ᠨᠠᠢᠮᠠᠨ ‍ᠤ ᠤᠷᠤᠭ ᠬᠤᠷᠢᠮ ‍ᠤᠨ ᠶᠤᠰᠤᠨ

ᠣᠩᠰᠢᠭᠰᠠᠨ ᠤᠳᠠᠭ᠎ᠠ ᠄ 9529     ᠨᠡᠶᠢᠳᠡᠯᠡᠭᠰᠡᠨ ᠴᠠᠭ ᠄ 2016/4/26 9:54:17


     ᠨᠢᠬᠡ ᠂ ᠬᠣᠷᠢᠮ ‍ᠤᠨ ᠡᠳᠣᠷ ᠪᠡᠷᠢ ᠲᠣᠰᠬᠣ ᠪᠡᠷ ᠢᠷᠡᠭᠰᠡᠨ ᠬᠦᠷᠭᠡᠨ ‍ᠤ ᠲᠠᠯ᠎ᠠ ᠶ᠋ᠢᠨ ᠬᠦᠮᠣᠰ ‍ᠢ ᠱᠠᠭᠠᠨᠳᠣ ᠶ᠋ᠢᠨ ᠬᠢᠨ ᠭᠡᠳᠡᠭ ᠃ ᠱᠠᠭᠠᠳᠣ ᠶ᠋ᠢᠨ ᠬᠦᠮᠣᠨ ‍ᠤ ᠲᠣᠭ᠎ᠠ ᠠᠳᠠᠯᠢ ᠦᠬᠡᠢ ᠂ ᠶᠠᠳᠠᠭᠣ ᠬᠦᠮᠣᠰ ᠪᠣᠯ ᠶᠡᠷᠣᠡᠭᠭᠡᠢ ᠳ᠋ᠡᠭᠡᠨ ᠭᠣᠷᠪᠠᠨ ᠬᠦᠮᠣᠨ ᠂ ᠲᠦᠷᠣᠬᠦᠣ ᠨᠣᠶᠠᠨ ᠨᠢᠬᠡ ᠬᠦᠮᠣᠨ ᠂ ᠬᠦᠷᠭᠡᠨ ᠬᠢᠬᠡᠳ ᠬᠦᠷᠭᠡᠨ ᠲᠠᠭᠠᠭᠰᠠᠨ ᠬᠦᠮᠣᠨ ᠪᠠᠶᠢᠳᠠᠭ ᠃ ᠪᠠᠶᠠᠨ ᠠᠶᠢᠯ ‍ᠤᠨ ᠬᠢᠨ ᠪᠣᠯ ᠬᠦᠮᠣᠨ ‍ᠤ ᠲᠣᠭ᠎ᠠ ᠪᠠᠨ ᠣᠯᠠᠰᠢᠷᠠᠭᠣᠯᠣᠨ ᠲᠣᠭᠳᠠᠮᠠᠯ ᠪᠢᠰᠢ ᠪᠠᠶᠢᠯᠭᠠᠳᠠᠭ ᠃ ᠵᠦᠪᠬᠡᠨ ᠦᠷᠣᠭᠡᠰᠣᠨ ᠲᠣᠭ᠎ᠠ ᠪᠦᠬᠦᠢ ᠬᠦᠮᠣᠰ ᠪᠠᠶᠢᠵᠣ ᠂ ᠪᠣᠴᠠᠬᠣ ᠳ᠋ᠥ ᠪᠡᠨ ᠰᠢᠨ᠎ᠡ ᠪᠡᠷᠢ  ᠲᠠᠢ ᠪᠠᠨ ᠬᠣᠣᠰ ᠲᠣᠭ᠎ᠠ ᠪᠣᠯᠭᠠᠨ᠎ᠠ ᠃ ᠵᠠᠰᠠᠭ ‍ᠤᠨ ᠬᠣᠪᠢ ᠳ᠋ᠥ ᠲᠦᠷᠣᠬᠦᠣ ᠨᠣᠶᠠᠨ ᠵᠢᠡᠭᠰᠡ ᠵᠢᠯᠠᠭ᠎ᠠ ᠲᠠᠢ ᠮᠠᠯᠠᠭᠠᠢ ᠡᠮᠣᠰᠣᠨ᠎ᠡ ᠂ ᠬᠦᠷᠭᠡᠨ ᠨᠢ ᠬᠡᠳᠡ ᠬᠢᠳᠣᠭ᠎ᠠ ᠵᠡᠬᠦᠵᠣ ᠂ ᠲᠠᠮᠠᠬᠢᠨ ᠣᠭᠣᠳᠠ ᠂ ᠰᠣᠮᠣᠨ  ᠠᠯᠴᠢᠭᠤᠷ ᠰᠣᠶᠢᠷᠡᠭᠰᠡᠨ ᠪᠠᠶᠢᠳᠠᠭ ᠃ ᠨᠣᠮᠣ ᠰᠠᠭᠠᠳᠠᠭ ᠠᠭᠰᠠᠭᠠᠭᠰᠠᠨ ᠴᠦ ᠪᠠᠶᠢᠵᠣ ᠪᠣᠯᠣᠨ᠎ᠠ ᠃ ᠦᠬᠢᠨ ‍ᠤ ᠲᠠᠯ᠎ᠠ ᠡᠴᠠ ᠬᠦᠷᠭᠡᠨ ᠳ᠋ᠡᠭᠡᠨ ᠮᠣᠡᠭᠭᠣᠯ ᠬᠣᠪᠴᠠᠰᠣ ᠂ ᠣᠭᠠᠯᠵᠠ ᠱᠠᠭᠠᠯᠵᠠ ᠲᠠᠢ ᠭᠣᠳᠣᠯ ᠡᠮᠣᠰᠬᠡᠨ᠎ᠡ ᠃ ᠵᠢᠨᠴᠣ ᠳ᠋ᠠᠶᠢᠰᠠ ( ᠣᠯᠠᠭᠠᠨ ᠲᠣᠷᠭᠠᠨ ᠪᠦᠰᠡ ᠪᠣᠶᠣ ᠲᠣᠷᠭᠠᠨ ᠪᠦᠰᠡᠯᠡᠭᠦᠷ ) ᠪᠦᠰᠡᠯᠡᠬᠦᠯᠣᠨ᠎ᠡ ᠃ ᠰᠣᠮᠣᠨ ᠠᠯᠴᠢᠭᠣᠷ ( ᠴᠠᠭᠠᠨ ᠠᠯᠴᠢᠭᠣᠷ ) ᠵᠡᠬᠦᠯᠬᠡᠨ᠎ᠡ ᠃ ᠪᠠᠶᠠᠨ ᠬᠦᠮᠣᠨ ᠪᠣᠯ ᠡᠮᠡᠬᠡᠯ ᠬᠠᠵᠠᠭᠠᠷ ᠲᠠᠢ ᠮᠣᠷᠢ ᠱᠠᠡᠭᠨᠠᠨ᠎ᠠ ᠃
      ᠬᠣᠶᠠᠷ ᠂ ᠱᠠᠭᠠᠨᠳᠣ ᠢᠷᠡᠬᠦ ᠦᠶᠡᠰ ᠦᠬᠢᠨ ‍ᠤ ᠲᠠᠯ᠎ᠠ ᠶ᠋ᠢᠨ ᠬᠢᠨ ᠰᠢᠨ᠎ᠡ ᠪᠡᠷᠢ ᠪᠣᠯᠬᠣ ᠬᠡᠵᠣ ᠪᠠᠶᠢᠭ᠎ᠠ ᠦᠬᠢᠨ ᠢᠶᠡᠨ ᠡᠮᠣᠰᠬᠡᠯ ᠵᠠᠰᠠᠯ  ‍ᠢ ᠨᠢ ᠪᠦᠷᠢᠨ ᠪᠣᠯᠭᠠᠵᠣ ᠢᠵᠢᠯ ᠨᠠᠰᠣᠨ ‍ᠤ ᠲᠠᠪᠣᠨ ᠦᠬᠢᠨ ‍ᠤ ᠠᠷᠣ ( ᠵᠢᠷᠭᠣᠭᠠᠨ ᠦᠬᠢᠨ ᠳ᠋ᠥ) ᠳ᠋ᠥ  ᠬᠡᠪᠳᠡᠬᠦᠯᠦᠭᠰᠡᠨ ᠪᠠᠶᠢᠳᠠᠭ ᠃ ᠱᠠᠭᠠᠨᠳᠣ ᠶ᠋ᠢᠨ ᠬᠢᠨ ᠬᠡᠷ ᠲᠤ
ᠬᠦᠷᠴᠣ ᠢᠷᠡᠬᠦ ᠦᠶ᠎ᠡ ᠳ᠋ᠥ ᠂ ᠡᠬᠦᠳᠡ ᠲᠠᠷᠣᠵᠣ ᠵᠣᠪᠠᠭᠠᠳᠠᠭ ᠶᠣᠰᠣ ᠪᠣᠢ ᠃ ᠣᠯᠠᠡᠭᠬᠢ ᠳ᠋ᠠᠭᠠᠨ ᠵᠢᠬᠡ ᠦᠬᠢᠨ ᠪᠣᠶᠣ ᠪᠡᠷᠭᠡᠳ ᠨᠢ ᠡᠬᠦᠳᠡ ᠶ᠋ᠢ ᠲᠠᠷᠣᠵᠣ ᠠᠪᠣᠭᠠᠳ ᠬᠡᠯᠡᠮᠣᠷᠴᠢ ᠶ᠋ᠢᠨ ᠬᠡᠯᠡ ᠠᠮᠠ ᠶ᠋ᠢ ᠪᠠᠷᠠᠭᠠᠵᠣ ᠂ ᠰᠢᠬᠢᠷ ᠪᠣᠭᠣᠷᠰᠣᠭ  ᠪᠡᠯᠡᠭᠯᠡᠬᠦᠯᠦᠭᠡᠳ ᠰᠠᠶ᠋ᠢ ᠣᠷᠣᠭᠣᠯᠣᠨ᠎ᠠ ᠃ ᠶᠠᠭᠣᠨ ‍ᠤ ᠣᠷᠢᠳ ᠨᠢᠬᠡ ᠠᠮᠣᠷ ᠠᠰᠠᠭᠣᠭᠴᠢ ᠣᠷᠣᠵᠣ ᠢᠷᠡᠭᠡᠳ ᠣᠯᠠᠨ ᠳ᠋ᠥ ᠠᠮᠣᠷ ᠠᠰᠠᠭᠣᠭᠰᠠᠨ ‍ᠤ ᠲᠠᠷᠠᠭ᠎ᠠ ᠱᠠᠭᠠᠨᠳᠣ ᠶ᠋ᠢᠨ ᠬᠢᠨ ᠪᠦᠬᠦᠳᠡ ᠣᠷᠣᠵᠣ ᠢᠷᠡᠨ᠎ᠡ ᠃ ᠰᠢᠨ᠎ᠡ ᠬᠦᠷᠭᠡᠨ ᠰᠢᠨ᠎ᠡ ᠪᠡᠷᠢ ᠶ᠋ᠢᠨ ᠡᠮᠣᠨ᠎ᠡ ᠰᠠᠭᠣᠭᠰᠠᠨ ᠲᠠᠪᠣᠨ ᠦᠬᠢᠨ ᠳ᠋ᠥ ᠠᠷᠢᠬᠢ ᠪᠠᠷᠢᠨ ᠶᠣᠰᠣ ᠬᠦᠢᠴᠡᠳᠭᠡᠨ᠎ᠡ ᠃ ᠲᠠᠷᠠᠭ᠎ᠠ ᠨᠢ ᠪᠢᠶᠠᠡᠭᠬᠣ ( ᠬᠦᠬᠦᠷ ) ᠪᠠᠷᠢᠬᠣ ᠳ᠋ᠥ ᠨᠦᠬᠦᠬᠡ ᠲᠠᠪᠣᠨ ᠦᠬᠢᠨ ‍ᠤ ᠬᠠᠮᠣᠭ ᠲᠣᠣᠷ᠎ᠠ ᠲᠠᠯ᠎ᠠ ᠳ᠋ᠥ ᠰᠠᠭᠣᠭᠴᠢ ( ᠨᠠᠰᠣ ᠪᠡᠷ ᠬᠠᠮᠣᠭ ᠪᠠᠭ᠎ᠠ ᠦᠬᠢᠨ ) ᠪᠢᠶᠠᠡᠭᠬᠣ ᠶ᠋ᠢ ᠨᠢ ᠪᠣᠯᠢᠶᠠᠨ ᠠᠪᠳᠠᠭ ᠃ ᠢᠡᠭᠬᠢᠭᠡᠳ ᠰᠢᠨ᠎ᠡ ᠬᠦᠷᠭᠡᠨ ᠡᠴᠠ ᠲᠠᠭᠣᠤ ᠠᠪᠣᠨ᠎ᠠ ᠃ ᠰᠢᠨ᠎ᠡ ᠬᠦᠷᠭᠡᠨ ᠲᠠᠭᠣᠯᠠᠵᠣ ᠴᠢᠳᠠᠬᠣ ᠦᠬᠡᠢ ᠪᠣᠯ ᠬᠦᠷᠭᠡᠨ ᠲᠠᠭᠠᠭᠴᠢ ᠡᠴᠠ ᠣᠷᠣᠯᠠᠨ ᠲᠠᠭᠣᠯᠠᠨ᠎ᠠ ᠃ ᠣᠳᠣ  ᠴᠦ ᠡᠶᠢᠮᠣ ᠵᠠᠡᠭᠰᠢᠯ ᠪᠠᠶᠢᠭᠰᠠᠭᠠᠷ ᠪᠠᠶᠢᠨ᠎ᠠ ᠃ ᠭᠣᠷᠪᠠᠨᠳᠠ ᠲᠠᠭᠣᠤ ᠲᠠᠭᠣᠯᠠᠭᠣᠯᠣᠭᠰᠠᠨ ‍ᠤ ᠲᠠᠷᠠᠭ᠎ᠠ ᠰᠠᠶᠢ ᠪᠢᠶᠠᠡᠭᠬᠣ ᠶ᠋ᠢ ᠨᠢ ᠪᠣᠴᠠᠭᠠᠳᠠᠭ ᠃ ᠡᠬᠦᠨ ‍ᠤ ᠲᠠᠷᠠᠭ᠎ᠠ ᠲᠠᠪᠣᠨ ᠦᠬᠢᠨ ‍ᠤ ᠡᠮᠣᠨ᠎ᠡ ᠰᠢᠷᠡᠭᠡ ᠵᠠᠰᠠᠵᠣ ᠂ ᠱᠠᠭᠠᠳᠣ ᠶ᠋ᠢᠨ ᠬᠢᠨ ‍ᠢ ᠰᠠᠭᠣᠯᠭᠠᠨ ᠵᠣᠴᠢᠯᠠᠨ᠎ᠠ ᠃ ᠡᠬᠦᠨ ‍ᠢ ᠪᠠᠨ ᠲᠦᠪᠰᠢᠨ  ᠬᠤᠷᠢᠮ ᠬᠡᠳᠡᠭ ᠃ ᠲᠦᠷᠣᠬᠦᠣ ᠨᠣᠶᠠᠨ ‍ᠢ ᠨᠢ ᠭᠣᠣᠯ ᠳ᠋ᠥ ᠨᠢ ᠰᠠᠭᠣᠯᠭᠠᠭᠠᠳ ᠰᠢᠨ᠎ᠡ ᠬᠦᠷᠭᠡᠨ ᠢᠶᠠᠷ ᠠᠮᠠᠨ ᠬᠦᠵᠣᠬᠦᠣ ᠮᠣᠰᠬᠢᠭᠣᠯᠣᠨ᠎ᠠ ᠃ ᠲᠠᠷᠣᠢ ᠬᠣᠨᠢᠨ ‍ᠤ ᠠᠮᠠᠨ ᠬᠦᠵᠣᠬᠦᠣ ᠶ᠋ᠢ ᠮᠣᠰᠬᠢᠭᠣᠯᠵᠣ ᠲᠡᠡᠭᠬᠡᠬᠡ ᠴᠢᠳᠠᠯ ‍ᠢ ᠨᠢ ᠰᠣᠷᠢᠨ᠎ᠠ ᠃ ᠰᠢᠨ᠎ᠡ ᠬᠦᠷᠭᠡᠨ ᠦᠨᠣᠬᠢ ᠶ᠋ᠢ ᠨᠢ ᠮᠣᠰᠬᠢᠵᠣ ᠡᠷᠬᠢᠬᠦᠯᠴᠢᠬᠡᠬᠡᠳ ᠮᠢᠬ᠎ᠠ ᠡᠴᠠ ᠨᠢ ᠰᠠᠯᠭᠠᠬᠣ ᠦᠬᠡᠢ ᠲᠠᠯᠪᠢᠪᠠᠯ ᠪᠣᠯᠴᠢᠬᠠᠨ᠎ᠠ ᠃
      ᠭᠣᠷᠪᠠ ᠂ ᠦᠬᠢᠨ ᠢᠶᠡᠨ ᠮᠣᠷᠳᠠᠭᠣᠯᠵᠣ ᠭᠠᠷᠬᠣ ᠳ᠋ᠠᠭᠠᠨ ᠴᠠᠭᠠᠨ ᠢᠰᠡᠬᠡᠢ ᠶ᠋ᠢ ᠨᠣᠭᠣᠯᠵᠣ ᠲᠦᠷᠪᠡᠯᠵᠢᠯᠡᠬᠡᠳ ᠦᠬᠢᠨ ᠰᠠᠭᠣᠯᠭᠠᠭᠠᠳ ᠲᠦᠷᠪᠡᠨ ᠬᠦᠮᠣᠨ ᠲᠠᠮᠨᠠᠨ ᠣᠪᠣᠭ᠎ᠠ ᠪᠠᠨ ᠵᠦᠪ ᠭᠣᠷᠪᠠ ᠡᠷᠬᠢᠬᠡᠳ  ᠰᠠᠶ᠋ᠢ ᠲᠡᠷᠭᠡᠨ ᠳ᠋ᠥ ᠰᠠᠭᠣᠯᠭᠠᠬᠣ ᠪᠣᠶᠣ ᠣᠨᠣᠭ᠎ᠠ ᠳ᠋ᠥ ᠭᠠᠷᠭᠠᠨ᠎ᠠ ᠃
      ᠲᠦᠷᠪᠡ ᠂ ᠰᠢᠨ᠎ᠡ ᠪᠡᠷᠢ ᠪᠠᠨ ᠪᠠᠭᠣᠯᠭᠠᠭᠠᠳ ᠠᠪᠴᠢᠷᠠᠭᠰᠠᠨ ‍ᠤ ᠲᠠᠷᠠᠭ᠎ᠠ ᠲᠠᠷᠣᠢ ᠳ᠋ᠠᠭᠠᠨ ᠬᠦᠢᠴᠡᠳᠭᠡᠬᠦ ᠶᠣᠰᠣ ᠄ ( 1 ) ᠲᠡᠭᠷᠢ ᠳ᠋ᠥ ᠮᠦᠷᠬᠦᠬᠦᠯᠣᠨ᠎ᠡ ᠃ ᠪᠣᠰᠬᠠᠭᠰᠠᠨ ᠣᠪᠣᠭᠠᠨ ᠳ᠋ᠠᠭᠠᠨ ᠭᠠᠯ ᠲᠦᠯᠡᠵᠣ ᠢᠳᠡᠭᠡᠨ ᠣᠮᠳᠠᠭᠠᠨ ‍ᠤ ᠵᠣᠶᠢᠯ ᠢᠶᠡᠨ ᠡᠷᠬᠦᠬᠡᠳ ᠰᠢᠨ᠎ᠡ ᠪᠡᠷᠢ ᠪᠠᠨ ᠮᠦᠷᠬᠦᠬᠦᠯᠣᠨ᠎ᠡ ᠃ ( 2 ) ᠭᠠᠯ ᠳ᠋ᠠᠭᠠᠨ ᠮᠦᠷᠬᠦᠬᠦᠯᠣᠨ᠎ᠡ ᠃ ᠬᠣᠪᠣᠡᠭ ‍ᠤᠨ ᠭᠠᠯ ᠳ᠋ᠠᠭᠠᠨ ᠡᠷᠬᠦᠴᠡ ᠬᠢᠬᠡᠳ ᠰᠢᠨ᠎ᠡ ᠪᠡᠷᠢ ᠪᠠᠨ ᠮᠦᠷᠬᠦᠬᠦᠯᠣᠨ᠎ᠡ ᠃ ᠰᠢᠨ᠎ᠡ ᠪᠡᠷᠢ ᠨᠢ ᠰᠢᠨ᠎ᠡ ᠬᠦᠷᠭᠡᠨ ‍ᠤ ᠪᠠᠨ ᠭᠠᠯ ᠳ᠋ᠥ ᠮᠦᠷᠬᠦᠬᠦ ᠨᠢ ᠨᠢᠬᠡᠨᠳᠡ ᠡᠨᠡ ᠭᠡᠷ ‍ᠤᠨ ᠬᠡᠰᠢᠬᠦᠨ ᠪᠣᠯᠣᠭᠰᠠᠨ ‍ᠢ ᠢᠯᠡᠳᠭᠡᠵᠣ ᠪᠠᠶᠢᠨ᠎ᠠ ᠃ (3 ) ᠮᠦᠷᠬᠦᠭᠦᠯᠦᠭᠰᠡᠨ ᠠᠪᠣ ᠡᠵᠢ ᠲᠠᠨᠢᠨ᠎ᠠ ᠃ ᠮᠦᠷᠬᠦᠭᠦᠯᠦᠭᠰᠡᠨ ᠠᠪᠣ ᠪᠣᠯᠣᠭᠴᠢ ( ᠣᠷᠢᠳᠴᠢᠯᠡᠨ ᠬᠡᠯᠡᠯᠴᠡᠵᠣ ᠲᠣᠬᠢᠷᠠᠯᠴᠠᠭᠰᠠᠨ ᠪᠠᠶᠢᠬᠣ ) ᠡᠴᠠ ᠮᠦᠷᠬᠦᠭᠦᠯᠦᠭᠰᠡᠨ ᠦᠬᠢᠨ ‍ᠤ ᠪᠠᠨ ᠦᠰᠣ ᠶ᠋ᠢ ᠨᠢ ᠬᠠᠭᠠᠯᠣᠨ ᠣᠷᠣᠮᠳᠠᠪᠠᠯ ᠪᠣᠯᠴᠢᠬᠠᠨ᠎ᠠ ᠃ ᠡᠬᠦᠨ ‍ᠢ ᠪᠠᠨ ᠬᠠᠷ᠎ᠠ ᠦᠰᠣ ᠶ᠋ᠢ ᠨᠢ ᠬᠠᠭᠠᠯᠣᠨ ᠬᠠᠯᠠᠭᠣᠨ ᠭᠠᠯ ‍ᠢ ᠨᠢ ᠬᠦᠭᠵᠢᠬᠡᠨ᠎ᠡ ᠭᠡᠳᠡᠭ ᠃
      ᠲᠠᠪᠣ ᠂ ᠦᠬᠢᠨ ‍ᠤ ᠡᠳ᠋ᠯᠡᠯ ᠬᠡᠷᠡᠭᠰᠡᠯ ‍ᠢ ᠰᠢᠨ᠎ᠡ ᠠᠪᠳᠠᠷ᠎ᠠ ᠱᠦᠬᠦᠢ ᠳ᠋ᠥ ᠬᠢᠬᠡᠳ ᠬᠣᠶᠠᠷ ᠪᠡᠷᠭᠡᠨ ᠢᠶᠠᠷ ᠨᠢ ᠠᠮᠠᠰᠠᠷ ‍ᠢ ᠨᠢ ᠲᠠᠷᠣᠭᠣᠯᠣᠭᠠᠳ ᠢᠷᠡᠳᠡᠭ ᠃ ᠬᠦᠷᠭᠡᠨ ‍ᠤ ᠬᠢᠨ ᠳ᠋ᠥ ᠬᠦᠷᠬᠦ ᠳ᠋ᠥ ᠮᠦᠨ ᠬᠣᠶᠠᠷ ᠪᠡᠷᠭᠡᠨ ᠪᠣᠯᠣᠭᠴᠢ ᠬᠦᠮᠣᠨ ᠲᠣᠰᠣᠨ ᠠᠪᠴᠣ ᠠᠪᠳᠠᠷ᠎ᠠ ᠲᠠᠷᠣᠭᠴᠢ ᠬᠣᠶᠠᠷ ᠲᠤ ᠠᠷᠢᠬᠢ ᠪᠠᠷᠢᠨ᠎ᠠ ᠃ ᠡᠨᠡ ᠬᠣᠶᠠᠷ ᠨᠢ ᠲᠣᠰᠣᠭᠰᠠᠨ ᠠᠷᠢᠬᠢ ᠶ᠋ᠢ ᠠᠮᠰᠠᠯ ᠦᠬᠡᠢ ᠲᠡᠷᠭᠡᠨ ‍ᠤ ᠬᠦᠳᠡᠬᠢ ᠣᠷᠣᠭᠣ ᠴᠢᠳᠬᠣᠵᠣ  ᠤᠷᠬᠢᠳᠠᠭ ᠃ ᠡᠬᠦᠨ ᠳ᠋ᠥ ᠬᠦᠷᠭᠡᠨ ‍ᠤ ᠲᠠᠯ᠎ᠠ ᠶ᠋ᠢᠨ ᠬᠣᠶᠠᠷ ᠪᠡᠷᠬᠡᠨ ᠡᠴᠠ ᠦᠬᠢᠨ ‍ᠤ ᠲᠠᠯ᠎ᠠ ᠶ᠋ᠢᠨ ᠬᠣᠶᠠᠷ ᠪᠡᠷᠭᠡᠨ ᠳ᠋ᠥ ᠄ 《 ᠬᠣᠳᠠᠭᠠᠢ ᠨᠠᠷ ᠂ ᠰᠠᠶᠢᠨ ᠤᠣ? ᠲᠡᠨ ‍ᠢ ᠲᠣᠳᠣᠭᠰᠢ ᠪᠠᠨ ᠬᠦᠨᠳᠣᠳᠭᠡᠨ ᠣᠷᠢᠵᠣ ᠪᠠᠶᠢᠨ᠎ᠠ 》 ᠬᠡᠮᠡᠭᠰᠡᠭᠡᠷ ᠠᠪᠴᠣ ᠣᠷᠣᠳᠠᠭ ᠃
       ᠵᠢᠷᠭᠣᠭ᠎ᠠ ᠂ ᠬᠦᠷᠭᠡᠨ ᠨᠢ ᠪᠡᠷᠢ ᠪᠠᠨ ᠪᠠᠭᠣᠯᠭᠠᠭᠠᠳ ᠬᠠᠷᠢᠭᠰᠠᠨ ‍ᠤ ᠲᠠᠷᠠᠭ᠎ᠠ ᠦᠨᠣᠬᠢ ᠨᠣᠮᠣ ᠰᠠᠭᠠᠳᠠᠭ ᠢᠶᠡᠨ ᠴᠣᠡᠭᠬᠣᠨ ᠡᠮᠣᠨ᠎ᠡ ᠪᠠᠨ ᠭᠣᠷᠪᠠ ᠬᠣᠨᠣᠭ ᠬᠠᠳᠬᠣᠵᠣ ᠲᠠᠯᠪᠢᠨ᠎ᠠ ᠃ ᠰᠢᠨ᠎ᠡ ᠭᠡᠷ ‍ᠤᠨ ᠢᠶᠡᠨ ᠬᠡᠶᠢᠮᠤᠷᠢ ᠶ᠋ᠢ ᠬᠣᠷᠣᠶᠢᠯᠠᠵᠣ ᠪᠠᠶᠢᠭ᠎ᠠ ᠨᠢ ᠡᠨᠡ ᠪᠣᠯᠠᠢ ᠃
      ᠲᠣᠯᠣᠭ᠎ᠠ ᠂ ᠰᠠᠭᠣᠳᠠᠯ ᠳ᠋ᠥ ᠰᠠᠭᠣᠬᠣ ᠶᠣᠰᠣᠨ ᠭᠡᠵᠣ ᠪᠠᠶᠢᠳᠠᠭ ᠃ ᠡᠨᠡ ᠨᠢ ᠦᠬᠢᠨ ‍ᠤ ᠲᠠᠯ᠎ᠠ ᠶ᠋ᠢᠨ ᠪᠡᠷᠭᠡᠨ ᠪᠣᠯᠣᠭᠴᠢ ᠪᠣᠶᠣ ᠪᠣᠰᠣᠳ ᠬᠠᠮᠢᠶᠠᠳᠠᠨ ᠪᠦᠰᠡᠬᠦᠢ ( ᠨᠠᠰᠣᠳᠠᠢ ᠰᠠᠮᠠᠭᠠᠨ ᠴᠦ ᠪᠠᠶᠢᠳᠠᠭ ) ᠬᠣᠶᠠᠷ ᠰᠢᠨ᠎ᠡ ᠬᠦᠮᠣᠨ ‍ᠢ ᠪᠠᠨ ᠭᠣᠷᠪᠠ ᠬᠣᠨᠣᠭ ᠲᠠᠭᠠᠵᠣ ᠰᠠᠭᠣᠬᠣ ᠶ᠋ᠢ ᠬᠡᠯᠡᠨ᠎ᠡ ᠃
     ᠨᠠᠢᠮᠠ ᠂ ᠬᠣᠷᠢᠮ ᠣᠷᠣᠭ ᠲᠤ ᠬᠡᠷᠡᠭᠰᠡᠬᠦ ᠲᠠᠯ᠎ᠠ ᠪᠡᠯᠡᠭ ‍ᠤᠨ ᠶᠣᠰᠣᠨ ᠳ᠋ᠥ ᠶᠢᠰᠣ ᠪᠣᠶᠣ ᠲᠣᠯᠣᠭ᠎ᠠ ᠬᠡᠮᠡᠬᠦ ᠲᠣᠭ᠎ᠠ ᠪᠣᠢ ᠃ ᠲᠠᠷᠣᠢ ᠬᠦᠷᠭᠡᠨ ‍ᠤ ᠲᠠᠯ᠎ᠠ ᠡᠴᠠ ᠶᠢᠰᠣᠨ ᠦᠬᠡᠷ ᠂ ᠲᠣᠯᠣᠭᠠᠨ ᠦᠬᠡᠷ ‍ᠤᠨ ᠪᠡᠯᠡᠭ ᠲᠣᠰᠢᠶᠠᠳᠠᠭ ᠃ ᠪᠠᠶᠠᠨ ᠬᠦᠮᠣᠨ ᠪᠣᠯ ᠲᠡᠬᠦᠨ ‍ᠤ ᠲᠡᠭᠡᠷ᠎ᠡ ᠨᠢ ᠪᠠᠰᠠ ᠪᠡᠯᠡᠭ ‍ᠤᠨ ᠲᠦᠷᠣᠬᠦᠣ ᠮᠣᠷᠢ ᠬᠡᠵᠣ ᠨᠢᠬᠡ ᠮᠣᠷᠢ ᠴᠦ ᠪᠡᠯᠡᠭᠯᠡᠳᠡᠭ ᠃ ᠡᠨᠡ ᠨᠢ ᠪᠦᠷ ᠬᠣᠶᠠᠷ ᠲᠠᠯ᠎ᠠ ᠶ᠋ᠢᠨ ᠬᠡᠯᠡᠯᠴᠡᠵᠣ ᠲᠣᠬᠢᠷᠠᠯᠴᠠᠬᠣ ᠪᠡᠷ  ᠪᠤᠯᠤᠯᠴᠠᠨ᠎ᠠ ᠃ ᠵᠠᠷᠢᠮ ᠠᠮᠢᠳᠣᠷᠠᠯ ᠰᠠᠶᠢᠨ ᠬᠡᠷ ᠨᠢ ᠦᠬᠢᠨ ᠢᠶᠡᠨ ᠮᠣᠷᠳᠠᠬᠣ ᠳ᠋ᠥ ᠨᠢ ᠡᠨᠡ ᠪᠡᠯᠡᠭ ᠡᠴᠠ ᠲᠠᠪᠠᠭᠰᠠᠨ ᠬᠡᠮᠵᠢᠶ᠎ᠡ ᠪᠡᠷ ᠪᠣᠴᠠᠭᠠᠨ ᠦᠭᠳᠡᠭ ᠴᠦ ᠪᠣᠢ ᠃
       ᠶᠢᠰᠣ ᠂ ᠪᠣᠷᠬᠠᠨ ᠳ᠋ᠥ ᠮᠦᠷᠬᠦᠬᠦ ᠶᠣᠰᠣᠨ ᠄ ᠬᠠᠷᠢᠯᠠᠭᠰᠠᠨ ᠦᠬᠢᠨ ᠨᠢ ᠭᠣᠷᠪᠠ ᠬᠣᠨᠣᠭ ( ᠡᠰᠡᠬᠦᠯ᠎ᠡ ᠬᠡᠳᠣᠨ ᠡᠳᠣᠷ ᠪᠠᠶᠢᠭᠰᠠᠨ ᠴᠦ ᠪᠣᠯᠣᠨ᠎ᠠ ) ‍ᠤᠨ ᠲᠠᠷᠠᠭ᠎ᠠ ᠲᠦᠷᠬᠦᠮᠴᠢᠯᠡᠨ ᠬᠠᠷᠢᠭᠠᠳ ᠪᠣᠷᠬᠠᠨ ᠳ᠋ᠠᠭᠠᠨ ᠬᠦᠵᠡ ᠵᠣᠯᠠ ᠠᠰᠠᠭᠠᠨ ᠮᠦᠷᠬᠦᠬᠦ ᠶ᠋ᠢ ᠬᠡᠯᠡᠨ᠎ᠡ ᠃
      ᠠᠷᠪᠠ ᠂ ᠲᠡᠵᠢᠬᠡᠪᠣᠷᠢ ᠪᠡᠷᠢ ᠠᠪᠬᠣ ᠶᠣᠰᠣᠨ ᠄ ᠡᠨᠡ ᠶᠣᠰᠣᠨ ᠮᠠᠨ ‍ᠤ ᠨᠠᠢᠮᠠᠨ ᠨᠣᠳᠣᠭ ᠵᠦᠡᠭᠳᠡᠬᠡᠨ ᠪᠠᠶᠢᠭᠰᠠᠨ ᠶᠣᠮ ᠃ ᠬᠡᠷ ᠶᠠᠳᠠᠭᠣ ᠪᠣᠶᠣ ᠦᠨᠣᠴᠢᠨ ᠦᠷᠣᠭᠡᠰᠣᠨ ᠪᠣᠯᠣᠭᠰᠠᠨ ᠵᠢᠭᠠᠯ ᠦᠬᠢᠨ ‍ᠢ 《 ᠲᠡᠵᠢᠬᠡᠪᠣᠷᠢ ᠪᠡᠷᠢ 》 ᠨᠡᠷ᠎ᠡ ᠲᠠᠢ ᠡᠷᠬᠦᠨ ᠠᠪᠴᠣ ᠨᠠᠰᠣᠨ ᠳ᠋ᠥ ᠬᠦᠷᠴᠣ ᠲᠣᠮᠣ ᠪᠣᠯᠣᠭᠰᠠᠨ ‍ᠤ ᠲᠠᠷᠠᠭ᠎ᠠ ᠦᠪᠡᠷ ‍ᠤᠨ ᠬᠦᠣ ᠲᠠᠢ ᠪᠠᠨ ᠬᠣᠯᠪᠣᠵᠣ ᠪᠠᠶᠢᠳᠠᠭ ᠃  ( ᠮᠠ‍  ᠪᠦᠭᠡ ᠡᠮᠬᠢᠳᠭᠡᠪᠠ )
ᠢᠷᠡᠯᠳᠡ᠄ ᠬᠤᠯᠪᠤᠭ᠎ᠠ ᠰᠦᠯᠵᠢᠶ᠎᠎᠎᠎᠎᠎᠎᠎᠎᠎᠎᠎᠎᠎᠎ᠠ ᠨᠠᠶᠢᠷᠠᠭᠤᠯᠤᠭᠴᠢ᠄ ᠰᠠᠷᠡᠨ᠎ᠠ