠭᠤᠯᠭᠠᠭᠠᠳ ᠂ ᠰᠢᠪᠠᠭᠤ ᠨᠢᠰᠴᠦ ᠢᠷᠡᠵᠦ ᠳᠡᠶᠢᠯᠬᠦ ᠵᠠᠶᠢᠲᠠᠢ ᠭᠠᠵᠠᠷ ᠡᠴᠠ ᠭᠠᠷ ᠲᠤ ᠪᠠᠨ ᠵᠤᠵᠠᠭᠠᠨ ᠠᠷᠠᠰᠤᠨ ᠪᠡᠬᠡᠯᠡᠢ ᠬᠢᠵᠦ ᠦᠭᠶᠦᠭᠡ ᠮᠢᠬ᠎ᠠ ᠪᠠᠷᠢᠨ ᠦᠵᠡᠬᠦᠯᠵᠦ ᠄ 《 ᠵᠨ ! ᠵᠨ ! ᠬᠠᠢ ᠂ ᠵᠨ ! 》 ᠭᠡᠵᠤ ᠬᠠᠰᠬᠢᠷᠤᠨ ᠤᠷᠢᠨ᠎ᠠ ᠃ ᠡᠨᠡ ᠦᠶ᠎ᠡ ᠳ᠋ᠤ ᠦᠯᠳᠦᠭᠰᠡᠨ ᠰᠢᠪᠠᠭᠤ ᠡᠷᠭᠡ ᠦᠭᠡᠢ ᠨᠢᠰᠦᠨ ᠢᠷᠡᠵᠦ ᠦᠭᠶᠦᠭᠡ ᠳ᠋ᠤ ᠪᠠᠭᠤᠵᠤ ᠰᠢᠭᠠᠳᠠᠭ ᠃ ᠭᠡᠳᠦᠡᠳᠡ ᠰᠢᠭᠠᠯᠭᠠᠵᠤ ᠪᠠᠭ᠎ᠠ ᠰᠠᠭ᠎ᠠ ᠢᠳᠡᠬᠦᠯᠦᠭᠰᠡᠨ ‍ᠤ ᠳᠠᠷᠠᠭ᠎ᠠ ᠡᠷᠬᠢᠭᠡᠳ ᠠᠪᠠᠴᠢᠨ ᠠᠷᠭᠠᠮᠵᠢᠵᠦ ᠂ ᠦᠨᠦ ᠦᠭᠶᠦᠭᠡ ᠪᠠᠨ ᠳᠠᠬᠢᠨ ᠦᠵᠡᠬᠦᠯᠵᠦ ᠂ ᠬᠠᠰᠬᠢᠷᠤᠨ ᠢᠷᠡᠬᠦ ᠦᠶ᠎ᠡ ᠳ᠋ᠤ ᠰᠢᠪᠠᠭᠤ ᠠᠮᠠᠷᠬᠠᠨ ᠢᠷᠡᠵᠦ ᠦᠭᠶᠦᠭᠡᠨ ᠳ᠋ᠤ ᠪᠠᠭᠤᠵᠤ ᠪᠠᠶᠢᠪᠠᠯ ᠂ ᠤᠷᠢᠬᠤ ᠪᠠᠨ ᠪᠤᠯᠢᠵᠦ ᠨᠡᠯᠢᠶᠡᠳ ᠰᠠᠶᠢᠨ ᠴᠠᠳᠲᠠᠯ᠎ᠠ ᠢᠳᠡᠬᠦᠯᠳᠡᠭ ᠃ ᠢᠡᠭᠬᠢᠵᠦ ᠤᠯᠠᠨ ᠤᠳᠠᠭ᠎ᠠ ᠤᠷᠢᠨ ᠰᠤᠷᠭᠠᠵᠤ ᠲᠠᠰᠬᠠᠭᠰᠠᠨ ‍ᠤ ᠰᠡᠬᠦᠯᠡᠷ ᠰᠠᠶᠢᠨ ᠰᠢᠭ᠋ ᠰᠦᠢᠨ ᠦᠯᠳᠡᠭᠡᠵᠦ ᠪᠠᠶᠢᠭᠠᠳ ᠭᠡᠭᠡᠷ᠎ᠡ ᠠᠪᠠᠴᠢᠵᠦ ᠭᠤᠷᠭᠤᠤᠯ ᠲᠠᠤᠯᠠᠢ ᠰᠢᠭᠠᠯᠭᠠᠬᠤ ᠲᠦᠳᠦᠭᠡᠷ ᠠᠯᠬᠤᠮ ‍ᠤᠨ ᠠᠵᠢᠯᠯᠠᠭ᠎ᠠ ᠳ᠋ᠤ ᠪᠠᠨ ᠤᠷᠤᠳᠠᠭ ᠃ ᠲᠠᠰᠤᠭᠠᠳ ᠡᠨᠡ ᠬᠡᠮᠵᠢᠶᠡᠨ ᠳ᠋ᠤ ᠬᠦᠷᠦᠭᠰᠡᠨ ‍ᠤ ᠳᠠᠷᠠᠭ᠎ᠠ ᠰᠠᠶᠢ ᠠᠡᠭ ᠪᠠᠷᠢᠵᠦ ᠰᠢᠭᠠᠭᠰᠠᠨ ᠴᠤ ᠡᠵᠡᠨ ᠨᠢ ᠬᠤᠶᠢᠨ᠎ᠠ ᠡᠴᠠ ᠨᠢ ᠬᠦᠢᠴᠡᠵᠦ ᠢᠷᠡᠭᠡᠳ ᠦᠭᠶᠦᠭᠡ ᠦᠵᠡᠬᠦᠯᠦᠨ ᠄ 《ᠬᠠᠢ  ᠵᠨ ! ᠵᠨ ! 》 ᠭᠡᠵᠤ ᠬᠠᠰᠬᠢᠷᠦᠨ ᠤᠷᠢᠵᠦ ᠠᠪᠴᠢᠷᠠᠭᠠᠳ ᠪᠠᠷᠢᠭᠰᠠᠨ ᠠᠡᠭ ‍ᠤᠨ ᠰᠦᠪᠡᠭᠡ ᠶ᠋ᠢ ᠬᠢᠲᠤᠭ᠎ᠠ ᠪᠠᠷ ᠢᠷᠡᠵᠦ ᠬᠠᠶᠠᠭᠠᠳ ᠵᠢᠷᠦᠭᠡ ᠠᠭᠤᠰᠬᠢ ᠶ᠋ᠢ ᠨᠢ ᠠᠭᠤᠳᠠᠯᠤᠨ ᠭᠠᠷᠭᠠᠵᠤ ᠢᠳᠡᠬᠦᠯᠦᠨ ᠠᠮᠲᠠᠯᠠᠭᠤᠯᠵᠤ ᠪᠠᠶᠢᠭᠠᠳ ᠤᠯᠠᠮ ᠰᠠᠶᠢᠨ ᠲᠠᠰᠬᠠᠨ ᠠᠪᠳᠠᠭ ᠃ ᠭᠡᠷᠪᠡ ᠡᠵᠡᠨ ᠨᠢ ᠬᠦᠷᠴᠦ ᠠᠮᠵᠢᠬᠤ ᠦᠭᠡᠢ ᠪᠠᠷ ᠰᠢᠪᠠᠭᠤ ᠨᠢ ᠦᠪᠡᠷ ᠢᠶᠡᠨ ᠴᠠᠳᠲᠠᠯ᠎ᠠ ᠢᠳᠡᠴᠢᠭᠡᠪᠡᠯ ᠂ ᠦᠭᠶᠦᠭᠡ ᠦᠵᠡᠬᠦᠯᠦᠨ ᠤᠷᠢᠵᠦ ᠬᠠᠰᠬᠢᠷᠤᠨ᠎ᠠ ᠃ ᠵᠠᠷᠢᠮ ᠨᠢ ᠤᠷᠢᠵᠦ ᠬᠠᠰᠬᠢᠷᠤᠭᠰᠠᠨ ᠴᠤ ᠪᠤᠴᠠᠵᠤ ᠢᠷᠡᠬᠦ ᠦᠭᠡᠢ ᠮᠦᠷᠲᠡᠭᠡᠨ ᠲᠤᠲᠠᠭᠠᠭᠠᠳ ᠶᠠᠪᠤᠴᠢᠬᠠᠳᠠᠭ ᠪᠢᠯᠨ ᠃
ᠰᠢᠪᠰᠢᠭᠤᠳ ᠤᠪᠤᠭᠲᠠᠨ ‍ᠤ ᠬᠢᠨ ᠪᠠᠰᠠ ᠨᠢᠭᠡ ᠤᠯᠤᠭᠠᠢ ᠂ ᠬᠤᠳᠤᠭᠤᠳᠤ ᠂ ᠳᠡᠯᠢᠬᠦᠦ ᠂ ᠲᠤᠶᠢᠭ ᠢᠳᠡᠳᠡᠭ ᠦᠭᠡᠢ ᠴᠡᠭᠡᠷ ᠲᠠᠢ ᠶᠤᠮ ᠃ ᠬᠡᠤᠬᠡᠳ ᠦᠷ᠎ᠡ ᠠᠴᠢ ᠨᠠᠷ ᠲᠤ ᠪᠠᠨ 《 ᠤᠯᠤᠭᠠᠢ ᠢᠳᠡᠪᠡᠯ ᠤᠭᠴᠠᠷᠠᠵᠤ ᠦᠬᠦᠨ᠎ᠡ ᠂ ᠳᠡᠯᠢᠬᠦᠦ ᠢᠳᠡᠪᠡᠯ ᠳᠡᠯᠪᠡᠷᠡᠵᠦ ᠦᠬᠦᠨ᠎ᠡ 》 ᠭᠡᠵᠤ ᠠᠶᠤᠯᠭᠠᠨ ᠴᠡᠭᠡᠷᠯᠡᠬᠦᠯᠳᠡᠭ ᠃

          ᠳᠠᠯᠠᠯᠭ᠎ᠠ ᠠᠪᠬᠤ ᠵᠠᠡᠭᠰᠢᠯ

       ᠪᠤᠶᠠᠨ ᠭᠡᠰᠢᠭ ᠢᠶᠡᠨ ᠨᠡᠮᠡᠭᠳᠡᠬᠦᠯᠬᠦ ᠭᠡᠵᠤ ᠯᠠᠮᠨ ᠵᠠᠯᠠᠨ ᠨᠤᠮ ᠤᠡᠭᠰᠢᠭᠤᠯᠵᠤ ᠳᠠᠯᠠᠯᠭ᠎ᠠ ᠠᠪᠳᠠᠭ ᠃ ᠶᠠᠭᠤᠨ ‍ᠤ ᠡᠮᠦᠨ᠎ᠡ ᠳᠠᠯᠠᠯᠭ᠎ᠠ ᠶ᠋ᠢᠨ ᠶᠠᠭᠤᠮ᠎ᠠ ᠬᠡᠤᠮ᠎ᠡ ᠪᠠᠨ ᠪᠠᠵᠠᠭᠠᠵᠤ ᠂ ᠴᠢᠨᠠᠵᠤ ᠪᠤᠯᠭᠤᠭᠠᠭᠰᠠᠨ ᠬᠤᠨᠢᠨ ‍ᠤ ᠳᠠᠯᠤ ᠬᠠᠪᠢᠷᠭ᠎ᠠ ᠂ ᠬᠤᠬᠢᠰᠤ ᠲᠠᠢ ᠪᠦᠬᠦᠯᠢ ᠬᠤᠨᠢ ᠶ᠋ᠢ ᠮᠤᠳᠤᠨ ᠰᠠᠭᠤᠯᠠᠭᠠᠨ ᠳ᠋ᠤ ᠬᠢᠵᠦ ᠂ ᠬᠤᠬᠢᠰᠦ ᠲᠠᠢ ᠡᠪᠦᠳᠦᠭ ‍ᠢ ᠨᠢ ᠰᠠᠭᠤᠯᠠᠭ᠎ᠠ ᠶ᠋ᠢᠨ ᠠᠮᠠᠰᠠᠷ ᠡᠴᠠ ᠳᠡᠭᠡᠭᠰᠢ ᠪᠠᠨ ᠮᠤᠷᠤᠶᠢᠯᠭᠠᠨ ᠭᠠᠷᠭᠠᠭᠰᠠᠨ ᠰᠢᠬᠦᠰᠦ ᠲᠦᠷᠢᠬᠦᠯᠦᠭᠰᠡᠨ ᠳᠠᠪᠠᠭ ᠲᠠᠢ ᠬᠤᠷᠤᠳ ᠂ ᠦᠷᠦᠮ᠎ᠡ ᠂ ᠲᠤᠰᠤ ᠂ ᠬᠤᠯᠢᠭᠰᠠᠨ ᠠᠮᠤ ᠂ ᠪᠤᠷᠠᠮ ᠰᠢᠬᠢᠷ ᠂ ᠪᠤᠤᠪᠤ᠋ ᠪᠤᠭᠤᠷᠰᠤᠭ ᠂ ᠬᠢᠰᠤᠭ᠎ᠠ ᠪᠤᠤᠪᠤ᠋ ᠂ ᠬᠠᠭᠠᠷᠢᠭᠰᠠᠨ ᠪᠤᠤᠪᠤ᠋ ᠪᠠ ᠵᠦᠭᠡᠭᠡᠢ ᠲᠠᠢ ᠬᠤᠭᠤᠯᠨ ᠮᠡᠲᠦ ᠶ᠋ᠢᠨ ᠠᠮᠲᠠᠲᠤ ᠢᠳᠡᠭᠡᠨ ‍ᠢ ᠳᠠᠯᠠᠯᠭ᠎ᠠ ᠳ᠋ᠤ ᠤᠷᠤᠯᠴᠠᠭᠰᠨᠨ ᠬᠦᠮᠦᠨ ᠪᠦᠬᠦᠨ ᠳ᠋ᠤ ᠨᠢᠵᠡᠭᠡᠳ ‍ᠢ ᠪᠠᠷᠢᠭᠤᠯᠵᠤ ᠂ ᠯᠠᠮᠨ ᠨᠠᠷ ᠨᠢ ᠨᠤᠮ ᠤᠡᠭᠰᠢᠨ ᠡᠬᠢᠯᠡᠵᠦ ᠂ ᠪᠦᠷᠢᠶ᠎ᠡ ᠪᠢᠰᠬᠢᠬᠦᠷ ᠦᠯᠢᠶᠡᠨ ᠂ ᠬᠡᠡᠭᠭᠡᠷᠭᠡ ᠴᠠᠡᠭ ᠳᠡᠯᠡᠳᠦᠨ ᠂ ᠬᠤᠡᠭᠬᠤ ᠳᠠᠮᠠᠷᠤ ᠨᠢᠵᠢᠬᠢᠨᠡᠬᠦᠯᠬᠦ ᠦᠶ᠎ᠡ ᠳ᠋ᠤ ᠤᠯᠠᠨ ᠢᠶᠠᠷ ᠢᠶᠡᠨ ᠳᠠᠭᠠᠵᠤ 《 ᠬᠤᠷᠤᠢ ! ᠬᠤᠷᠢ ! ᠬᠤᠷᠤᠢ ! 》 ᠭᠡᠵᠤ ᠦᠡᠳᠦᠷ ᠳᠠᠭᠤᠨ ᠢᠶᠠᠷ ᠬᠤᠷᠤᠶᠢᠯᠠᠨ᠎ᠠ ᠃ ᠢᠡᠭᠬᠢᠵᠦ ᠬᠡᠴᠢᠨᠡᠬᠡᠨ ᠤᠳᠠᠭ᠎ᠠ ᠳᠠᠯᠠᠯᠵᠤ ᠳᠠᠭᠤᠰᠬᠤ ᠦᠶ᠎ᠡ ᠳ᠋ᠤ ᠳᠠᠯᠠᠯᠭ᠎ᠠ ᠶ᠋ᠢᠨ ᠲᠦᠷᠦᠬᠦᠦ ᠯᠠᠮᠨ ᠨᠢ ᠄ 《 ᠪᠤᠶᠠᠨ ᠭᠡᠰᠢᠭ ᠢᠷᠡᠪᠡ ᠤᠣ ? ᠲᠤᠭᠲᠠᠪᠠ ᠤᠣ ? 》 ᠭᠡᠵᠤ ᠠᠰᠠᠭᠤᠨ᠎ᠠ ᠃ ᠡᠨᠡ ᠦᠶ᠎ᠡ ᠳ᠋ᠤ ᠳᠠᠯᠠᠯᠤᠭᠰᠠᠨ ᠪᠦᠬᠦᠳᠡ ᠄ 《 ᠪᠤᠶᠠᠨ ᠭᠡᠰᠢᠭ ᠢᠷᠡᠪᠡ ᠃ ᠲᠤᠭᠲᠠᠪᠠᠢ ! 》 ᠭᠡᠵᠤ ᠪᠡᠯᠭᠡ ᠲᠠᠢ ᠦᠭᠡ ᠪᠠᠷ ᠬᠠᠷᠢᠭᠤᠯᠵᠠᠭᠠᠵᠤ ᠳᠠᠯᠠᠯᠭ᠎ᠠ ᠪᠠᠨ ᠲᠡᠬᠦᠰᠭᠡᠨ᠎ᠡ ᠃ ᠲᠡᠶᠢᠨ ᠬᠦ ᠤᠷᠢᠳᠠᠪᠠᠷ ᠯᠠᠮᠨ ᠨᠠᠷ ᠲᠤ ᠪᠠᠨ ᠰᠢᠬᠦᠰᠦ ᠮᠠᠡᠭᠵᠨ ᠴᠠᠪ ᠢᠶᠡᠨ ᠪᠠᠷᠢᠵᠦ ᠂ ᠳᠠᠷᠠᠭᠠᠯᠠᠨ ᠳᠠᠯᠠᠯᠭ᠎ᠠ ᠳ᠋ᠤ ᠤᠷᠤᠯᠴᠠᠭᠰᠠᠨ ᠬᠦᠭᠰᠢᠨ ᠨᠠᠰᠤᠲᠠᠨ ᠬᠡᠤᠬᠡᠳ ᠪᠠᠭᠠᠴᠤᠳ ᠲᠤ ᠬᠦᠷᠲᠡᠯ᠎ᠡ ᠴᠦᠮ ᠳᠠᠯᠠᠯᠭ᠎ᠠ ᠶ᠋ᠢᠨ ᠭᠡᠰᠢᠭ ᠬᠦᠷᠲᠡᠵᠡᠭᠡᠳᠡᠭ ᠃

          ᠨᠠᠶᠢᠷ ᠨᠠᠭᠠᠲᠤᠮ ‍ᠤᠨ ᠵᠠᠡᠭᠰᠢᠯ

      ᠪᠠᠶᠠᠷ ᠲᠤᠷᠠᠰᠬᠠᠯ ‍ᠤᠨ ᠡᠳᠦᠷ ᠪᠤᠶᠤ ᠵᠢᠯ ᠴᠠᠭᠠᠨ ᠰᠠᠷ᠎ᠠ ᠂ ᠡᠪᠦᠯ ‍ᠤᠨ ᠰᠡᠯᠡᠬᠦᠦ ᠴᠢᠯᠦᠭᠡ ᠴᠠᠭ ᠲᠤ ᠪᠠᠨ ᠴᠤᠭᠯᠠᠷᠠᠨ ᠰᠠᠭᠤᠵᠠᠭᠠᠭᠠᠳ ᠂ ᠴᠠᠭᠠᠰᠤᠨ ᠫᠠᠢ ( ᠰᠦᠢ ᠬᠡᠤ ) ᠂ ᠵᠢᠷᠠᠨ ᠫᠠᠢ ᠂ ᠬᠦ᠋ ᠫᠠᠢ ᠲᠠᠯᠪᠢᠬᠤ ᠪᠤᠶᠤ ᠠᠵᠢᠯ ‍ᠤᠨ ᠠᠮᠠᠷᠠᠯᠲᠠ ᠶ᠋ᠢᠨ ᠵᠠᠪᠰᠠᠷ ᠲᠤ ᠪᠠᠨ ᠪᠠᠰᠠ ᠪᠤᠭᠤ ᠶ᠋ᠢᠨ ᠵᠢᠷᠬᠢᠭᠡ ᠂ ᠦᠮᠦᠳᠦᠨ ᠠᠯᠠᠨ ᠵᠢᠷᠬᠢᠭᠡ ᠂ ᠠᠷᠪᠠᠨ ᠬᠤᠶᠠᠷ ᠵᠢᠷᠬᠢᠭᠡ ᠲᠠᠯᠪᠢᠨ ᠮᠦᠴᠡᠭᠡᠷᠭᠡᠵᠦ ᠂ ᠨᠢᠭᠡ ᠨᠢᠭᠡᠨ ᠢᠶᠡᠨ ᠵᠠᠪᠠᠯ ᠤᠯᠵᠤ ᠬᠤᠡᠵᠢᠵᠦ ᠭᠠᠷᠤᠨ᠎ᠠ ᠭᠡᠵᠤ ᠴᠢᠷᠠᠢ ᠵᠢᠰᠦ ᠪᠠᠨ ᠤᠯᠠᠶᠢᠲᠠᠯ᠎ᠠ ᠪᠠᠷᠬᠢᠷᠠᠨ ᠪᠤᠯᠢᠶᠠᠯᠴᠠᠳᠠᠭ ᠶᠤᠮ ᠃ ᠳᠡᠪᠡᠭ ᠢᠰᠬᠦᠯᠬᠦ ᠂ ᠱᠠᠭ᠎ᠠ ᠬᠠᠶᠠᠬᠤ ᠵᠡᠷᠭᠡ ᠲᠤᠭᠯᠠᠭᠠᠮ ᠪᠤᠢ ᠃ ᠱᠠᠭ᠎ᠠ ᠬᠠᠶᠠᠬᠤ ᠳ᠋ᠤ ᠪᠦᠬᠦ ᠂ ᠲᠡᠭ ᠂ ᠮᠠᠯ ᠂ ᠰᠸᠯ ᠂ ᠤᠡᠭᠭᠤᠳ ᠂ ᠬᠠᠡᠭᠬᠢᠯ ᠭᠡᠬᠦ ᠵᠢᠷᠭᠤᠭᠠᠨ ᠵᠦᠢᠯ ‍ᠤᠨ ᠨᠡᠷᠡᠶᠢᠳᠦᠯ ᠬᠤᠪᠢᠶᠠᠨ ᠲᠤᠭᠯᠠᠵᠠᠭᠠᠳᠠᠭ ᠶᠤᠮ ᠃ ᠤᠨᠢᠰᠤᠭ᠎ᠠ ᠲᠠᠭᠠᠬᠤ ᠂ ᠦᠯᠢᠭᠡᠷ ‍ᠤᠨ ᠳᠡᠪᠲᠡᠷ ᠤᠡᠭᠰᠢᠭᠤᠯᠵᠤ ᠦᠯᠢᠭᠡᠷ ᠰᠤᠨᠤᠰᠬᠤ ᠂ ᠳᠠᠭᠤᠤ ᠳᠠᠭᠤᠯᠠᠬᠤ ᠂ ᠬᠤᠭᠤᠷ ᠬᠦᠭᠵᠢᠮ ᠲᠠᠭᠠᠷᠠᠭᠤᠯᠬᠤ ᠂ ᠪᠠᠰᠠ ᠭᠠᠯᠨ ᠴᠤᠬᠢᠵᠦ ᠨᠠᠭᠠᠳᠬᠤ ᠪᠠ ᠰᠤᠷ ᠬᠠᠷᠪᠤᠨ ᠤᠷᠤᠯᠳᠤᠵᠠᠭᠠᠳᠠᠭ ᠵᠡᠷᠭᠡ ᠤᠯᠠᠨ ᠵᠦᠢᠯ ‍ᠤᠨ ᠨᠤᠲᠤᠭ ‍ᠤᠨ ᠮᠠᠯᠵᠢᠯ ᠰᠤᠶᠤᠯ ‍ᠤᠨ ᠲᠤᠭᠯᠠᠭᠠᠮ ᠪᠠᠶᠢᠭ᠎ᠠ ᠪᠢᠯᠨ ᠃

        ☆ ᠮᠠᠡᠭᠭᠤᠳ ᠠᠯᠲᠠᠡᠪᠤᠯᠠᠭ


ᠢᠷᠡᠯᠳᠡ᠄ ᠨᠠᠶᠢᠷᠠᠭᠤᠯᠤᠭᠴᠢ᠄ ᠰᠠᠷᠡᠨ᠎ᠠ