ᠭᠡᠵᠢᠶ᠎ᠡ ᠡᠬᠦᠷᠢᠲᠡ ᠬᠡᠮᠡᠬᠦ ᠨᠢ ᠬᠡᠳᠦᠢ ᠤᠷᠲᠤ ᠬᠤᠭᠤᠴᠠᠭ᠎ᠠ ᠪᠤᠢ

ᠣᠩᠰᠢᠭᠰᠠᠨ ᠤᠳᠠᠭ᠎ᠠ ᠄ 7672     ᠨᠡᠶᠢᠳᠡᠯᠡᠭᠰᠡᠨ ᠴᠠᠭ ᠄ 2016/4/25 14:53:11

      ᠵᠠᠷᠢᠮ ᠬᠦᠮᠦᠨ ᠲᠠᠢ ᠲᠠ ᠡᠳᠦᠷ ᠪᠤᠯᠭᠠᠨ ᠤᠴᠠᠷᠠᠬᠤ ᠶ᠋ᠢᠨ ᠬᠤᠪᠢ ᠲᠠᠢ ᠪᠠᠶᠢᠳᠠᠭ ᠪᠤᠯ ᠵᠠᠷᠢᠮ ᠬᠦᠮᠦᠨ ᠲᠠᠢ ᠬᠠᠷᠢᠨ ᠨᠢᠭᠡ ᠨᠠᠰᠤᠨ ᠳ᠋ᠤ ᠪᠠᠨ ᠲᠤᠭ᠎ᠠ ᠲᠠᠢ ᠬᠡᠳᠦᠬᠡᠨ ᠤᠳᠠᠭ᠎ᠠ ᠵᠤᠯᠭᠠᠬᠤ ᠶ᠋ᠢᠨ ᠢᠷᠦᠬᠡᠯ ᠲᠠᠢ ᠪᠠᠶᠢᠭ᠎ᠠ ᠶᠤᠮ ᠃ ᠲᠡᠷᠨ ᠮᠦᠷᠲᠡᠭᠡᠨ ᠭᠠᠭᠴᠠ ᠤᠳᠠᠭ᠎ᠠ ᠴᠤ ᠭᠡᠰᠡᠨ ᠵᠤᠯᠭᠠᠬᠤ ᠶᠤᠮ ᠰᠠᠨ ᠭᠡᠳᠡᠭ ᠰᠠᠶᠢᠬᠠᠨ ᠬᠦᠰᠡᠯ ‍ᠢ ᠲᠦᠷᠦᠬᠦᠯᠦᠭᠰᠡᠨ ᠨᠦᠬᠦᠭᠡ ᠬᠦᠮᠦᠨ ᠲᠠᠨᠢ ᠭᠠᠷᠴᠠᠭ᠎ᠠ ᠦᠭᠡᠢ ᠲᠠᠨ ‍ᠤ ᠰᠢᠲᠦᠵᠦ ᠪᠢᠰᠢᠷᠡᠳᠡᠭ ᠂ ᠡᠰᠡᠬᠦᠯ᠎ᠡ ᠬᠠᠶᠢᠷᠠᠯᠠᠵᠤ ᠰᠠᠨᠠᠳᠠᠭ ᠬᠦᠮᠦᠨ ᠪᠠᠶᠢᠬᠤ ᠶᠤᠰᠤᠲᠠᠢ ᠃ ᠰᠠᠶᠢᠬᠠᠨ ᠪᠦᠰᠡᠬᠦᠢ ᠵᠤᠬᠢᠶᠠᠯᠴᠢ ᠬᠡᠮᠡᠭᠳᠡᠭᠰᠡᠨ  ᠲᠢᠶ᠋ᠸ ᠨᠢᠡᠭ ᠠᠪᠠᠭᠠᠢ ᠪᠤᠯ ᠶᠠᠭ ᠮᠢᠨᠦ ᠰᠢᠲᠦᠵᠦ ᠪᠢᠰᠢᠷᠡᠳᠡᠭ ᠬᠦᠮᠦᠨ ‍ᠤ ᠨᠢᠭᠡᠨ ᠪᠤᠯᠬᠤ ᠶᠤᠮ ᠃
ᠲᠢᠶ᠋ᠸ ᠨᠢᠡᠭ ᠲᠠᠢ ᠬᠠᠮᠤᠭ ᠠᠡᠭᠬ᠎ᠠ ᠤᠴᠠᠷᠠᠭᠰᠠᠨ ᠨᠢ  ᠯᠦ ᠰᠢᠶᠦ᠋ᠨ ᠤᠳᠬ᠎ᠠ ᠵᠤᠬᠢᠶᠠᠯ ‍ᠤᠨ ᠬᠦᠷᠢᠶᠡᠯᠡᠡᠭ ‍ᠤᠨ ᠢᠳᠡᠷ ᠵᠠᠯᠠᠭᠤ ᠵᠤᠬᠢᠶᠠᠯᠴᠢᠳ ‍ᠤᠨ ᠳᠡᠭᠡᠳᠦ ᠳᠡᠰ ‍ᠤᠨ ᠰᠤᠳᠤᠯᠬᠤ ᠠᠡᠭᠬᠢ ᠶ᠋ᠢᠨ ᠰᠤᠷᠭᠠᠭᠤᠯᠢ ᠡᠬᠢᠯᠡᠬᠦ ᠶᠤᠰᠤᠯᠠᠯ ᠳᠡᠭᠡᠷ᠎ᠡ ᠪᠠᠶᠢᠭᠰᠠᠨ ᠃ ᠲᠢᠶ᠋ᠸ ᠨᠢᠡᠭ ᠲᠤᠰ ᠶᠤᠰᠤᠯᠠᠯ ᠳ᠋ᠤ ᠲᠤᠰᠬᠠᠶᠢᠯᠠᠨ ᠭᠡᠷᠡᠯᠳᠦᠬᠦᠯᠦᠨ ᠰᠠᠭᠠᠲᠠᠭᠰᠠᠨ ᠢᠶᠠᠷ ᠲᠡᠭᠦᠨ ᠲᠠᠢ ᠵᠤᠯᠭᠠᠬᠤ ᠶ᠋ᠢ ᠬᠦᠰᠡᠭᠰᠡᠨ ᠠᠯᠢ ᠡᠷᠲᠡ ᠶ᠋ᠢᠨ ᠬᠦᠰᠡᠯ ᠮᠢᠨᠢ ᠲᠡᠷᠨ ᠯᠠ ᠡᠳᠦᠷ ᠪᠡᠶᠡᠯᠡᠭᠰᠡᠨ ᠳ᠋ᠠ ᠃ ᠲᠡᠭᠡᠬᠦ ᠳ᠋ᠤ ᠲᠢᠶ᠋ᠸ ᠨᠢᠡᠭ ᠠᠪᠠᠭᠠᠢ ᠨᠢᠭᠡᠨ ᠲᠤᠮᠤᠬᠠᠨ ᠬᠦᠷᠦᠨ ‍ᠤ ᠵᠤᠬᠢᠶᠠᠯᠴᠢᠳ ‍ᠤᠨ ᠡᠪᠯᠡᠯ ‍ᠤᠨ ᠲᠡᠷᠢᠬᠦᠯᠡᠭᠴᠢ ᠶ᠋ᠢᠨ ᠬᠤᠪᠢ ᠪᠠᠷ ᠮᠢᠨᠦ ᠡᠮᠦᠨ᠎ᠡ ᠢᠯᠡᠷᠡᠵᠦ ᠂ ᠪᠢ ᠵᠤᠬᠢᠶᠠᠯᠴᠢᠳ ‍ᠤᠨ ᠡᠪᠯᠡᠯ ‍ᠤᠨ ᠬᠠᠮᠢᠶᠠᠷᠤᠯᠲᠠ ᠳᠤᠤᠷ᠎ᠠ ᠪᠠᠶᠢᠭ᠎ᠠ  ᠯᠦ ᠰᠢᠶᠦ᠋ᠨ ᠨᠡᠷᠡᠮᠵᠢᠳᠦ ᠤᠳᠬ᠎ᠠ ᠵᠤᠬᠢᠶᠠᠯ ‍ᠤᠨ ᠳᠡᠭᠡᠳᠦ ᠰᠤᠷᠭᠠᠭᠤᠯᠢ ᠳ᠋ᠤ ᠰᠤᠷᠤᠯᠴᠠᠭᠴᠢ ᠶ᠋ᠢᠨ ᠬᠤᠪᠢ ᠪᠠᠷ ᠲᠡᠬᠦᠨ ‍ᠤ ᠡᠮᠦᠨ᠎ᠡ ᠲᠤᠳᠤᠷᠠᠭᠰᠠᠨ ᠪᠠᠶᠢᠭ᠎ᠠ ᠶᠤᠮ ᠃ ᠡᠨᠡ ᠨᠢ ᠠᠳᠠᠯᠢᠬᠠᠨ ᠵᠤᠬᠢᠶᠠᠯ ᠪᠢᠴᠢᠳᠡᠭ ᠤᠯᠤᠰ ‍ᠤᠨ ᠬᠤᠪᠢ ᠳ᠋ᠤ 《 ᠡᠷᠭᠡ ᠲᠡᠭᠰᠢ ᠪᠤᠰᠤ 》 ᠵᠤᠯᠭᠠᠯᠲᠠ ᠪᠠᠶᠢᠭᠰᠠᠨ ᠃ ᠭᠡᠬᠦ ᠳ᠋ᠤ ᠶᠠᠭᠠᠬᠢᠬᠤ ᠪᠤᠢ ᠂ ᠡᠬᠦᠨ ᠡᠴᠠ ᠦᠭᠡᠷ᠎ᠡ ᠬᠡᠯᠪᠡᠷᠢ ᠪᠠᠷ ᠲᠡᠬᠦᠨ ᠲᠠᠢ ᠵᠤᠯᠭᠠᠬᠤ ᠪᠤᠯᠤᠯᠴᠠᠭ᠎ᠠ ᠲᠠᠡᠭᠴᠤ ᠠᠯᠠᠭ᠎ᠠ ᠃ ᠶᠡᠷᠦ ᠨᠢ ᠲᠢᠶ᠋ᠸ ᠨᠢᠡᠭ ᠲᠠᠢ ᠡᠷᠬᠢᠮ ᠤᠳᠤᠷᠢᠳᠤᠯᠭ᠎ᠠ ᠬᠢᠭᠡᠳ ᠡᠭᠡᠯ ᠰᠤᠷᠤᠯᠭᠠᠲᠠᠨ ‍ᠤ ᠬᠡᠯᠪᠡᠷᠢ ᠪᠠᠷ ᠵᠤᠯᠭᠠᠭᠰᠠᠨ ᠨᠢ ᠮᠢᠨᠦ ᠪᠤᠷᠤᠭᠤ ᠴᠤ ᠪᠢᠰᠢ ᠃ ᠡᠨᠡ ᠨᠢ ᠬᠠᠷᠠᠮᠰᠠᠯᠲᠠᠢ ᠴᠤ ᠬᠡᠮᠡᠷ ᠠᠵᠤ ᠪᠠᠶᠢᠭᠰᠠᠨ ᠴᠤ ᠶᠠᠭᠠᠬᠢᠬᠤ ᠪᠤᠢ ᠂ ᠮᠢᠨᠦ ᠪᠦᠰᠡᠬᠦᠢ ᠵᠤᠬᠢᠶᠠᠯᠴᠢ ᠲᠢᠶ᠋ᠸ ᠨᠢᠡᠭ ‍ᠢ ᠰᠢᠲᠤᠨ ᠪᠢᠰᠢᠷᠡᠬᠦ ᠪᠠ ᠲᠡᠬᠦᠨ ᠲᠠᠢ ᠵᠤᠯᠭᠠᠬᠤ ᠶ᠋ᠢ ᠬᠦᠰᠡᠬᠦ ᠬᠠᠯᠠᠭᠤᠨ ᠰᠡᠳᠬᠢᠯᠭᠡ ᠳ᠋ᠤ ᠳᠡᠮᠡᠢ ᠬᠠᠷᠰᠢ ᠪᠤᠯᠤᠮᠠᠷ ᠦᠭᠡᠢ ᠯᠠ ᠳ᠋ᠠ ᠃
      ᠲᠡᠷᠨ ᠡᠳᠦᠷ ᠰᠤᠷᠭᠠᠭᠤᠯᠢ ᠡᠬᠢᠯᠡᠬᠦ ᠶᠤᠰᠤᠯᠠᠯ ᠬᠢᠬᠦ ᠡᠴᠠ ᠡᠮᠦᠨ᠎ᠡ ᠬᠠᠮᠲᠤ ᠶ᠋ᠢᠨ ᠳᠤᠷᠠᠰᠬᠠᠯ ᠰᠡᠬᠦᠳᠡᠷ ᠠᠪᠬᠠᠭᠤᠯᠬᠤ ᠪᠠᠷ ᠪᠤᠯᠵᠠᠢ ᠃ ᠮᠠᠨ ‍ᠤ ᠠᠡᠭᠬᠢ ᠶ᠋ᠢᠨ ᠳᠦᠴᠢᠨ ᠨᠠᠢᠮᠠᠨ ᠬᠠᠮᠲᠤ ᠨᠦᠬᠦᠳ ᠠᠡᠭᠬᠢ ᠶ᠋ᠢᠨ ᠡᠷᠬᠢᠯᠡᠭᠴᠢ ᠸᠠᠡᠭ ᠪᠢᠡᠭ ( ᠮᠠᠨ ‍ᠤ ᠠᠡᠭᠬᠢ ᠳ᠋ᠤ ᠭᠤᠷᠪᠠᠨ ᠠᠡᠭᠬᠢ ᠶ᠋ᠢᠨ ᠡᠷᠬᠢᠯᠡᠭᠴᠢ ᠪᠤᠢ ᠃ ᠨᠦᠬᠦᠭᠡ ᠬᠤᠶᠠᠷ ᠨᠢ  ᠬᠦᠸ᠋ᠸ ᠶᠠᠨ ᠂ ᠶᠠᠨ ᠢᠡᠭ ᠴᠦᠨ ᠭᠡᠳᠡᠭ ) ᠪᠠᠭᠰᠢ ᠶ᠋ᠢᠨ ᠵᠠᠷᠯᠢᠭ ᠢᠶᠠᠷ ᠲᠠᠪᠤᠨ ᠮᠦᠷ ᠢᠶᠠᠷ ᠶᠡᠨᠳᠠᠷ ᠮᠠᠶ᠋ᠢᠭ ᠢᠶᠠᠷ ᠵᠢᠭᠰᠠᠭᠠᠵᠤ ᠲᠠᠯᠪᠢᠭᠰᠠᠨ ᠰᠠᠡᠳᠠᠯᠢ ᠶ᠋ᠢᠨ ᠬᠤᠶᠢᠲᠦᠬᠢ ᠳᠦᠷᠪᠡᠨ ᠮᠦᠷ ᠲᠤ ᠪᠠᠶᠢᠷᠢ ᠪᠠᠶᠢᠷᠢ ᠪᠠᠨ ᠤᠯᠵᠤ ᠵᠤᠭᠰᠤᠭᠠᠳ ᠰᠡᠬᠦᠳᠡᠷ ᠠᠪᠬᠠᠭᠤᠯᠬᠤ ᠳ᠋ᠤ ᠪᠡᠯᠡᠳᠭᠡᠪᠡ ᠃ ᠶᠠᠷᠢᠶᠠᠨ ᠦᠭᠡᠢ ᠬᠠᠮᠤᠭ ᠡᠮᠦᠨᠡᠬᠢ ᠮᠦᠷ ᠰᠠᠡᠳᠠᠯᠢ ᠨᠢ ᠳᠠᠷᠤᠭᠠᠲᠠᠳ ‍ᠤᠨ ᠰᠠᠭᠤᠳᠠᠯ ᠪᠤᠯᠬᠤ ᠶᠤᠮ ᠃
      ᠡᠨᠡ ᠦᠶ᠎ᠡ ᠳ᠋ᠤ ᠲᠢᠶ᠋ᠸ ᠨᠢᠡᠭ ᠬᠢᠭᠡᠳ ᠪᠤᠰᠤᠳ ᠵᠤᠬᠢᠶᠠᠯᠴᠢᠳ ‍ᠤᠨ ᠡᠪᠯᠡᠯ ‍ᠤᠨ ᠤᠳᠤᠷᠢᠳᠤᠯᠭ᠎ᠠ ᠨᠠᠷ ᠮᠡᠯᠡᠬᠡᠢ ᠲᠡᠷᠭᠡ ᠪᠠᠷ ᠬᠤᠶᠢᠨ᠎ᠠ ᠬᠤᠶᠢᠨ᠎ᠠ ᠡᠴᠠ ᠪᠠᠨ ᠬᠦᠷᠦᠯᠴᠡᠨ ᠢᠷᠡᠵᠡᠭᠡᠪᠡ ᠃ ᠲᠢᠶ᠋ᠸ ᠨᠢᠡᠭ ᠲᠡᠷᠭᠡᠨ ᠡᠴᠠ ᠪᠠᠨ ᠪᠠᠭᠤᠵᠤ ᠢᠷᠡᠭᠰᠡᠨ ᠬᠤᠶᠢᠨ᠎ᠠ ᠪᠤᠰᠤᠳ ᠪᠠᠷᠠᠲᠠᠨ ᠳᠠᠭᠠᠭᠰᠠᠳ ᠲᠠᠢ ᠪᠠᠨ ᠬᠠᠮᠲᠤ ᠮᠠᠨ ‍ᠤ ᠡᠮᠦᠨ᠎ᠡ ᠢᠷᠡᠵᠦ ᠂ ᠡᠮᠦᠨ᠎ᠡ ᠬᠤᠶᠠᠷ ᠮᠦᠷ ᠲᠤ ᠵᠢᠭᠰᠠᠭᠰᠠᠨ ᠨᠦᠬᠦᠳ ᠲᠠᠢ ᠨᠢᠭᠡᠳ ᠨᠢᠭᠡ ᠪᠠᠷ ᠭᠠᠷ ᠠᠳᠬᠤᠯᠴᠠᠵᠤ ᠡᠬᠢᠯᠡᠵᠡᠢ ᠃ ᠠᠷᠤ ᠶ᠋ᠢᠨ ᠬᠤᠶᠠᠷ ᠮᠦᠷ ᠲᠤ ᠵᠤᠭᠰᠤᠭᠰᠠᠨ ᠨᠦᠬᠦᠳ ᠲᠠᠢ ᠭᠠᠷ ᠪᠠᠷᠢᠯᠴᠠᠭ᠎ᠠ ᠦᠭᠡᠢ ᠃ ᠤᠴᠢᠷ ᠨᠢ ᠠᠷᠤ ᠶ᠋ᠢᠨ ᠬᠤᠶᠠᠷ ᠮᠦᠷ ᠲᠤ ᠵᠤᠭᠰᠤᠭᠰᠠᠨ ᠨᠦᠬᠦᠳ ᠲᠠᠢ ᠭᠠᠷ ᠪᠠᠷᠢᠯᠴᠠᠬᠤ ᠳ᠋ᠤ ᠭᠠᠷ ᠢᠶᠡᠨ ᠰᠤᠡᠭᠭᠠᠬᠤ ᠦᠭᠡᠢ ᠪᠤᠯ ᠬᠦᠷᠦᠯᠴᠡᠬᠦ ᠦᠭᠡᠢ ᠯᠠ ᠪᠠᠶᠢᠯ᠎ᠠ ᠃ ᠨᠠᠳᠠ ᠲᠠᠢ ᠭᠠᠴᠠᠭ᠎ᠠ ᠨᠤᠲᠤᠭ ᠨᠢᠭᠡᠲᠡᠢ 《 ᠦᠨᠢᠷ ᠴᠡᠴᠡᠭ 》 ᠰᠡᠳᠬᠦᠯ ‍ᠤᠨ ᠨᠠᠶᠢᠷᠠᠭᠤᠯᠤᠭᠴᠢ ᠲᠠᠡᠭᠬᠢᠰ ᠳᠡᠬᠦᠦ ᠴᠡᠡᠭᠭᠡᠷ ᠦᠡᠭᠭᠡᠨ ᠳᠡᠭᠡᠷ᠎ᠡ ᠳᠤᠭᠤᠢ ᠭᠡ ᠲᠠᠢ ᠮᠤᠡᠭᠭᠤᠯ ᠲᠡᠷᠯᠢᠭ ᠭᠡᠲᠦᠷᠡᠭᠰᠡᠨ ᠪᠤᠯᠬᠤᠷ ᠬᠦᠮᠦᠨ ᠠᠮᠢᠲᠠᠨ ‍ᠤ ᠠᠡᠭᠬᠠᠷᠤᠯ ‍ᠢ ᠭᠡᠵᠢᠭᠡᠳᠡᠵᠦ ᠂ ᠠᠡᠭᠬᠢ ᠶ᠋ᠢᠨ ᠡᠷᠬᠢᠯᠡᠭᠴᠢ ᠶ᠋ᠢᠨ ᠵᠠᠬᠢᠶ᠎ᠠ ᠪᠠᠷ ᠤᠳᠤᠷᠢᠳᠤᠯᠭ᠎ᠠ ᠨᠠᠷ ‍ᠤᠨ ᠰᠠᠭᠤᠳᠠᠯ ‍ᠢ ᠭᠠᠷᠭᠠᠪᠠᠯ ᠬᠠᠮᠤᠭ ᠡᠮᠦᠨ᠎ᠡ ᠮᠦᠷ ᠲᠤ ᠵᠤᠭᠰᠤᠪᠠ ᠃ ᠲᠡᠶᠢᠨ ᠬᠦ ᠲᠡᠷᠨ ᠮᠤᠡᠭᠭᠤᠯ ᠬᠡᠮᠡᠬᠦ ᠲᠤᠳᠤᠷᠬᠠᠢ ᠲᠡᠮᠳᠡᠭ ᠪᠤᠯᠵᠤ ᠲᠢᠶ᠋ᠸ ᠨᠢᠡᠭ ᠲᠠᠢ ᠶᠤᠰᠤ ᠪᠠᠷ ᠰᠠᠶᠢᠬᠠᠨ ᠭᠠᠷ ᠪᠠᠷᠢᠯᠴᠠᠭᠰᠠᠨ ᠪᠠᠶᠢᠯ᠎ᠠ ᠃ ᠪᠢ ᠭᠤᠷᠪᠠᠳᠤᠭᠠᠷ ᠮᠦᠷ ᠲᠤ ᠵᠤᠭᠰᠤᠭᠰᠠᠨ ‍ᠤ ᠬᠠᠷᠠᠭ᠎ᠠ ᠪᠠᠷ ᠲᠢᠶ᠋ᠸ ᠨᠢᠡᠭ ᠲᠠᠢ ᠭᠠᠷ ᠪᠠᠷᠢᠯᠴᠠᠬᠤ ᠬᠤᠪᠤᠷᠬᠠᠨ ᠵᠠᠪᠰᠢᠶᠠᠨ ‍ᠢ ᠪᠦᠯᠲᠦᠶᠢᠲᠡᠯ᠎ᠡ ᠬᠠᠷᠠᠵᠤ ᠪᠠᠶᠢᠭᠠᠳ ᠠᠯᠳᠠᠭᠠᠳ ᠶᠠᠪᠤᠭᠤᠯᠴᠢᠬᠠᠪᠠ ᠃ ᠪᠢ ᠪᠢᠲᠡᠬᠦᠭᠡᠨ ᠳ᠋ᠤ ᠪᠠᠨ ᠲᠠᠡᠭᠬᠢᠰ ᠳᠡᠬᠦᠦ ᠲᠠᠢ ᠪᠠᠨ ᠲᠤᠡᠭ ᠠᠲᠠᠭᠠᠷᠬᠠᠪᠠ ᠃ ᠤᠴᠢᠷ ᠨᠢ ᠪᠢᠳᠡ ᠬᠤᠶᠠᠷ ᠪᠤᠯ ᠪᠦᠷ ᠰᠠᠶᠢᠬᠠᠨ ᠪᠦᠰᠡᠬᠦᠢ ᠵᠤᠬᠢᠶᠠᠯᠴᠢ ᠲᠢᠶ᠋ᠸ ᠨᠢᠡᠭ ‍ᠢ ᠬᠠᠯᠠᠭᠤᠨ ᠢᠶᠠᠷ ᠰᠢᠲᠦᠨ ᠪᠢᠰᠢᠷᠡᠭᠴᠢ ᠪᠠᠶᠢᠭ᠎ᠠ ᠶᠤᠮ ᠃ ᠰᠤᠷᠭᠠᠭᠤᠯᠢ ᠡᠬᠢᠯᠡᠬᠦ ᠶᠤᠰᠤᠯᠠᠯ ᠶᠠᠪᠤᠭᠳᠠᠬᠤ ᠭᠡᠬᠦᠯᠡᠷ ᠪᠢᠳᠡ ᠬᠤᠶᠠᠭᠤᠯᠨ ᠬᠤᠭᠤᠷᠤᠡᠳᠤ ᠪᠠᠨ 《 ᠰᠠᠶ᠋ᠢᠬᠢ ᠶᠤᠰᠤᠯᠠᠯ ᠳ᠋ᠤ ᠲᠢᠶᠸ ᠨᠢᠡᠭ ᠢᠷᠡᠳᠡᠭ ᠪᠤᠯᠪᠠ ᠤᠣ ? 》 ᠂ 《 ᠢᠷᠡᠯᠬᠦᠢ ᠶᠠᠭᠠᠬᠢᠬᠤ ᠪᠤᠢ ! 》 ᠂ 《 ᠢᠷᠡᠭᠰᠡᠨ ᠬᠤᠶᠢᠨ᠎ᠠ ᠪᠢᠳᠡ ᠲᠢᠶᠸ ᠨᠢᠡᠭ ᠲᠠᠢ ᠲᠤᠰ ᠲᠤᠰ ᠲᠤ ᠪᠠᠨ ᠳᠤᠷᠠᠰᠬᠠᠯ ᠵᠢᠷᠤᠭ ᠠᠪᠬᠠᠭᠤᠯᠤᠶ᠎ᠠ 》 ᠂ 《 ᠲᠢᠶᠸ ᠨᠢᠡᠭ ᠲᠠᠢ ᠵᠤᠯᠭᠠᠵᠤ ᠂ ᠳᠤᠷᠠᠰᠬᠠᠯ ᠵᠢᠷᠤᠭ ᠠᠪᠬᠠᠭᠤᠯᠴᠢᠬᠠᠪᠠᠯ ᠡᠨᠡ ᠤᠳᠠᠭ᠎ᠠ ᠪᠢᠳᠡ ᠪᠡᠭᠡᠵᠢᠡᠭ ᠳ᠋ᠤ ᠰᠤᠷᠤᠯᠴᠠᠬᠤ ᠪᠠᠷ ᠢᠷᠡᠭᠰᠡᠨ ᠮᠠᠨᠢ ᠲᠠᠯᠠᠭᠠᠷᠳᠠᠬᠤ ᠦᠭᠡᠢ ᠳ᠋ᠠ 》 ᠬᠡᠬᠦᠴᠢᠯᠡᠨ ᠪᠤᠰᠤᠳ ᠡᠴᠠ ᠨᠢᠭᠤᠴᠠᠭᠠᠶᠢᠯᠠᠨ ᠱᠤᠭ ᠦᠨᠡᠨ ‍ᠤ ᠬᠤᠭᠤᠷᠤᠡᠳᠤ ᠵᠤᠭᠤᠭᠳᠠᠵᠤ ᠪᠠᠶᠢᠭᠰᠠᠨ ᠳ᠋ᠠ ᠃ ᠲᠡᠭᠡᠭᠡᠳ ᠯᠠ ᠪᠢ ᠲᠢᠶ᠋ᠸ ᠨᠢᠡᠭ ᠲᠠᠢ ᠭᠠᠷ ᠠᠳᠬᠤᠯᠴᠠᠵᠤ ᠂ 《 ᠰᠦᠵᠢᠭ 》 ᠢᠶᠡᠨ ᠬᠠᠭᠠᠰ ᠬᠤᠭᠤᠰ ‍ᠢ ᠴᠤ ᠭᠡᠰᠡᠨ ᠬᠦᠢᠴᠡᠭᠡᠭᠰᠡᠨ ᠲᠠᠡᠭᠬᠢᠰ ᠳᠡᠬᠦᠦ ᠲᠠᠢ ᠪᠠᠨ ᠠᠲᠠᠭᠠᠷᠬᠠᠭᠰᠠᠨ ᠪᠠᠶᠢᠬᠤ ᠦᠭᠡᠢ ᠤᠣ !
      ᠲᠡᠷᠨ ᠡᠳᠦᠷ ᠲᠢᠶ᠋ᠸ ᠨᠢᠡᠭ ᠳᠡᠭᠡᠷ᠎ᠡ ᠪᠡᠶ᠎ᠡ ᠳ᠋ᠤ ᠪᠠᠨ ᠪᠠᠷᠠᠭᠠᠪᠲᠤᠷ ᠨᠤᠭᠤᠭᠠᠨ ᠬᠤᠪᠴᠠᠰᠤ ᠡᠮᠦᠰᠴᠦ ᠂ ᠬᠦᠨ ᠬᠦᠭᠡ ᠦᠡᠭᠭᠡᠲᠦ ᠦᠮᠦᠲᠦ ᠵᠤᠬᠢᠴᠠᠭᠤᠯᠤᠭᠰᠠᠨ ᠪᠠᠶᠢᠯ᠎ᠠ ᠃ ᠰᠢᠷᠭᠠᠯ ᠦᠡᠭᠭᠡ ᠲᠠᠢ ᠲᠤᠲᠤᠭᠤᠵᠢᠨ ‍ᠤ ᠪᠠᠨ ᠦᠷᠭᠡᠪᠲᠤᠷ ᠵᠠᠭᠠᠮ᠎ᠠ ᠶ᠋ᠢ ᠢᠯᠨ ᠭᠠᠷᠭᠠᠵᠤ ᠂ ᠭᠠᠳᠠᠷ ᠬᠤᠪᠴᠠᠰᠤᠨ ‍ᠤ ᠪᠠᠨ ᠵᠠᠭᠠᠮᠠᠨ ᠳᠡᠭᠡᠷ᠎ᠡ ᠤᠨᠤᠭᠤᠯᠤᠭᠰᠠᠨ ᠨᠢ ᠰᠤᠨᠠᠭᠠᠷ ᠭᠡᠭᠡᠮᠰᠦᠭ ᠬᠦᠵᠦᠬᠦᠦ ᠪᠠᠨ ᠢᠯᠡᠬᠦᠲᠡᠢ ᠲᠤᠪᠤᠶᠢᠯᠭᠠᠬᠤ ᠭᠡᠰᠡᠨ ᠮᠡᠲᠦ ᠃ ᠬᠤᠪᠴᠠᠰᠤᠨ ‍ᠤ ᠪᠠᠨ ᠡᠡᠭᠭᠡᠷ ᠳᠡᠭᠡᠷ᠎ᠡ ᠶᠠᠭᠤ ᠨᠢᠭᠡᠨ ‍ᠤ ᠰᠦᠯᠲᠡ ᠬᠡᠮᠡᠷ ᠠᠯᠲᠠᠨ ᠰᠢᠷᠭᠠᠯ ᠦᠡᠭᠭᠡᠲᠦ ᠨᠠᠡᠭᠬᠢᠶᠠᠳ ᠠᠷᠤᠷ᠎ᠠ ᠶ᠋ᠢᠨ ᠵᠢᠮᠰᠡᠭ ᠵᠡᠬᠦᠭᠰᠡᠨ ᠨᠢ ᠪᠤᠷᠤᠭᠵᠢᠭᠤᠨ ᠡᠮᠦᠰᠭᠡᠯ ᠵᠠᠰᠠᠯ ᠲᠠᠢ ᠲᠡᠭᠦᠨ ‍ᠢ ᠤᠯᠠᠮ ᠲᠦᠪ ᠬᠢᠴᠢᠶᠡᠡᠭᠬᠦᠢ ᠪᠠᠶᠢᠳᠠᠯ ᠲᠠᠢ ᠬᠠᠷᠠᠭᠳᠠᠭᠤᠯᠬᠤ ᠪᠤᠯᠭᠠᠭᠰᠠᠨ ᠪᠠᠶᠢᠯ᠎ᠠ ᠃
      ᠲᠦᠪ ‍ᠤᠨ ᠦᠡᠳᠦᠰᠦᠲᠡᠨ ‍ᠤ ᠭᠡᠷᠡᠭ ᠡᠷᠬᠢᠯᠡᠬᠦ ᠭᠡᠯᠲᠡᠰ ‍ᠤᠨ ᠤᠳᠤᠷᠢᠳᠤᠯᠭ᠎ᠠ ᠴᠠᠭ ᠳᠤᠬᠠᠢ ᠳ᠋ᠤ ᠪᠠᠨ ᠬᠦᠷᠦᠯᠴᠡᠨ ᠢᠷᠡᠵᠦ ᠳᠡᠶᠢᠯᠦᠭᠡ ᠦᠭᠡᠢ ᠮᠠᠨᠤᠰ ‍ᠢ ᠬᠠᠭᠠᠰ ᠴᠠᠭ ᠭᠠᠷᠤᠢ ᠬᠦᠯᠢᠶᠡᠯᠭᠡᠪᠡ ᠃ ᠶᠠᠷᠢᠶᠠᠨ ᠦᠭᠡᠢ ᠴᠢᠬᠤᠯᠨ ᠤᠴᠢᠷ ᠢᠶᠠᠷ ᠰᠠᠭᠠᠲᠤᠭᠰᠠᠨ ᠭᠡᠳᠡᠭ ‍ᠢ ᠨᠢ ᠬᠦᠷᠴᠦ ᠢᠷᠡᠭᠡᠳ ᠤᠯᠠᠨ ᠳ᠋ᠤ ᠤᠰᠤᠯ ᠬᠦᠯᠢᠶᠡᠨ ᠤᠴᠢᠷ ᠢᠶᠡᠨ ᠲᠤᠳᠤᠷᠬᠠᠶᠢᠯᠠᠬᠤ ᠪᠠᠷ ᠨᠢ ᠪᠢᠳᠡ ᠮᠡᠳᠡᠭᠰᠡᠨ ᠪᠠᠶᠢᠭ᠎ᠠ ᠶᠤᠮ ᠃  ᠰᠠᠶ᠋ᠢᠬᠢ ᠤᠳᠤᠷᠢᠳᠤᠯᠭ᠎ᠠ ᠶ᠋ᠢ ᠬᠦᠯᠢᠶᠡᠬᠦ ᠴᠢᠯᠦᠭᠡᠨ ᠳ᠋ᠤ ᠮᠠᠨ ‍ᠤ ᠠᠡᠭᠬᠢ ᠶ᠋ᠢᠨ ᠨᠦᠬᠦᠳ ᠪᠦᠷ ᠪᠠᠶᠢᠷᠢ ᠪᠠᠶᠢᠷᠢᠨ ᠳ᠋ᠤ ᠪᠠᠨ ᠬᠦᠳᠡᠯᠦᠯ ᠦᠭᠡᠢ ᠵᠤᠭᠰᠤᠭᠰᠠᠭᠠᠷ ᠪᠠᠶᠢᠯ᠎ᠠ ᠃  ᠯᠦ ᠰᠢᠶᠦ᠋ᠨ ᠨᠡᠷᠡᠮᠵᠢᠳᠦ ᠤᠳᠬ᠎ᠠ ᠵᠤᠬᠢᠶᠠᠯ ‍ᠤᠨ ᠳᠡᠭᠡᠳᠦ ᠰᠤᠷᠭᠠᠭᠤᠯᠢ ᠳ᠋ᠤ ᠬᠦᠯ ᠲᠠᠯᠪᠢᠭᠠᠳ ᠭᠠᠭᠴᠠ ᠬᠤᠶᠠᠷᠬᠠᠨ ᠬᠤᠨᠤᠵᠤ ᠪᠠᠶᠢᠭ᠎ᠠ ᠬᠠᠮᠲᠤ ᠨᠦᠬᠦᠳ ᠮᠠᠨᠢ ᠲᠤᠮᠤ ᠲᠤᠮᠤ ᠤᠳᠤᠷᠢᠳᠤᠯᠭ᠎ᠠ ᠨᠠᠷ ‍ᠤᠨ ᠡᠮᠦᠨ᠎ᠡ ᠬᠡᠨ ᠨᠢ ᠴᠤ ᠭᠡᠰᠡᠨ ᠲᠤᠭᠲᠠᠭᠤᠨ ᠬᠠᠰᠢᠷ ᠳᠦᠷᠢ ᠡᠰᠭᠡᠬᠦ ᠶ᠋ᠢ ᠬᠢᠴᠢᠶᠡᠵᠦ ᠂ ᠦᠪᠡᠷᠰᠡᠳ ‍ᠤᠨ ᠪᠢᠰᠢᠷᠡᠳᠡᠭ ᠬᠦᠮᠦᠰ ᠲᠠᠢ ᠪᠠᠨ ᠳᠤᠷᠠᠰᠬᠠᠯ ᠵᠢᠷᠤᠭ ᠠᠪᠬᠠᠭᠤᠯᠤᠨ᠎ᠠ ᠬᠡᠮᠡᠨ ᠳᠤᠷ᠎ᠠ ᠪᠠᠷ ᠢᠶᠡᠨ ᠨᠠᠭᠠᠰᠢ ᠴᠠᠭᠠᠰᠢ ᠬᠦᠶᠦᠯᠳᠦᠵᠦ ᠳᠡᠪᠵᠢᠶᠡᠷᠡᠭᠡ ᠦᠭᠡᠢ ᠃
     ᠡᠨᠡ ᠬᠦ ᠬᠠᠭᠠᠰ ᠴᠠᠭ ᠭᠠᠷᠤᠢ ᠶ᠋ᠢᠨ ᠴᠢᠯᠦᠭᠡᠨ ᠳ᠋ᠤ ᠲᠢᠶ᠋ᠸ ᠨᠢᠡᠭ ‍ᠢ ᠪᠠᠭᠲᠠᠭᠠᠭᠰᠠᠨ ᠡᠯ᠎ᠡ ᠡᠲᠡᠭᠡᠳ ‍ᠤᠨ ᠤᠳᠤᠷᠢᠳᠤᠯᠭ᠎ᠠ ᠨᠠᠷ ᠬᠤᠶᠠᠭᠤᠯᠨ ᠭᠤᠷᠪᠠᠭᠤᠯᠨ ᠪᠦᠭᠡᠮᠨᠡᠷᠡᠯᠳᠦᠨ ᠵᠤᠭᠰᠤᠭᠠᠳ ᠡᠷᠡᠤ ᠳᠡᠯᠭᠡᠵᠡᠭᠡᠵᠦ ᠪᠠᠶᠢᠯ᠎ᠠ ᠃  ᠲᠢᠶᠧ ᠨᠢᠡᠭ ᠮᠠᠨᠤᠰ ‍ᠤᠨ ᠵᠦᠭ ᠡᠰᠡᠷᠬᠦᠯᠡᠨ ᠵᠤᠭᠰᠤᠭᠠᠳ ᠨᠢᠭᠡᠨ ᠪᠠᠭᠠᠬᠠᠨ ᠪᠡᠶ᠎ᠡ ᠲᠠᠢ ᠬᠠᠮᠲᠤ ᠶᠠᠪᠤᠭ᠎ᠠ ᠬᠡᠤᠬᠡᠨ ᠲᠠᠢ ᠪᠠᠨ ᠶᠠᠭᠤ ᠨᠢᠭᠡ ᠶᠠᠷᠢᠯᠴᠠᠬᠤ ᠬᠠᠷᠠᠭᠳᠠᠨ᠎ᠠ ᠃ ᠯᠠᠪ ᠮᠠᠨ ‍ᠤ ᠡᠨᠡ ᠬᠦ ᠠᠷᠪᠠᠨ ᠬᠤᠶᠠᠷ ᠦᠡᠳᠦᠰᠦᠲᠡᠨ ᠢᠶᠠᠷ ᠪᠦᠷᠢᠯᠳᠦᠭᠰᠡᠨ ᠢᠳᠡᠷ ᠵᠠᠯᠠᠭᠤ ᠵᠤᠬᠢᠶᠠᠯᠴᠢᠳ ‍ᠤᠨ ᠰᠤᠳᠤᠯᠬᠤ ᠠᠡᠭᠬᠢ ᠶ᠋ᠢᠨ ᠳᠤᠬᠠᠢ ᠪᠤᠶᠤ ᠳᠦᠷᠪᠡᠨ ᠵᠦᠭ ᠨᠠᠢᠮᠠᠨ ᠵᠤᠪᠬᠢᠰ ᠡᠴᠠ ᠡᠨᠡ ᠬᠦ ᠰᠤᠳᠤᠯᠬᠤ ᠠᠡᠭᠬᠢ ᠳ᠋ᠤ ᠬᠦᠷᠦᠯᠴᠡᠨ ᠢᠷᠡᠭᠰᠡᠨ ᠮᠠᠨᠤᠰ ‍ᠤᠨ ᠳᠤᠬᠠᠢ ᠶᠠᠷᠢᠵᠦ ᠪᠠᠶᠢᠭ᠎ᠠ ᠪᠠᠶᠢᠬᠤ ᠭᠡᠵᠤ ᠪᠢ ᠲᠦᠰᠦᠭᠡᠯᠡᠭᠰᠡᠨ ᠪᠢᠯᠨ ᠃ ᠲᠦᠰᠦᠭᠡᠯᠡᠯ ᠮᠠᠨᠢ ᠱᠠᠯ ᠪᠤᠷᠤᠭᠤᠳᠠᠭᠰᠠᠨ ᠴᠤ ᠪᠠᠶᠢᠵᠤ ᠪᠤᠯᠬᠤ ᠶᠤᠮ ᠃ ᠲᠡᠳᠡ ᠵᠤᠬᠢᠶᠠᠯᠴᠢᠳ ‍ᠤᠨ ᠡᠪᠯᠡᠯ ‍ᠤᠨ ᠢᠶᠡᠨ ᠬᠠᠮᠢᠶ᠎ᠠ ᠪᠦᠬᠦᠢ ᠤᠴᠢᠷ ‍ᠢ ᠵᠤᠭᠤᠭᠳᠠᠵᠤ ᠪᠠᠶᠢᠭᠰᠠᠨ ᠪᠤᠶᠤ ᠤᠷᠠᠨ ᠵᠤᠬᠢᠶᠠᠯ ‍ᠤᠨ ᠬᠠᠮᠢᠶ᠎ᠠ ᠪᠦᠬᠦᠢ ᠶᠠᠷᠢᠶ᠎ᠠ ᠡᠬᠦᠰᠭᠡᠵᠦ ᠪᠠᠶᠢᠭᠰᠠᠨ ᠴᠤ ᠪᠠᠶᠢᠵᠤ ᠮᠡᠳᠡᠨ᠎ᠡ  ᠃
       ᠪᠦᠬᠦ ᠬᠦᠮᠦᠰ ᠪᠦᠷᠢᠳᠴᠦ ᠂  ᠯᠦ ᠰᠢᠶᠦ᠋ᠨ ᠨᠡᠷᠡᠮᠵᠢᠳᠦ ᠤᠳᠬ᠎ᠠ ᠵᠤᠬᠢᠶᠠᠯ ‍ᠤᠨ ᠳᠡᠭᠡᠳᠦ ᠰᠤᠷᠭᠠᠭᠤᠯᠢ ᠶ᠋ᠢᠨ  ᠭᠤᠤᠯ ᠠᠰᠠᠷ ‍ᠤᠨ ᠵᠡᠬᠦᠨ ᠪᠡᠶ᠎ᠡ ᠪᠤᠯᠤᠨ ᠬᠠᠷᠠᠬᠠᠨ ᠨᠤᠭᠤᠭᠠᠷᠠᠭᠰᠠᠭᠠᠷ ᠪᠠᠶᠢᠭ᠎ᠠ ᠪᠦᠳᠦᠬᠦᠨ ᠮᠦᠡᠭᠬᠦᠨ ᠬᠦᠢᠯᠡᠰᠦᠨ ᠮᠤᠳᠤ ᠪᠠᠷ ᠠᠷᠤ ᠦᠵᠡᠭᠳᠡᠯ ᠪᠤᠯᠭᠠᠨ ᠬᠠᠮᠲᠤ ᠶ᠋ᠢᠨ ᠵᠢᠷᠤᠭ ᠠᠪᠬᠠᠭᠤᠯᠵᠤ ᠳᠠᠭᠤᠰᠤᠭᠰᠠᠨ ᠬᠤᠶᠢᠨ᠎ᠠ ᠲᠠᠡᠭᠬᠢᠰ ᠪᠢᠳᠡ ᠬᠤᠶᠠᠷ ᠲᠢᠶ᠋ᠸ ᠨᠢᠡᠭ ᠲᠠᠢ ᠬᠠᠮᠲᠤ ᠵᠢᠷᠤᠭᠯᠠᠭᠤᠯᠬᠤ ᠬᠦᠰᠡᠯ ᠢᠶᠡᠨ ᠪᠡᠶᠡᠯᠡᠬᠦᠯᠬᠦ ᠪᠠᠷ ᠬᠦᠳᠡᠯᠦᠯᠴᠡᠪᠡ ᠃ ᠭᠡᠲᠡᠯ᠎ᠡ ᠲᠢᠶ᠋ᠸ ᠨᠢᠡᠭ ᠬᠠᠮᠲᠤ ᠶ᠋ᠢᠨ ᠵᠢᠷᠤᠭ ᠠᠪᠬᠠᠭᠤᠯᠵᠤ ᠳᠠᠭᠤᠰᠤᠮᠠᠭᠴᠠ ᠪᠠᠢ ᠮᠢᠶᠤᠤ ᠵᠠᠬᠢᠷᠤᠯ ᠨᠠᠷ ᠲᠠᠢ ᠬᠠᠮᠲᠤ ᠰᠤᠷᠭᠠᠭᠤᠯᠢ ᠶ᠋ᠢᠨ ᠬᠤᠭᠤᠯᠠᠨ ᠭᠡᠷ ‍ᠢ ᠪᠠᠶᠢᠴᠠᠭᠠᠵᠤ ᠦᠵᠡᠬᠦ ᠪᠠᠷ ᠶᠠᠭᠠᠷᠠᠤᠬᠠᠨ ᠭᠡᠭᠴᠢ ᠶᠠᠪᠤᠵᠤ ᠤᠳᠴᠠᠢ ᠃ ᠶᠠᠭᠤ ᠭᠡᠪᠡᠯ ᠤᠳᠬ᠎ᠠ ᠵᠤᠬᠢᠶᠠᠯ ‍ᠤᠨ ᠬᠦᠷᠢᠶᠡᠯᠡᠡᠭ ᠡᠴᠠ ᠤᠶᠢᠭᠤᠷ ᠬᠠᠰᠠᠭ ᠦᠡᠳᠦᠰᠦᠲᠡᠨ ‍ᠤ ᠬᠠᠮᠲᠤ ᠰᠤᠷᠤᠯᠭᠠᠲᠠᠳ ᠲᠤ ᠵᠤᠷᠢᠭᠤᠯᠵᠤ ᠂ ᠬᠤᠭᠤᠯᠠᠨ ᠭᠡᠷ ᠢᠶᠡᠨ ᠲᠠᠰᠤᠯᠤᠨ ᠲᠤᠰᠬᠠᠢ ᠯᠠᠯᠤ ᠶ᠋ᠢᠨ ᠬᠤᠭᠤᠯᠠᠨ ᠦᠷᠦᠭᠡ ᠭᠠᠷᠭᠠᠵᠤ ᠦᠭᠭᠦᠭᠰᠡᠨ ᠪᠦᠭᠡᠳ ᠪᠡᠭᠡᠵᠢᠡᠭ ‍ᠤᠨ ᠨᠡᠷᠡᠲᠤ ᠯᠠᠯᠤ ᠶ᠋ᠢᠨ ᠲᠤᠭᠤᠭᠠᠴᠢ ᠶ᠋ᠢ ᠤᠷᠢᠵᠦ ᠠᠪᠴᠢᠷᠠᠭᠰᠠᠨ ᠪᠠᠶᠢᠵᠠᠢ ᠃ ᠲᠠᠡᠭᠬᠢᠰ ᠪᠢᠳᠡ ᠬᠤᠶᠠᠷ ᠪᠠᠶᠢᠴᠠᠭᠠᠯᠲᠠ ᠳᠠᠭᠤᠰᠬᠤ ᠶ᠋ᠢ ᠨᠢ ᠬᠦᠯᠢᠶᠡᠵᠦ ᠂ ᠭᠤᠤᠯ ᠠᠰᠠᠷ ‍ᠤᠨ ᠡᠬᠦᠳᠡᠨ ᠳᠡᠭᠡᠷ᠎ᠡ ᠴᠦᠬᠦᠷᠡᠯ ᠦᠭᠡᠢ ᠬᠦᠯᠢᠶᠡᠵᠦ ᠵᠤᠭᠰᠤᠯ᠎ᠠ ᠃ ᠶᠠᠭ ᠡᠨᠡ ᠦᠶ᠎ᠡ ᠳ᠋ᠤ ᠸᠠᠡᠭ ᠪᠠᠭᠰᠢ ᠬᠦᠷᠴᠦ ᠢᠷᠡᠭᠡᠳ ᠪᠢᠳᠡ ᠬᠤᠶᠠᠷ ‍ᠢ ᠬᠢᠯᠠᠰ ᠬᠢᠴᠢᠶᠡᠯ ‍ᠤᠨ ᠭᠡᠷ ᠲᠤ ᠪᠠᠨ ᠤᠴᠢ ᠂ ᠶᠤᠰᠤᠯᠠᠯ ᠡᠬᠢᠯᠡᠬᠦ ᠭᠡᠵᠤ ᠪᠠᠶᠢᠨ᠎ᠠ ᠭᠡᠵᠤ ᠱᠠᠯᠠᠪᠳᠠᠭᠤᠯᠤᠯ᠎ᠠ ᠃ ᠲᠠᠡᠭᠬᠢᠰ ᠪᠢᠳᠡ ᠬᠤᠶᠠᠭᠤᠯᠨ ᠤᠨᠠᠨ ᠮᠦᠷᠭᠦᠭᠰᠡᠭᠡᠷ ᠤᠲᠠᠢ ᠳ᠋ᠤ ᠬᠦᠷᠦᠭᠡᠳ ᠪᠤᠷᠬᠠᠨ ᠳ᠋ᠤ ᠪᠠᠨ ᠤᠯᠵᠤ ᠮᠦᠷᠬᠦᠭᠰᠡᠨ ᠦᠭᠡᠢ ᠰᠦᠰᠦᠭᠲᠡᠨ ᠮᠡᠲᠦ ᠤᠷᠮ᠎ᠠ ᠬᠤᠭᠤᠷᠠᠵᠤ ᠰᠡᠳᠬᠢᠯ ᠭᠤᠡᠭᠰᠤᠶᠢᠨ ᠠᠷᠭ᠎ᠠ ᠪᠤᠰᠤ ᠠᠰᠠᠷ ‍ᠤᠨ ᠡᠬᠦᠳᠡ ᠪᠠᠷ ᠠᠯᠬᠤᠨ ᠤᠷᠤᠪᠠ ᠃ ᠤᠳᠤ ᠪᠤᠳᠤᠭᠠᠳ ᠦᠵᠡᠪᠡᠯ ᠪᠢᠳᠡ ᠬᠤᠶᠠᠷ ᠭᠡᠵᠤ ᠨᠡᠭᠡᠷᠡᠨ ᠨᠡᠷ᠎ᠡ ᠨᠢᠲᠡᠷ ᠲᠤ ᠪᠠᠨ ᠨᠡᠶᠢᠴᠡᠭᠰᠡᠨ ᠲᠢᠶ᠋ᠸ ᠨᠢᠡᠭ ‍ᠤᠨ《 ᠦᠨᠡᠡᠴᠢ ᠰᠦᠰᠦᠭᠲᠡᠨ 》 ᠪᠠᠶᠢᠭᠰᠠᠨ ᠭᠡᠭᠡᠴᠢ ᠃
      ᠰᠤᠷᠭᠠᠭᠤᠯᠢ ᠡᠬᠢᠯᠡᠬᠦ ᠶᠤᠰᠤᠯᠠᠯ ᠳᠠᠭᠤᠰᠤᠮᠠᠭᠴᠠ ᠲᠢᠶ᠋ᠸ ᠨᠢᠡᠭ ᠶᠠᠭᠠᠷᠠᠤ ᠰᠠᠡᠳᠤᠷᠤᠤ ᠶᠠᠪᠤᠵᠤ ᠤᠳᠤᠭᠰᠠᠨ ᠲᠤᠯᠨ ᠲᠠᠡᠭᠬᠢᠰ ᠪᠢᠳᠡ ᠬᠤᠶᠠᠷ ‍ᠤᠨ ᠲᠢᠶ᠋ᠸ ᠨᠢᠡᠭ ᠲᠠᠢ ᠬᠠᠮᠲᠤ ᠵᠢᠷᠤᠭᠯᠠᠭᠤᠯᠤᠶ᠎ᠠ ᠭᠡᠳᠡᠭ ᠳᠠᠪᠴᠢᠭᠤᠬᠠᠨ ᠬᠦᠰᠡᠯ ᠲᠠᠯᠠᠭᠠᠷᠳᠠᠬᠤ ᠳ᠋ᠤ ᠬᠦᠷᠴᠠᠢ ᠃ ᠭᠡᠪᠡᠴᠦ ᠪᠢᠳᠡ ᠬᠤᠶᠠᠷ ᠪᠦᠷᠢᠮᠦᠰᠦᠨ ᠵᠤᠷᠢᠭ ᠮᠤᠬᠤᠭ᠎ᠠ ᠦᠭᠡᠢ ᠂ ᠳᠠᠷᠠᠭᠠᠴᠢ ᠪᠠᠷ ᠯᠠᠪ   ᠲᠢᠶᠧ ᠨᠢᠡᠭ ᠲᠠᠢ ᠤᠴᠠᠷᠠᠨ᠎ᠠ ᠬᠡᠮᠡᠨ ᠬᠤᠭᠤᠷᠤᠡᠳᠤ ᠪᠠᠨ ᠵᠤᠭᠤᠭᠳᠠᠵᠤ ᠂ ᠪᠡᠶ᠎ᠡ ᠪᠡᠶ᠎ᠡ ᠪᠠᠨ ᠤᠷᠮᠠᠰᠢᠭᠤᠯᠵᠤ ᠭᠠᠷᠤᠯ᠎ᠠ ᠃
     ᠲᠢᠶ᠋ᠸ ᠨᠢᠡᠭ ᠪᠤᠯ ᠮᠢᠨᠦ ᠦᠨᠡᠨ ᠰᠡᠳᠬᠢᠯ ᠡᠴᠠ ᠪᠠᠨ ᠪᠠᠬᠠᠷᠬᠠᠨ ᠪᠢᠰᠢᠷᠡᠳᠡᠭ ᠪᠦᠰᠡᠬᠦᠢ ᠵᠤᠬᠢᠶᠠᠯᠴᠢᠳ ‍ᠤᠨ ᠨᠢᠭᠡᠨ ᠪᠠᠶᠢᠭ᠎ᠠ ᠪᠢᠯᠨ ᠃ ᠲᠢᠶ᠋ᠸ ᠨᠢᠡᠭ ‍ᠢ ᠪᠠᠬᠠᠷᠬᠠᠨ ᠪᠢᠰᠢᠷᠡᠬᠦ ᠰᠡᠳᠬᠢᠯᠭᠡ ᠮᠠᠨᠢ ᠠᠯᠢ ᠡᠷᠲᠡ ᠲᠡᠭᠦᠨ ‍ᠤ 《 ᠲᠤᠪᠴᠢ ᠦᠭᠡᠢ ᠤᠯᠠᠭᠠᠨ ᠬᠠᠡᠳᠠᠭᠠᠵᠨ 》 ᠂ 《 ᠭᠡᠵᠢᠶ᠎ᠡ ᠡᠬᠦᠷᠢᠲᠡ ᠬᠡᠮᠡᠬᠦ ᠨᠢ ᠭᠡᠳᠦᠢ ᠤᠷᠲᠤ ᠬᠤᠭᠤᠴᠠᠭ᠎ᠠ ᠪᠠᠶᠢᠭ᠎ᠠ ᠪᠤᠢ 》 ᠂ 《 ᠵᠤᠴᠢᠨ ᠮᠤᠷᠢᠯᠠᠪᠠᠢ 》 ᠵᠡᠷᠭᠡ ᠰᠤᠳᠤᠨ ᠲᠤᠭᠤᠵᠢᠰ ‍ᠤᠨ ᠪᠦᠲᠦᠭᠡᠯ ‍ᠢ ᠨᠢ ᠰᠤᠨᠢᠷᠬᠠᠭᠰᠠᠨ ᠡᠴᠠ ᠡᠬᠢᠯᠡᠭᠡᠳ ᠲᠦᠷᠦᠭᠳᠡᠭᠰᠡᠨ ᠪᠠᠶᠢᠭ᠎ᠠ ᠃ ᠰᠡᠬᠦᠯᠡᠷ ᠨᠢ ᠠᠯᠢ ᠨᠢᠭᠡᠨ ᠰᠡᠳᠬᠦᠯ ᠳᠡᠭᠡᠷ᠎ᠡ ᠡᠴᠠ ᠲᠡᠭᠦᠨ ‍ᠤ ᠵᠢᠷᠤᠭ ᠲᠠᠨᠢᠯᠴᠠᠭᠤᠯᠭ᠎ᠠ ᠶ᠋ᠢ ᠬᠠᠷᠠᠭᠠᠳ ᠂ ᠲᠡᠶᠢᠮᠦ ᠰᠤᠳᠤᠨ ᠲᠤᠭᠤᠵᠢᠰ ‍ᠤᠨ ᠵᠤᠬᠢᠶᠠᠯ ᠪᠦᠲᠦᠭᠡᠳᠡᠭ ᠪᠦᠰᠡᠬᠦᠢ ᠡᠶᠢᠮᠦ ᠭᠤᠸ᠎ᠠ ᠦᠵᠡᠰᠬᠦᠯᠡᠡᠭᠲᠡᠢ ᠪᠠᠶᠢᠭᠰᠠᠨ ᠶᠤᠮ ᠤᠣ ᠭᠡᠵᠤ ᠰᠤᠴᠢᠭᠰᠠᠨ ᠪᠢᠯᠨ ᠃ ᠬᠤᠷᠮᠤᠰᠲᠠ ᠲᠡᠭᠷᠢ ᠤᠯᠠᠡᠭᠬᠢ ᠦᠶ᠎ᠡ ᠳ᠋ᠤ ᠴᠢᠷᠠᠶᠢᠯᠢᠭ ᠪᠦᠰᠡᠬᠦᠢ ᠳ᠋ᠤ ᠲᠡᠶᠢᠮᠦ ᠭᠠᠶᠢᠬᠠᠮᠰᠢᠭᠲᠠᠢ ᠠᠪᠢᠶᠠᠰ ‍ᠢ ᠰᠤᠶᠤᠷᠬᠠᠳᠠᠭ ᠦᠭᠡᠢ ᠪᠠᠶᠢᠭᠰᠠᠨ ᠳ᠋ᠠ ᠃ ᠭᠡᠬᠦ ᠳ᠋ᠤ ᠬᠤᠷᠮᠤᠰᠲᠠ ᠲᠡᠭᠷᠢ ᠲᠢᠶ᠋ᠸ ᠨᠢᠡᠭ ᠳ᠋ᠤ ᠴᠡᠮᠴᠡᠭᠡᠷ ᠵᠢᠰᠦ ᠂ ᠭᠠᠶᠢᠬᠠᠮᠰᠢᠭᠲᠤ ᠠᠪᠢᠶᠠᠰ ᠬᠠᠶᠢᠷᠠᠯᠠᠭᠰᠠᠨ ᠢᠶᠠᠷ ᠪᠠᠷᠠᠬᠤ ᠦᠭᠡᠢ ᠪᠠᠷᠤᠭ ‍ᠤᠨ ᠬᠦᠮᠦᠨ ᠬᠦᠰᠡᠭᠡᠳ ᠤᠯᠳᠠᠭ ᠦᠭᠡᠢ ᠦᠡᠳᠦᠷ ᠪᠠᠶᠢᠷᠢ ᠰᠠᠭᠤᠷᠢ ᠶ᠋ᠢ ᠴᠤ ᠤᠯᠭᠤᠭᠰᠠᠨ ‍ᠢ ᠶᠠᠭᠠᠬᠢᠨ᠎ᠠ ! ᠭᠡᠬᠦ ᠳ᠋ᠤ ᠪᠢ ᠲᠢᠶ᠋ᠸ ᠨᠢᠡᠭ ‍ᠤᠨ ᠡᠷᠭᠡ ᠵᠡᠷᠭᠡ ᠶ᠋ᠢ ᠪᠢᠰᠢ ᠂ ᠭᠠᠶᠢᠬᠠᠮᠰᠢᠭᠲᠤ ᠠᠪᠢᠶᠠᠰ ‍ᠢ ᠪᠢᠰᠢᠷᠡᠨ ᠪᠠᠬᠠᠷᠬᠠᠭᠰᠠᠨ ᠳ᠋ᠠ ᠃ ᠶᠠᠷᠢᠶᠠᠨ ᠦᠭᠡᠢ ᠲᠡᠬᠦᠨ ‍ᠤ ᠪᠦᠰᠡᠬᠦᠢ ᠬᠦᠮᠦᠨ ᠪᠤᠯᠭᠠᠨ ᠳ᠋ᠤ ᠪᠠᠶᠢᠳᠠᠭ ᠦᠭᠡᠢ ᠴᠡᠮᠴᠡᠭᠡᠷ ᠲᠦᠷᠬᠦ ᠶ᠋ᠢ ᠡᠷ᠎ᠡ ᠬᠦᠮᠦᠨ ‍ᠤ ᠬᠤᠪᠢ ᠪᠠᠷ ᠲᠤᠭᠤᠬᠤ ᠦᠭᠡᠢ ᠪᠠᠶᠢᠵᠦ ᠴᠢᠳᠠᠭ᠎ᠠ ᠦᠭᠡᠢ ᠃ ᠪᠦᠷ ᠰᠡᠬᠦᠯᠡᠷ ᠨᠢ ᠪᠢ ᠲᠢᠶ᠋ᠸ ᠨᠢᠡᠭ ‍ᠤᠨ 《 ᠤᠬᠢᠶᠠᠯ ‍ᠤᠨ ᠪᠦᠰᠡᠬᠦᠢ 》 ᠂ ᠲᠢᠶ᠋ᠸ ᠰᠠᠷᠭᠠᠢ ᠶ᠋ᠢᠨ ᠡᠬᠦᠳᠡ  ᠵᠡᠷᠭᠡ ᠷᠤᠮᠠᠨ ‍ᠢ ᠨᠢ ᠤᠡᠭᠰᠢᠭᠠᠳ ᠪᠠᠬᠠᠷᠬᠠᠨ ᠪᠢᠰᠢᠷᠡᠬᠦ ᠲᠡᠳᠦᠢ ᠯᠠ ᠪᠢᠰᠢ ᠬᠦᠡᠳᠦᠳᠭᠡᠨ ᠰᠢᠳᠦᠬᠦ ᠬᠡᠮᠵᠢᠶᠡᠨ ᠳ᠋ᠤ ᠬᠦᠷᠴᠠᠢ ᠃
ᠲᠢᠶ᠋ᠸ ᠨᠢᠡᠭ ‍ᠤᠨ ᠷᠤᠮᠠᠨ ᠲᠤᠭᠤᠵᠢᠰ ‍ᠢ ᠤᠡᠭᠰᠢᠬᠤ ᠳ᠋ᠤ ᠵᠤᠬᠢᠶᠠᠯ ‍ᠤᠨ ᠪᠠᠭᠠᠲᠤᠷ ‍ᠤᠨ ᠳᠦᠷᠢ ᠨᠢ ᠶᠠᠭᠠᠬᠢᠬᠤ ᠶ᠋ᠢᠨ ᠠᠷᠭ᠎ᠠ ᠦᠭᠡᠢ ᠠᠮᠢᠳᠤᠯᠢᠭ ᠮᠦᠷᠲᠡᠭᠡᠨ ᠦᠪᠡᠷᠮᠢᠴᠡ ᠪᠠᠶᠢᠳᠠᠭ ᠨᠢ ᠰᠡᠳᠬᠢᠯ ᠳ᠋ᠤ ᠬᠠᠮᠤᠭ ᠬᠦᠨ ᠰᠠᠭᠤᠭᠳᠠᠳᠠᠭ ᠃ ᠲᠡᠶᠢᠨ ᠬᠦ ᠲᠡᠭᠦᠨ ‍ᠤ ᠪᠦᠲᠦᠭᠡᠯ ‍ᠢ ᠠᠮᠲᠠᠷᠬᠠᠬᠤ ᠪᠠᠷ ᠵᠤᠬᠢᠶᠠᠯ ‍ᠤᠨ ᠪᠠᠭᠠᠲᠤᠷ ‍ᠤᠨ ᠦᠢᠯᠨ ᠤᠴᠠᠷᠠᠯ ᠳ᠋ᠤ ᠨᠢ ᠮᠠᠰᠢ ᠠᠮᠠᠷᠬᠠᠨ ᠲᠠᠲᠠᠭᠳᠠᠨ ᠂ ᠵᠤᠬᠢᠶᠠᠭᠴᠢ ᠶ᠋ᠢᠨ ᠦᠰᠦᠭ ᠪᠢᠴᠢᠭ ᠢᠶᠠᠷ ᠪᠦᠲᠦᠭᠡᠭᠰᠡᠨ ᠤᠡᠳᠤᠤ ᠨᠢᠭᠡᠨ ᠶᠢᠷᠲᠢᠡᠴᠦ ᠳ᠋ᠤ ᠠᠯᠬᠤᠭᠠᠳ ᠤᠷᠤᠴᠢᠬᠠᠳᠠᠭ ᠃ ᠡᠶᠢᠮᠦᠷᠬᠦ‍ ᠪᠦᠲᠦᠭᠡᠯ ‍ᠢ ᠤᠡᠭᠰᠢᠪᠠᠯ ᠂ ᠡᠶᠢᠮᠦ ᠭᠤᠶᠤ ᠵᠤᠬᠢᠶᠠᠯ ᠭᠡᠵᠢᠶᠡᠳᠡ ᠲᠡᠬᠦᠰᠬᠦ ᠦᠭᠡᠢ ᠦᠷᠬᠦᠯᠵᠢᠯᠡᠭᠡᠳ ᠪᠠᠶᠢᠪᠠᠯ ᠶᠠᠮᠠᠷ ᠰᠠᠶᠢᠬᠠᠨ ᠪᠤᠢ ᠭᠡᠳᠡᠭ ᠪᠤᠳᠤᠯ ᠦᠪᠡᠷ ‍ᠤᠨ ᠡᠷᠭᠡ ᠦᠭᠡᠢ ᠲᠦᠷᠦᠭᠳᠡᠳᠡᠭ ᠰᠠᠨ ᠃ ᠭᠡᠬᠦ ᠳ᠋ᠤ ᠵᠤᠬᠢᠶᠠᠯ ᠶᠤᠮ ᠭᠡᠨ᠎ᠡ ᠂ ᠲᠡᠬᠦᠰᠬᠦ ᠳ᠋ᠤ ᠪᠠᠨ ᠯᠠ ᠲᠡᠬᠦᠰᠦᠨ᠎ᠡ ᠃ ᠲᠡᠶᠢᠨ ᠬᠦ  ᠰᠠᠶ᠋ᠢᠬᠢ ᠵᠤᠬᠢᠶᠠᠯᠴᠢ ᠶ᠋ᠢᠨ ᠰᠢᠨ᠎ᠠ ᠪᠦᠲᠦᠭᠡᠯ ‍ᠢ ᠭᠡᠵᠢᠶ᠎ᠡ ᠤᠯᠵᠤ ᠤᠡᠭᠰᠢᠳᠠᠭ ᠪᠤᠯ ᠳ᠋ᠠ ᠭᠡᠵᠤ ᠲᠡᠰᠴᠦ ᠶᠠᠳᠠᠨ ᠬᠦᠯᠢᠶᠡᠬᠦ ᠳ᠋ᠤ ᠬᠦᠷᠳᠡᠭ ᠃ ᠲᠢᠶ᠋ᠸ ᠨᠢᠡᠭ ‍ᠤᠨ ᠪᠦᠲᠦᠭᠡᠯ ‍ᠢ ᠠᠯᠳᠠᠯ ᠦᠭᠡᠢ ᠤᠡᠭᠰᠢᠬᠤ ᠨᠢ ᠠᠮᠢ ᠨᠠᠰᠤᠨ ‍ᠤ ᠮᠢᠨᠢ ᠬᠠᠮᠤᠭ ‍ᠤᠨ ᠤᠳᠬ᠎ᠠ ᠠᠭᠤᠯᠭ᠎ᠠ ᠲᠠᠢ ᠠᠵᠤ ᠶ᠋ᠢᠨ ᠨᠢᠭᠡᠨ ᠪᠤᠯᠤᠭᠰᠠᠨ ᠶᠤᠮ ᠃ ᠶᠡᠷᠦ ᠨᠢ ᠲᠢᠶ᠋ᠸ ᠨᠢᠡᠭ ‍ᠤᠨ ᠲᠤᠭᠤᠵᠢᠰ ‍ᠤᠨ ᠪᠦᠲᠦᠭᠡᠯ ‍ᠢ ᠤᠡᠭᠰᠢᠭ᠎ᠠ ᠦᠭᠡᠢ ᠬᠦᠮᠦᠨ ᠡᠨᠡ ᠮᠡᠲᠦ ᠡᠷᠬᠢᠮᠰᠦᠭ ᠭᠤᠶᠢᠲᠠ ᠰᠡᠳᠬᠢᠭᠳᠡᠯ ‍ᠢ ᠭᠡᠵᠢᠶᠡᠳᠡ ᠬᠦᠷᠲᠡᠬᠦ ᠦᠭᠡᠢ ᠃ ᠶᠠᠷᠢᠶᠠᠨ ᠦᠭᠡᠢ ᠲᠢᠶ᠋ᠸ ᠨᠢᠡᠭ ‍ᠤᠨ ᠪᠦᠲᠦᠭᠡᠯ ‍ᠢ ᠰᠤᠨᠢᠷᠬᠠᠭᠠᠳ ᠡᠷᠬᠢᠮᠰᠦᠭ ᠭᠤᠶᠢᠲᠠ ᠰᠡᠷᠡᠭᠳᠡᠯ ᠬᠦᠷᠲᠡᠭᠡᠳ ᠯᠠ ᠵᠤᠭᠰᠤᠴᠢᠬᠠᠬᠤ ᠪᠢᠰᠢ ᠃ ᠲᠡᠬᠦᠨ ‍ᠤ ᠪᠦᠲᠦᠭᠡᠯ ‍ᠢ ᠤᠡᠭᠰᠢᠬᠤ ᠶᠠᠪᠤᠴᠠ ᠳ᠋ᠤ ᠪᠠᠨ ᠪᠢ ᠤᠷᠠᠯᠠᠬᠤᠢ ᠂ ᠤᠬᠠᠭᠠᠷᠠᠬᠤᠢ ᠂ ᠤᠷᠮᠠᠰ ᠰᠡᠳᠬᠢᠯᠭᠡ ᠪᠠᠨ ᠬᠦᠭᠵᠢᠬᠡᠬᠦᠢ ᠵᠡᠷᠭᠡ ᠲᠠᠯ᠎ᠠ ᠪᠠᠷ ᠴᠤ ᠵᠦᠡᠭᠳᠡᠭᠡᠨ ᠶᠠᠭᠤᠮ᠎ᠠ ᠬᠦᠷᠲᠡᠭᠰᠡᠭᠡᠷ ᠢᠷᠡᠭᠰᠡᠨ ᠶᠤᠮ ᠃
      ᠪᠢ ᠪᠤᠯ ᠡᠭᠡ ᠮᠤᠡᠭᠭᠤᠯ ᠬᠡᠯᠨ ᠪᠠᠷ ᠢᠶᠡᠨ ᠵᠤᠬᠢᠶᠠᠯ ᠪᠢᠴᠢᠳᠡᠭ ᠨᠢᠭᠡᠨ ᠃ ᠭᠡᠬᠦ ᠳ᠋ᠤ ᠬᠢᠲᠡᠳ ᠬᠡᠯᠨ ᠪᠠᠷ ᠪᠢᠴᠢᠭᠳᠡᠭᠰᠡᠨ ᠰᠤᠡᠭᠭᠤᠳᠠᠭ ᠤᠷᠠᠨ ᠪᠦᠲᠦᠭᠡᠯ ‍ᠢ ᠪᠠᠶᠢᠡᠭᠭᠤ ᠤᠡᠭᠰᠢᠬᠤ ᠨᠢ ᠵᠤᠬᠢᠶᠠᠨ ᠪᠦᠲᠦᠭᠡᠬᠦ ᠳ᠋ᠤ ᠮᠠᠨᠢ ᠴᠢᠮᠡᠯᠡᠰᠢ ᠦᠭᠡᠢ ᠨᠦᠭᠡᠴᠡ ᠬᠦᠴᠦᠨ ‍ᠢ ᠪᠦᠷᠢᠯᠳᠦᠬᠦᠯᠵᠦ ᠦᠭᠳᠡᠭ ᠪᠠᠶᠢᠭᠰᠠᠨ ᠃ ᠬᠢᠲᠡᠳ ᠬᠡᠯᠨ ᠪᠤᠯ ᠳᠡᠯᠡᠬᠡᠢ ᠳᠡᠭᠡᠷ᠎ᠡ ᠬᠠᠮᠤᠭ ‍ᠤᠨ ᠤᠯᠠᠨ ᠬᠦᠮᠦᠨ ᠠᠮᠨ ᠭᠡᠷᠡᠭᠯᠡᠵᠦ ᠪᠠᠶᠢᠭ᠎ᠠ 《 ᠲᠤᠮᠤ ᠬᠡᠯᠨ 》 ᠪᠤᠯᠬᠤ ᠶᠤᠮ ᠃ ᠲᠡᠷᠨ ᠮᠦᠷᠲᠡᠭᠡᠨ ᠳᠤᠮᠳᠠᠳᠤ ᠬᠦᠷᠦᠨ ‍ᠤ ᠲᠦᠷᠦ ᠶ᠋ᠢᠨ ᠬᠡᠯᠨ ᠴᠤ ᠪᠠᠶᠢᠭ᠎ᠠ ᠶᠤᠮ ᠃ ᠡᠨᠡ ᠬᠦ ᠬᠡᠯᠨ ᠪᠠᠷ ᠤᠷᠠᠨ ᠵᠤᠬᠢᠶᠠᠯ ᠲᠤᠭᠤᠷᠪᠢᠨ᠎ᠠ ᠭᠡᠳᠡᠭ ᠲᠡᠭᠷᠢ ᠡᠴᠠ ᠵᠠᠶᠠᠭᠠᠭᠰᠠᠨ ᠠᠵᠨ ᠪᠤᠶᠠᠨ ᠪᠠᠶᠢᠭ᠎ᠠ ᠪᠢᠯᠨ ᠃ ᠤᠴᠢᠷ ᠨᠢ  ᠤᠩᠰᠢᠭᠴᠢ ᠶ᠋ᠢᠨ ᠲᠤᠭ᠎ᠠ ᠪᠤᠯ ᠤᠷᠠᠨ ᠵᠤᠬᠢᠶᠠᠯ ‍ᠤᠨ ᠤᠷᠤᠰᠢᠬᠤᠢ ᠶ᠋ᠢᠨ ᠦᠨ᠎ᠡ ᠦᠷᠲᠡᠭ ‍ᠢ ᠰᠢᠭᠤᠳ ᠨᠦᠯᠦᠭᠡᠯᠡᠬᠦ ᠴᠢᠬᠤᠯᠨ ᠡᠯᠸᠮᠸᠨ᠋ᠲ ᠪᠠᠶᠢᠭ᠎ᠠ ᠃ ᠲᠠᠨᠢᠯ ᠨᠦᠬᠦᠳ ᠮᠠᠨᠢ ᠨᠠᠳᠠ ᠬᠠᠡᠳᠤᠵᠤ ᠄ 《 ᠴᠢᠮ᠎ᠠ ᠰᠢᠭ᠋ ᠠᠪᠢᠶᠠᠰ ᠴᠢᠳᠠᠪᠤᠷᠢᠲᠠᠢ ᠵᠤᠬᠢᠶᠠᠯᠴᠢ ᠬᠢᠲᠡᠳ ᠬᠡᠯᠨ ᠪᠠᠷ ᠵᠤᠬᠢᠶᠠᠯ ᠪᠢᠴᠢᠭᠰᠡᠨ ᠪᠠᠶᠢᠪᠠᠯ ᠬᠡᠳᠦᠶᠢᠨ ᠪᠠᠶᠠᠵᠢᠴᠢᠬᠠᠵᠠᠢ 》 ᠂ 《 ᠬᠢᠲᠡᠳ ᠬᠡᠯᠡ ᠪᠠᠷ ᠵᠤᠬᠢᠶᠠᠯ ᠪᠢᠴᠢᠭᠰᠡᠨ ᠪᠤᠯ ᠲᠠ ᠡᠨᠡ ᠮᠠᠭᠤ ᠵᠢᠵᠢᠭᠬᠡᠨ ᠪᠠᠯᠭᠠᠰᠤᠨ ᠳ᠋ᠤ ᠲᠠᠷᠲᠠᠨ ᠠᠮᠢᠳᠤᠷᠠᠬᠤ ᠦᠭᠡᠢ ᠂ ᠭᠡᠳᠦᠶᠢᠨ ᠳᠡᠭᠡᠭᠰᠢ ᠶᠠᠪᠤᠴᠢᠬᠠᠵᠠᠢ 》 ᠬᠡᠬᠦᠴᠢᠯᠡᠨ ᠦᠪᠡᠷ ‍ᠤᠨ ᠦᠵᠡᠯᠲᠡ ᠪᠠᠷ ᠢᠶᠡᠨ ᠬᠦᠭᠡᠷᠭᠡᠨ ᠬᠡᠯᠡᠳᠡᠭ ᠪᠠᠶᠢᠭᠰᠠᠨ ‍ᠢ ᠨᠢ ᠲᠠᠰᠤ ᠪᠤᠷᠤᠭᠤ ᠭᠡᠬᠦ ᠶ᠋ᠢᠨ ᠠᠷᠭ᠎ᠠ ᠠᠯᠠᠭ᠎ᠠ ᠃ ᠶᠠᠳᠠᠭᠤ ᠬᠤᠴᠤᠷᠤᠡᠭᠭᠤᠢ ᠤᠷᠤᠨ ‍ᠤ ᠴᠦᠬᠡᠨ ᠲᠤᠭᠠᠲᠤ ᠦᠡᠳᠦᠰᠦᠲᠡᠨ ‍ᠤ ᠤᠷᠠᠨ ᠵᠤᠬᠢᠶᠠᠯ ᠨᠢ ᠶᠠᠭᠠᠬᠢᠬᠤ ᠶ᠋ᠢᠨ ᠠᠷᠭ᠎ᠠ ᠦᠭᠡᠢ ᠬᠦᠮᠦᠨ ‍ᠤ ᠲᠤᠭᠤᠰᠤᠨ ᠳ᠋ᠤ ᠬᠤᠴᠤᠷᠴᠤ ᠂ ᠬᠦᠭᠵᠢᠯ ᠴᠡᠴᠡᠭᠯᠡᠯ ᠨᠢ ᠳᠠᠡᠭᠴᠤ ᠤᠳᠠᠭᠠᠨ ᠪᠠᠶᠢᠬᠤ ᠶ᠋ᠢ ᠪᠢᠳᠡ ᠮᠡᠳᠡᠷᠡᠬᠦ ᠦᠭᠡᠢ ᠪᠠᠶᠢᠵᠤ ᠪᠤᠯᠬᠤ ᠦᠭᠡᠢ ᠃ ᠤᠳᠤ ᠬᠦᠷᠲᠡᠯ᠎ᠡ ᠮᠠᠨ ‍ᠤ ᠬᠢᠨ ‍ᠤ ᠴᠦᠬᠡᠨ ᠪᠤᠰᠤ ᠲᠤᠭᠤᠵᠢᠰ ‍ᠤᠨ ᠵᠤᠬᠢᠶᠠᠯ ‍ᠤᠨ ᠳᠤᠮᠳᠠ ᠵᠤᠬᠢᠶᠠᠭᠴᠢ ᠨᠢ ᠵᠤᠬᠢᠶᠠᠯ ‍ᠤᠨ ᠪᠠᠭᠠᠲᠤᠷ ‍ᠤᠨ ᠢᠶᠡᠨ 《 ᠬᠦᠮᠦᠨ ‍ᠤ ᠡᠷᠭᠡ 》 ᠶ᠋ᠢ ᠪᠤᠯᠢᠶᠠᠨ ᠠᠪᠤᠭᠠᠳ ᠪᠦᠬᠦ ᠶᠠᠭᠤᠮ᠎ᠠ ᠶ᠋ᠢ ᠬᠠᠵᠠᠭᠤ ᠡᠴᠠ ᠨᠢ ᠳᠤᠷᠠᠪᠠᠯᠵᠠᠲᠠᠯ᠎ᠠ ᠶᠠᠷᠢᠭᠠᠳ ᠪᠠᠶᠢᠳᠠᠭ ᠪᠦᠳᠦᠬᠦᠯᠢᠭ ᠠᠪᠳᠠᠯ ᠦᠷᠬᠦᠯᠵᠢᠯᠡᠭᠰᠡᠭᠡᠷ ᠯᠠ ᠃ ᠲᠤᠭᠤᠵᠢᠰ ‍ᠤᠨ ᠵᠤᠬᠢᠶᠠᠯ ‍ᠤᠨ ᠬᠠᠮᠤᠭ ᠨᠠᠭᠠᠲᠤ ᠵᠠᠬ᠎ᠠ ᠶ᠋ᠢᠨ ᠴᠡᠭᠡᠷ ‍ᠤᠳ ‍ᠢ ᠬᠦᠷᠲᠡᠯ᠎ᠡ ᠤᠶᠢᠯᠠᠭᠠᠭ᠎ᠠ ᠦᠭᠡᠢ ᠪᠠᠶᠢᠵᠦ ᠶᠠᠭᠠᠬᠢᠨ ᠪᠤᠰᠤᠳ ‍ᠢ ᠬᠦᠭᠡᠭᠡᠵᠦ ᠬᠦᠢᠴᠡᠬᠦ ᠪᠢᠯᠨ ! ᠪᠤᠯᠵᠤ ᠪᠦᠲᠦᠵᠦ ᠪᠠᠶᠢᠭ᠎ᠠ ᠵᠦᠢᠯ ‍ᠢ ᠪᠤᠯᠬᠤ ᠦᠭᠡᠢ ᠪᠠᠶᠢᠨ᠎ᠠ ᠭᠡᠵᠤ ᠤᠷᠮ᠎ᠠ ᠬᠠᠷᠢᠬᠤ ᠨᠢ ᠭᠤᠨᠢᠭᠲᠠᠢ ᠭᠡᠬᠦ ᠳ᠋ᠤ ᠪᠤᠯᠵᠤ ᠪᠦᠲᠦᠵᠦ ᠦᠭᠭᠦᠭᠡ ᠦᠭᠡᠢ ᠵᠦᠢᠯ ‍ᠢ ᠪᠤᠯᠵᠤ ᠪᠠᠶᠢᠨ᠎ᠠ ᠭᠡᠵᠤ ᠰᠤᠬᠤᠷ ᠪᠠᠯᠠᠢ ᠪᠠᠷ ᠬᠡᠶᠢᠷᠭᠡᠨ ᠰᠠᠭᠰᠠᠭᠤᠷᠠᠬᠤ ᠪᠤᠶᠤ ᠠᠬ᠎ᠠ ᠳᠡᠬᠦᠦ ᠦᠡᠳᠦᠰᠦᠲᠡᠨ ‍ᠤ ᠪᠠᠨ ᠰᠤᠡᠭᠭᠤᠳᠠᠭ ᠤᠷᠠᠨ ᠵᠤᠬᠢᠶᠠᠯ ‍ᠢ ᠤᠡᠭᠰᠢᠭ᠎ᠠ ᠴᠤ ᠦᠭᠡᠢ ᠪᠠᠶᠢᠵᠦ ᠶᠠᠭᠤ ᠴᠤ ᠪᠢᠰᠢ ᠬᠡᠮᠡᠨ ᠭᠠᠳᠠᠭᠤᠷᠴᠢᠯᠠᠬᠤ ᠨᠢ ᠬᠦᠭᠡᠷᠦᠬᠦᠶᠢᠯᠡᠯᠲᠡᠢ ᠂ ᠮᠦᠨ ᠬᠠᠷᠠᠮᠰᠠᠯᠲᠠᠢ ᠃
       ᠬᠢᠲᠡᠳ ᠬᠡᠯᠨ ᠪᠠᠷ ᠬᠡᠪᠯᠡᠭᠳᠡᠭᠰᠡᠨ ᠰᠤᠡᠭᠭᠤᠳᠠᠭ ᠰᠤᠳᠤᠨ ᠨᠤᠮ ᠬᠡᠳᠦᠨ ᠠᠷᠪᠠᠨ ᠲᠦᠮᠨ ᠂ ᠴᠠᠭᠠᠰᠢᠯᠠᠪᠠᠯ ᠭᠡᠳᠦᠨ ᠵᠠᠭᠤᠨ ᠲᠦᠮᠨ ᠪᠠᠷ ᠪᠤᠷᠤᠯᠠᠭᠤᠯᠤᠭᠳᠠᠳᠠᠭ ᠃ ᠲᠠᠪᠤᠨ ᠮᠢᠡᠭᠭᠠᠨ ᠵᠢᠯ ‍ᠤᠨ ᠤᠷᠲᠤ ᠤᠳᠠᠭᠠᠨ ᠰᠤᠶᠤᠯ ᠲᠠᠢ ᠂ ᠠᠷᠪᠠᠭᠠᠳ ᠳ᠋ᠦᠡᠭᠰᠢᠭᠤᠷ ᠬᠦᠮᠦᠨ ᠠᠮᠨ ᠲᠠᠢ ᠡᠨᠡ ᠬᠦ ᠶᠡᠬᠡ ᠦᠡᠳᠦᠰᠦᠲᠡᠨ ᠡᠴᠠ ᠲᠤᠮᠤ ᠵᠤᠬᠢᠶᠠᠯᠴᠢ ᠦᠰᠦᠭᠡᠢ ᠵᠠᠯᠭᠠᠨ ᠲᠦᠷᠦᠭᠰᠡᠭᠡᠷ ᠪᠠᠶᠢᠬᠤ ᠨᠢ ᠭᠠᠶᠢᠬᠠᠮᠰᠢᠭ ᠪᠤᠰᠤ ᠃ ᠬᠢᠲᠠᠳ ᠬᠡᠯᠨ ᠪᠠᠷ ᠲᠤᠭᠤᠷᠪᠢᠭᠴᠢ ᠵᠤᠬᠢᠶᠠᠯᠴᠢᠳ ᠲᠤᠳᠤᠷ᠎ᠠ ᠲᠢᠶᠸ ᠨᠢᠡᠭ ᠡᠴᠠ ᠭᠠᠳᠠᠨ᠎ᠠ ᠪᠢ ᠮᠦᠨ ‍ᠤᠤᠢ ᠽᠢ ᠵᠢᠶᠠᠨ ᠂ ‍ᠤᠤᠢ ᠯᠢ ᠂ ᠰᠦᠨ ᠾᠦᠢ ᠹᠸᠨ ᠂ ᠹᠠᠡᠭ ᠹᠠᠡᠭ ᠵᠡᠷᠭᠡ ᠪᠦᠰᠡᠬᠦᠢ ᠵᠤᠬᠢᠶᠠᠯᠴᠢᠳ ᠪᠠ  ᠮᠦᠸ᠋ᠸ ᠶᠠᠨ ᠂ ᠵᠢᠶᠨ ᠫᠢᠡᠭ ᠸᠨ ᠂ ᠠ ᠯᠠᠢ ( ᠲᠦᠪᠡᠳ ) ᠂ ᠯᠢ ᠫᠸᠢ ᠹᠦ᠋ ᠂ ᠪᠢ ᠹᠸᠢ ᠢᠤᠢ ᠂ ᠳ᠋ᠦᠡᠭ ᠰᠢ ᠂ ᠸᠠᠡᠭ ᠭᠠᠡᠭ ᠵᠡᠷᠭᠡ ᠪᠦᠰᠡᠳᠡᠢ ᠵᠤᠬᠢᠶᠠᠯᠴᠢᠳ ‍ᠤᠨ ᠪᠦᠲᠦᠭᠡᠯ ‍ᠢ ᠴᠤ ᠪᠠᠬᠠᠷᠬᠠᠨ ᠤᠡᠭᠰᠢᠳᠠᠭ ᠃ ᠡᠳᠡᠨ ‍ᠤ ᠳᠤᠮᠳᠠ ᠡᠴᠠ ᠮᠢᠨᠦ ᠯᠠ ᠬᠠᠷᠠᠭᠠᠨ ᠳ᠋ᠤ ᠪᠢᠰᠢ ᠂ ᠳᠡᠯᠡᠬᠡᠢ ᠶ᠋ᠢᠨ ᠬᠠᠷᠠᠭᠠᠨ ᠳ᠋ᠤ  ᠰᠦᠮᠪᠦᠷᠯᠡᠭᠰᠡᠨ ᠠᠪᠤᠷᠭᠤ ᠡᠷᠲᠡ ᠤᠷᠤᠢ ᠦᠭᠡᠢ ᠲᠤᠳᠤᠷᠠᠨ᠎ᠠ ᠭᠡᠳᠡᠭ ‍ᠢ ᠴᠤ ᠪᠢ ᠢᠲᠡᠭᠡᠳᠡᠭ ᠃
      ᠪᠢ ᠠᠯᠢ ᠨᠢᠭᠡᠨ ᠡᠳᠦᠷ ᠦᠪᠡᠷ ‍ᠤᠨ ᠵᠡᠭᠡᠭᠰᠡᠨ ᠪᠦᠲᠦᠭᠡᠯ ᠢᠶᠡᠨ ᠬᠢᠲᠠᠳ ᠤᠷᠤᠭᠤ ᠤᠷᠴᠢᠭᠤᠯᠵᠤ ᠂ ᠪᠠᠬᠠᠷᠬᠠᠨ ᠪᠢᠰᠢᠷᠡᠳᠡᠭ ᠂ ᠪᠠᠰᠠ ᠵᠠᠷᠢᠮ ᠳ᠋ᠤ ᠪᠠᠨ ᠪᠠᠰᠤᠮᠠᠷ ᠪᠤᠯᠳᠠᠭ ᠬᠢᠲᠡᠳ ᠬᠡᠯᠨ ᠪᠠᠷ ᠲᠤᠭᠤᠷᠪᠢᠭᠴᠢ ᠵᠤᠬᠢᠶᠠᠯᠴᠢᠳ ‍ᠤᠨ ᠢᠶᠡᠨ ᠪᠦᠲᠦᠭᠡᠯ ᠲᠠᠢ ᠬᠠᠷᠢᠴᠠᠭᠤᠯᠵᠤ ᠦᠵᠡᠬᠦ ᠰᠠᠨ ᠭᠡᠵᠤ ᠪᠠᠶᠢᠨ ᠪᠠᠶᠢᠨ ᠬᠡᠢ ᠬᠦᠰᠡᠳᠡᠭ ᠃ ᠶᠡᠷᠦ ᠨᠢ ᠵᠢᠡᠭᠬᠢᠨᠢ ᠵᠤᠬᠢᠶᠠᠯᠴᠢ ᠬᠡᠮᠡᠭᠴᠢ ᠭᠠᠭᠴᠠ ᠬᠦ ᠦᠪᠡᠷ ‍ᠤᠨ ᠭᠠᠵᠠᠷ ᠤᠷᠤᠨ ᠪᠤᠶᠤ ᠦᠡᠳᠦᠰᠦᠲᠡᠨ ᠶᠠᠰᠤᠲᠠᠨ ‍ᠤ ᠪᠠᠨ ᠤᠡᠭᠰᠢᠭᠴᠢᠳ ᠲᠤ ᠯᠠ ᠬᠠᠡᠳᠤᠭᠤᠯᠵᠤ ᠵᠤᠬᠢᠶᠠᠯ ᠪᠢᠴᠢᠬᠦ ᠨᠢ ᠦᠪᠡᠷ ‍ᠢ ᠪᠠᠨ ᠵᠢᠵᠢᠭᠭᠡᠨ ᠬᠦᠷᠢᠶᠡᠨ ᠳ᠋ᠤ ᠬᠢᠵᠠᠭᠠᠷᠯᠠᠭᠰᠠᠨ ᠭᠡᠷᠡᠭ ᠪᠤᠯᠬᠤ ᠡᠴᠠ ᠵᠠᠶᠢᠯᠠᠬᠤ ᠦᠭᠡᠢ ᠃ ᠵᠤᠬᠢᠶᠠᠯᠴᠢ ᠬᠦᠮᠦᠨ ᠳᠡᠯᠡᠬᠡᠢ ᠨᠡᠶᠢᠲᠡ ᠳ᠋ᠤ ᠲᠠᠨᠢᠭᠳᠠᠵᠤ ᠂ ᠳᠡᠪᠳᠡᠷ ᠨᠤᠮ ᠨᠢ ᠤᠯᠠᠨ ᠬᠡᠯᠨ ᠪᠠᠷ ᠂ ᠤᠯᠠᠨ ᠤᠯᠤᠰ ᠤᠷᠤᠨ ᠳ᠋ᠤ ᠲᠠᠷᠬᠠᠭᠠᠭᠳᠠᠵᠤ ᠪᠠᠶᠢᠪᠠᠯ ᠂ ᠲᠡᠷᠨ ᠵᠤᠬᠢᠶᠠᠯᠴᠢ ᠦᠪᠡᠷ ‍ᠢ ᠪᠠᠨ ᠯᠠ ᠪᠢᠰᠢ ᠂ ᠦᠡᠳᠦᠰᠦᠲᠡᠨ ᠶᠠᠰᠤᠲᠠᠨ ᠂ ᠨᠤᠲᠤᠭ ᠤᠷᠤᠨ ᠢᠶᠡᠨ ᠳᠡᠯᠡᠬᠡᠢ ᠨᠡᠶᠢᠲᠡ ᠳ᠋ᠤ ᠲᠠᠨᠢᠭᠤᠯᠵᠤ ᠂ ᠲᠡᠭᠦᠨ ‍ᠤ ᠤᠯᠠᠮ ᠢᠶᠠᠷ ᠨᠤᠲᠤᠭ ᠤᠷᠤᠨ ᠂ ᠦᠡᠳᠦᠰᠦᠲᠡᠨ ᠶᠠᠰᠤᠲᠠᠨ ‍ᠤ ᠪᠠᠨ ᠠᠯᠳᠠᠷ ᠨᠡᠷ᠎ᠡ ᠶ᠋ᠢ ᠳᠡᠯᠡᠬᠡᠢ ᠶ᠋ᠢᠨ ᠳᠡᠪᠵᠢᠶᠠᠨ ᠳ᠋ᠤ ᠡᠷᠬᠦᠵᠦ ᠶᠠᠪᠤᠳᠠᠭ ᠤᠴᠢᠷᠲᠠᠢ ᠃ ᠭᠡᠬᠦ ᠳ᠋ᠤ ᠦᠪᠦᠷ ᠮᠤᠡᠭᠭᠤᠯ ‍ᠤᠨ ᠮᠤᠡᠭᠭᠤᠯ ᠤᠷᠠᠨ ᠵᠤᠬᠢᠶᠠᠯ ᠨᠢ ᠬᠢᠲᠡᠳ ᠬᠡᠯᠨᠨ ‍ᠤ  ᠤᠩᠰᠢᠭᠴᠢᠳ ᠲᠤ ᠤᠷᠢᠳᠠᠪᠠᠷ ᠲᠠᠨᠢᠭᠳᠠᠵᠤ ᠂ ᠳᠠᠷᠠᠭ᠎ᠠ ᠨᠢ ᠳᠡᠯᠡᠬᠡᠢ ᠨᠡᠶᠢᠲᠡ ᠳ᠋ᠤ ᠲᠠᠨᠢᠭᠳᠠᠬᠤ ᠵᠠᠮ ‍ᠢ ᠡᠯᠬᠦᠬᠦ ᠶ᠋ᠢ ᠪᠤᠳᠤᠬᠤ ᠨᠢ ᠳᠦᠲᠡ ᠵᠠᠮ ᠪᠠᠶᠢᠮᠠᠷ ᠪᠢᠯᠨ ᠃ ᠲᠡᠭᠡᠭᠡᠳ ᠴᠤ ᠪᠢ ᠦᠡᠳᠦᠰᠦᠲᠡᠨ ‍ᠤ ᠬᠡᠯᠨ ᠪᠠᠷ ᠢᠶᠡᠨ ᠵᠤᠬᠢᠶᠠᠭᠳᠠᠭᠰᠠᠨ ᠰᠢᠯᠢᠳᠡᠭ ᠪᠦᠲᠦᠭᠡᠯ ᠨᠦ᠋ᠭᠦᠳ ‍ᠢ ᠤᠡᠭᠰᠢᠵᠦ ᠦᠪᠡᠷ ‍ᠢ ᠪᠠᠨ ᠲᠠᠰᠤᠷᠠᠯᠲᠠ ᠦᠭᠡᠢ ᠲᠡᠬᠦᠯᠳᠡᠷᠵᠢᠬᠦᠯᠳᠡᠭ ᠮᠦᠷᠲᠡᠭᠡᠨ ᠬᠢᠲᠡᠳ ᠬᠡᠯᠡᠨ ‍ᠤ ᠪᠠ ᠬᠢᠲᠡᠳ ᠬᠡᠯᠡᠨ ᠳ᠋ᠤ ᠤᠷᠴᠢᠭᠤᠯᠤᠭᠳᠠᠭᠰᠠᠨ ᠳᠡᠯᠡᠬᠡᠢ ᠶ᠋ᠢᠨ ᠰᠤᠡᠭᠭᠤᠳᠠᠭ ᠪᠦᠲᠦᠭᠡᠯ ᠨᠦ᠋ᠭᠦᠳ ‍ᠢ ᠴᠤ ᠰᠤᠡᠭᠭᠤᠨ ᠤᠡᠭᠰᠢᠵᠦ ᠪᠢᠷ ‍ᠤᠨ ᠦᠵᠦᠬᠦᠷ ᠲᠤ ᠪᠠᠨ ᠰᠢᠳᠢ ᠤᠷᠤᠰᠢᠭᠤᠯᠬᠤ ᠳ᠋ᠤ ᠦᠢᠯᠡᠴᠢᠯᠡᠬᠦᠯᠳᠡᠭ ᠃ ᠤᠴᠢᠷ ᠨᠢ 《 ᠪᠢᠴᠢᠭ ᠨᠤᠮ ‍ᠢ ᠲᠦᠮᠡᠨ ᠪᠤᠳᠢ ᠤᠡᠭᠰᠢᠪᠠᠰᠤ ᠪᠢᠷ ‍ᠤᠨ ᠦᠵᠦᠬᠦᠷ ᠷᠢᠳᠢ ᠰᠢᠳᠢ ᠤᠷᠤᠰᠢᠮᠤᠢ 》ᠭᠡᠳᠡᠭ ᠰᠢᠤ ᠳ᠋ᠠ ᠃ ᠭᠡᠬᠦ ᠳ᠋ᠤ ᠮᠢᠨᠦ ᠡᠨᠡ ᠬᠦ 《 ᠠᠯᠤᠰ ‍ᠤᠨ ᠬᠠᠷᠠᠯᠲᠠ 》 ᠪᠦᠬᠦᠢ ᠴᠢᠷᠮᠠᠶᠢᠯᠭ᠎ᠠ ᠨᠢ ᠪᠦᠭᠰᠡᠨ ᠳ᠋ᠤ ᠪᠠᠨ ᠬᠦᠷᠬᠦ ᠦᠭᠡᠢ ᠭᠠᠷ ᠢᠶᠡᠨ ᠲᠡᠭᠷᠢ ᠦᠭᠡᠳᠡ ᠰᠠᠷᠪᠠᠶᠢᠭᠰᠠᠨ ᠠᠵᠤ ᠪᠤᠯᠵᠤ ᠴᠤ ᠮᠡᠳᠡᠬᠦ ᠶᠤᠮ ᠃ ᠭᠡᠪᠡᠴᠦ ᠰᠠᠨᠠᠭᠰᠠᠨ ᠪᠤᠯᠭᠠᠨ ᠪᠦᠲᠦᠳᠡᠭ ᠦᠭᠡᠢ ᠴᠤ ᠰᠠᠨᠠᠵᠤ ᠶᠠᠪᠤᠬᠤ ᠦᠭᠡᠢ ᠪᠤᠯ ᠨᠡᠡᠭ ᠴᠤ ᠪᠦᠲᠦᠨ᠎ᠡ ᠭᠡᠵᠤ ᠪᠠᠶᠢᠳᠠᠭ ᠦᠭᠡᠢ ᠯᠠ ᠳ᠋ᠠ ᠃
      ᠲᠢᠶ᠋ᠸ ᠨᠢᠡᠭ ᠦᠪᠡᠷ ‍ᠤᠨ ᠪᠦᠷᠭᠡ ᠳ᠋ᠤ ᠬᠢ 《 ᠨᠤᠴᠤᠵᠤ ᠪᠠᠶᠢᠭ᠎ᠠ ᠨᠤᠭᠤᠭᠠᠨ ᠮᠤᠳᠤ 》 ᠬᠡᠮᠡᠬᠦ ᠰᠤᠯᠨ ᠵᠤᠬᠢᠶᠠᠯ ᠳ᠋ᠤ ᠪᠠᠨ ᠠᠯᠢ ᠨᠢᠭᠡ ᠵᠤᠬᠢᠶᠠᠯᠴᠢ ᠶ᠋ᠢᠨ ᠪᠦᠲᠦᠭᠡᠯ ‍ᠢ ᠪᠠᠬᠠᠷᠬᠠᠪᠠᠯ ᠨᠠᠮᠲᠠᠷ ‍ᠢ ᠨᠢ ᠤᠡᠭᠰᠢᠬᠤ ᠦᠭᠡᠢ ᠪᠠᠶᠢᠵᠤ ᠪᠤᠯᠬᠤ ᠦᠭᠡᠢ ᠃ ᠤᠳᠠᠭ᠎ᠠ ᠪᠦᠷᠢ ᠪᠢ ᠲᠡᠳᠡᠭᠡᠷ ᠠᠪᠤᠷᠭᠤᠴᠤᠤᠯ ‍ᠤᠨ ᠨᠠᠮᠲᠠᠷ ‍ᠢ ᠤᠡᠭᠰᠢᠭᠰᠠᠨ ᠬᠤᠶᠢᠨ᠎ᠠ ᠶᠠᠭ ᠯᠠ ᠲᠡᠳᠡᠨ ‍ᠤ ᠠᠮᠢᠳᠤᠷᠠᠯ ‍ᠢ ᠦᠪᠡᠷ ᠢᠶᠡᠨ ᠲᠤᠭᠤᠯᠤᠭᠰᠠᠨ ᠰᠢᠭ᠋ ᠰᠠᠨᠠᠭᠳᠠᠳᠠᠭ ᠃ ᠵᠠᠯᠭᠠᠭᠠᠳ ᠲᠡᠳᠡᠨ ‍ᠤ ᠲᠤᠭᠤᠵᠢᠰ ᠪᠠ ᠢᠷᠠᠭᠤ ᠨᠠᠶᠢᠷᠠᠭ ‍ᠢ ᠳᠠᠬᠢᠡᠲᠠ ᠤᠡᠭᠰᠢᠬᠤ ᠶ᠋ᠢᠨ ᠤᠷᠮᠠᠰ ᠲᠦᠷᠦᠳᠡᠭ ᠃ ᠲᠡᠶᠢᠨ ᠬᠦ ᠨᠢᠭᠡ ᠵᠦᠢᠯ ‍ᠤᠨ ᠴᠤ᠋ ᠰᠢᠨ᠎ᠠ ᠠᠮᠲᠠᠷᠬᠠᠯ ᠡᠬᠢᠯᠡᠳᠡᠭ ᠶᠤᠮ ᠪᠠᠶᠢᠨ᠎ᠠ ᠃ ᠡᠨᠡ ᠬᠦ ᠳᠠᠬᠢᠨ ᠤᠡᠭᠰᠢᠬᠤ ᠶᠠᠪᠤᠴᠠ ᠳ᠋ᠤ ᠲᠠᠡᠭᠳᠠ ᠰᠢᠨ᠎ᠠ ᠰᠠᠶᠢᠬᠠᠨ ᠦᠵᠡᠮᠵᠢ ᠲᠤᠳᠤᠷᠠᠵᠤ ᠂ ᠠᠯᠤᠰ ᠬᠤᠯᠨ ᠠᠭᠠᠳ ᠤᠶᠢᠷ᠎ᠠ ᠲᠤᠳᠤᠨᠤ ᠂ ᠲᠠᠨᠢᠯ ᠪᠤᠰᠤ ᠠᠭᠠᠳ ᠲᠠᠨᠢᠯ ᠲᠠᠰᠤᠯᠬᠠᠨ ᠰᠠᠨᠠᠭᠳᠠᠳᠠᠭ —— ᠡᠨᠡ ᠨᠢ ᠲᠠ ᠲᠡᠳᠡᠨ ‍ᠤ ᠵᠤᠬᠢᠶᠠᠯ ᠪᠦᠲᠦᠭᠡᠯ ᠡᠴᠠ ᠨᠢ ᠭᠠᠳᠠᠨ᠎ᠠ ᠭᠠᠶᠢᠬᠠᠮᠰᠢᠭᠲᠤ ᠠᠮᠢᠳᠤᠷᠠᠯ ᠦᠡᠭᠭᠡᠷᠡᠭᠡᠯ ‍ᠢ ᠨᠢ ᠮᠡᠳᠡᠵᠦ ᠤᠶᠢᠯᠠᠭᠠᠭᠰᠠᠨ ᠡᠴᠠ ᠯᠠ ᠪᠤᠯᠤᠭᠰᠠᠨ ᠪᠠᠶᠢᠬᠤ ᠳ᠋ᠠ 》 ᠭᠡᠵᠤ ᠪᠢᠴᠢᠭᠰᠡᠨ ᠪᠠᠶᠢᠭᠰᠠᠨ ᠃  ᠲᠢᠶ᠋ᠸ ᠨᠢᠡᠭ ‍ᠤᠨ ᠪᠦᠷᠭᠡ ᠶ᠋ᠢ ᠪᠢ ᠲᠤᠰ ᠨᠠᠶᠢᠷᠠᠭᠤᠯᠤᠯ ‍ᠢ ᠪᠢᠴᠢᠬᠦ ᠡᠴᠠ ᠯᠠ ᠡᠮᠦᠨ᠎ᠡ ᠰᠦᠯᠵᠢᠶᠠᠨ ᠡᠴᠠ ᠢᠯᠡᠷᠡᠬᠦᠯᠵᠦ ᠂ ᠤᠯᠵᠤ  ᠤᠩᠰᠢᠭᠰᠠᠨ ᠪᠠᠶᠢᠭ᠎ᠠ ᠶᠤᠮ ᠃ ᠡᠨᠡ ᠨᠢ ᠶᠠᠭ ᠮᠢᠨᠦ ᠬᠡᠯᠡᠶ᠎ᠡ ᠭᠡᠳ ᠬᠡᠯᠡᠵᠦ ᠴᠢᠳᠠᠭ᠎ᠠ ᠦᠭᠡᠢ ᠪᠠᠶᠢᠭᠰᠠᠨ ᠪᠤᠳᠤᠯ ᠲᠦᠷᠦᠭᠳᠡᠯ ‍ᠢ ᠴᠢᠪ ᠬᠡᠮᠡᠲᠡᠯ᠎ᠡ ᠬᠡᠯᠡᠭᠡᠳ ᠭᠠᠷᠭᠠᠴᠢᠬᠠᠭᠰᠠᠨ ᠪᠠᠶᠢᠬᠤ ᠦᠭᠡᠢ ᠤᠣ ᠃
      ᠪᠢ ᠴᠤ ᠭᠡᠰᠡᠨ ᠯᠦ ᠰᠢᠶᠦ᠋ᠨ ᠨᠡᠷᠡᠮᠵᠢᠳᠦ ᠤᠳᠬ᠎ᠠ ᠵᠤᠬᠢᠶᠠᠯ ‍ᠤᠨ ᠳᠡᠭᠡᠳᠦ ᠰᠤᠷᠭᠠᠭᠤᠯᠢ ᠳ᠋ᠤ ᠤᠴᠢᠬᠤ ᠡᠴᠠ ᠪᠠᠨ ᠡᠮᠦᠨ᠎ᠡ ᠲᠢᠶ᠋ᠸ ᠨᠢᠡᠭ ᠲᠠᠢ ᠯᠠᠪ ᠵᠤᠯᠭᠠᠨ᠎ᠠ ᠭᠡᠳᠡᠭ ᠢᠶᠡᠨ ᠪᠠᠷᠤᠭᠯᠠᠵᠤ ᠂ ᠪᠢᠰᠢᠷᠡᠨ ᠰᠢᠲᠦᠳᠡᠭ ᠵᠤᠬᠢᠶᠠᠯᠴᠢ ᠶ᠋ᠢᠨ ᠢᠶᠡᠨ ᠳᠤᠬᠠᠢ ᠤᠯᠠᠮ ᠬᠦᠡᠵᠡᠬᠡᠢ ᠤᠶᠢᠯᠠᠭᠠᠬᠤ ᠶ᠋ᠢᠨ ᠬᠦᠰᠡᠯ ᠳ᠋ᠤ ᠪᠠᠨ ᠬᠦᠲᠦᠯᠦᠭᠳᠡᠨ 《 ᠲᠢᠶ᠋ᠸ ᠨᠢᠡᠭ ‍ᠤᠨ ᠡᠳᠦᠷ ‍ᠤᠨ ᠲᠡᠮᠳᠡᠭᠯᠡᠯ —— ᠰᠸᠦ᠋ᠯ ᠬᠤᠲᠠ ᠶ᠋ᠢᠨ ᠦᠯᠢᠭᠡᠷ 》 ᠬᠡᠮᠡᠬᠦ ᠨᠤᠮ ‍ᠢ ᠨᠢ ᠬᠡᠳᠦᠭᠡᠨ ᠬᠤᠨᠤᠭ ᠲᠤᠲᠤᠷ᠎ᠠ ᠲᠤᠭᠤᠯᠵᠤ ᠭᠠᠷᠤᠭᠰᠠᠨ ᠪᠢᠯᠨ ᠃ ᠡᠬᠦᠨ ᠡᠴᠠ ᠡᠮᠦᠨ᠎ᠡ ᠲᠢᠶᠸ ᠨᠢᠡᠭ ‍ᠤᠨ ᠨᠠᠮᠲᠠᠷ ᠲᠡᠤᠭᠡ ᠶ᠋ᠢ ᠰᠤᠨᠢᠨ ᠰᠡᠳᠬᠦᠯ ᠬᠢᠭᠡᠳ ᠲᠡᠭᠦᠨ ‍ᠤ ᠲᠡᠬᠦᠪᠦᠷᠢ ᠨᠤᠮ ‍ᠤᠳ ᠡᠴᠠ ᠤᠯᠠᠡᠲᠠ ᠤᠡᠭᠰᠢᠵᠦ ᠦᠡᠭᠭᠡᠷᠡᠭᠰᠡᠨ ᠶᠤᠮ ᠃ ᠬᠡᠤᠬᠡᠳ ᠠᠬᠤᠢ ᠡᠴᠠ ᠪᠠᠨ ᠡᠳᠦᠷ ‍ᠤᠨ ᠲᠡᠮᠳᠡᠭᠯᠡᠯ ᠪᠢᠴᠢᠬᠦ ᠲᠤᠷᠠᠲᠠᠢ ᠪᠠᠶᠢᠭᠰᠠᠨ ᠂ ᠭᠡᠴᠡᠬᠦᠦ ᠴᠠᠭ ‍ᠤᠨ ᠬᠦᠯ ᠳ᠋ᠤ ᠳᠠᠭᠠᠷᠢᠭᠳᠠᠵᠤ ᠠᠪᠤ᠋ ᠡᠵᠢ ᠡᠴᠠ ᠪᠠᠨ ᠰᠠᠯᠵᠤ ᠦᠬᠢᠨ ᠳᠡᠬᠦᠦ ᠲᠠᠢ ᠪᠠᠨ ᠪᠡᠭᠡᠵᠢᠡᠭ ᠳ᠋ᠤ ᠪᠠᠶᠢᠭ᠎ᠠ ᠨᠠᠭᠠᠴᠤ ᠡᠵᠢ ᠶ᠋ᠢᠨ ᠬᠢᠨ ᠳ᠋ᠤ ᠪᠠᠨ ᠤᠷᠤᠡᠭᠨᠠᠭᠰᠠᠨ ᠂ ᠪᠠᠭ᠎ᠠ ᠨᠠᠰᠤᠨ ‍ᠤ ᠬᠡᠤᠬᠡᠳ ‍ᠤᠨ ᠰᠤᠨᠤᠰᠬᠤ ᠶᠤᠰᠤ ᠦᠭᠡᠢ ᠵᠦᠢᠯᠡᠰ ‍ᠢ ᠰᠤᠨᠤᠰᠴᠤ ᠂ ᠦᠵᠡᠬᠦ ᠶᠤᠰᠤ ᠦᠭᠡᠢ ᠵᠦᠢᠯᠡᠰ ‍ᠢ ᠦᠵᠡᠵᠦ ᠡᠷᠲᠡ ᠲᠤᠮᠤᠭᠠᠵᠢᠭᠰᠠᠨ ᠂ ᠠᠷᠪᠠᠨ ᠲᠠᠪᠤ᠋ ᠵᠢᠷᠭᠤᠭᠠᠨ ᠨᠠᠰᠤᠨ ᠡᠴᠠ ᠪᠠᠨ ᠵᠤᠬᠢᠶᠠᠯᠴᠢ ᠪᠤᠯᠬᠤ ᠪᠤᠳᠤᠯ ᠤᠷᠤᠭᠰᠠᠨ ᠂ ᠤᠷᠠᠨ ᠵᠤᠬᠢᠶᠠᠯ ‍ᠤᠨ ᠰᠡᠡᠭᠭᠡᠷᠡᠬᠦᠯᠦᠯ ‍ᠤᠨ ᠪᠠᠭᠰᠢ ᠰᠢᠤᠢ ᠭᠤᠸᠠᠡᠭ ᠶᠤᠤ ᠭᠤᠸᠠᠢ ᠶ᠋ᠢᠨ ᠦᠭᠡ ᠪᠠᠷ ᠤᠷᠠᠨ ᠰᠠᠶᠢᠬᠠᠨ ‍ᠤ ᠪᠦᠯᠬᠦᠮ ᠳ᠋ᠤ ᠠᠵᠢᠯᠯᠠᠬᠤ ᠬᠤᠪᠤᠷᠬᠠᠨ ᠵᠠᠪᠰᠢᠶᠠᠨ ᠢᠶᠡᠨ ᠤᠷᠬᠢᠵᠦ ᠬᠦᠳᠡᠭᠡ ᠪᠠᠭᠤᠭᠰᠠᠨ ᠂ ᠠᠷᠪᠠᠨ ᠳᠤᠯᠤᠭᠠᠨ ᠨᠠᠰᠤᠨ ᠳ᠋ᠤ ᠪᠠᠨ ᠠᠡᠭᠬᠠᠨ ‍ᠤ ᠪᠦᠲᠦᠭᠡᠯ ᠢᠶᠡᠨ ᠨᠡᠶᠢᠲᠡᠯᠡᠬᠦᠯᠦᠭᠰᠡᠨ ᠁ ᠵᠡᠷᠭᠡ ᠨᠠᠮᠲᠠᠷ ᠦᠡᠭᠭᠡᠷᠡᠯᠲᠡ ᠶ᠋ᠢ ᠨᠢ ᠪᠢ ᠠᠯᠢ ᠬᠡᠳᠦᠶᠢᠨ ᠨᠢ ᠨᠤ᠋ ᠦᠭᠡᠢ ᠴᠡᠭᠡᠵᠢᠯᠡᠴᠢᠬᠡᠭᠰᠡᠨ ᠪᠠᠶᠢᠭ᠎ᠠ ᠶᠤᠮ ᠃ 《 ᠲᠢᠶᠸ ᠨᠢᠡᠭ ‍ᠤᠨ ᠡᠳᠦᠷ ‍ᠤᠨ ᠲᠡᠮᠳᠡᠭᠯᠡᠯ —— ᠰᠸᠦ᠋ᠯ ᠬᠤᠲᠠ ᠶ᠋ᠢᠨ ᠦᠯᠢᠭᠡᠷ 》 ᠨᠢ ᠲᠢᠶ᠋ᠸ ᠨᠢᠡᠭ ‍ᠤᠨ ᠵᠤᠷᠢᠭ ᠰᠠᠨᠠᠭᠠᠨ ‍ᠤ ᠶᠢᠷᠲᠢᠡᠴᠦ ᠳ᠋ᠤ ᠨᠡᠪᠲᠡᠷᠡᠬᠦ ᠴᠤᠡᠭᠬᠤᠪᠴᠢ ᠪᠤᠯᠵᠤ ᠮᠢᠨᠦ ᠬᠠᠷᠠᠭᠠᠨ ᠳ᠋ᠤ ᠨᠡᠭᠡᠭᠡᠭᠳᠡᠭᠰᠡᠨ ᠪᠢᠯᠨ ᠃ ᠡᠡᠳᠡ ᠡᠴᠠ ᠪᠢ ᠲᠢᠶ᠋ᠸ ᠨᠢᠡᠭ ‍ᠤᠨ ᠵᠤᠷᠢᠭ ᠰᠠᠨᠠᠭᠠᠨ ‍ᠤ ᠶᠢᠷᠲᠢᠡᠴᠦ ᠪᠤᠶᠤ ᠦᠵᠡᠯ ᠪᠤᠳᠤᠯ ‍ᠤᠨ ᠶᠢᠷᠲᠢᠡᠴᠦ ᠶᠠᠭᠠᠬᠢᠭᠰᠠᠨ ᠡᠶ᠎ᠡ ᠨᠠᠶᠢᠷᠠᠮᠳᠠᠭᠤ ᠂ ᠡᠭᠡᠯ ᠳᠠᠷᠤᠤ ᠮᠦᠷᠲᠡᠭᠡᠨ ᠡᠷᠬᠢᠮ ᠳᠡᠭᠡᠳᠦ ᠪᠠᠶᠢᠭᠰᠠᠨ ᠭᠡᠭᠴᠢ ᠶ᠋ᠢ ᠨᠡᠡᠭ ᠬᠦᠡᠵᠡᠬᠡᠢ ᠤᠶᠢᠯᠠᠭᠠᠪᠠ ᠃ ᠲᠡᠶᠢᠨ ᠬᠦ ᠪᠢ ᠵᠠᠯᠭᠠᠭᠠᠳ ᠲᠢᠶ᠋ᠸ ᠨᠢᠡᠭ ‍ᠤᠨ ᠰᠢᠨᠡᠬᠡᠨ ᠬᠡᠪᠯᠡᠬᠦᠯᠦᠭᠰᠡᠨ ᠷᠤᠮᠠᠨ 《 ᠪᠸᠨ ᠬᠤᠸᠨ 》 ᠶ᠋ᠢ ᠤᠡᠭᠰᠢᠵᠦ ᠂ ᠲᠡᠬᠦᠨ ‍ᠤ ᠪᠦᠲᠦᠭᠡᠭᠰᠡᠨ 《 ᠰᠢᠨ᠎ᠠ ᠰᠠᠶᠢᠬᠠᠨ ᠦᠵᠡᠮᠵᠢ 》 ᠶ᠋ᠢ ᠰᠤᠨᠢᠷᠬᠠᠵᠤ ᠡᠬᠢᠯᠡᠲᠡᠯ᠎ᠡ ᠪᠡᠭᠡᠵᠢᠡᠭ ᠳ᠋ᠤ ᠰᠤᠷᠤᠯᠴᠠᠬᠤ ᠪᠠᠷ ᠮᠤᠷᠲᠠᠬᠤ ᠡᠳᠦᠷ ᠬᠤᠭᠤᠴᠠᠭ᠎ᠠ ᠲᠤᠯᠤᠭᠠᠳ ᠢᠷᠡᠴᠢᠬᠡᠪᠡ ᠃
      ᠲᠢᠶ᠋ᠸ ᠨᠢᠡᠭ ᠲᠠᠢ ᠬᠤᠶᠠᠳᠠᠬᠢ ᠤᠳᠠᠭ᠎ᠠ ᠤᠴᠠᠷᠠᠭᠰᠠᠨ ᠨᠢ ᠳᠤᠮᠳᠠᠳᠤ ᠤᠯᠤᠰ ‍ᠤᠨ ᠤᠳᠤ ᠦᠶ᠎ᠡ ᠶ᠋ᠢᠨ ᠤᠷᠠᠨ ᠵᠤᠬᠢᠶᠠᠯ ‍ᠤᠨ ᠤᠷᠳᠤᠨ ᠳ᠋ᠤ ᠪᠤᠯᠤᠭᠰᠠᠨ 《 ᠨᠡᠶᠢᠰᠯᠡᠯ ‍ᠤᠨ ᠤᠷᠠᠨ ᠵᠤᠬᠢᠶᠠᠯ ‍ᠤᠨ ᠬᠢᠨ ‍ᠤ ᠦᠭᠡᠷᠡᠴᠢᠯᠡᠯᠲᠡ ᠨᠡᠭᠡᠭᠡᠯᠲᠡ ᠶ᠋ᠢᠨ ᠭᠤᠴᠢᠨ ᠵᠢᠯ ‍ᠢ ᠳᠤᠷᠠᠰᠬᠠᠬᠤ ᠰᠠᠭᠤᠳᠠᠯ ‍ᠤᠨ ᠬᠤᠷᠠᠯ 》ᠳᠡᠭᠡᠷ᠎ᠡ ᠪᠠᠶᠢᠭᠰᠠᠨ ᠪᠢᠯᠨ ᠃  ᠰᠠᠶ᠋ᠢᠬᠢ ᠰᠠᠭᠤᠳᠠᠯ ‍ᠤᠨ ᠬᠤᠷᠠᠯ ᠳᠡᠭᠡᠷ᠎ᠡ ᠮᠠᠨ ‍ᠤ ᠠᠡᠭᠬᠢ ᠶ᠋ᠢᠨ ᠨᠦᠬᠦᠳ ‍ᠢ ᠴᠤ ᠤᠷᠢᠵᠦ ᠤᠷᠤᠯᠴᠠᠭᠤᠯᠤᠭᠰᠠᠨ ᠶᠤᠮ ᠃ ᠪᠢ ᠤᠡᠭᠨᠢᠭᠤᠳ ᠨᠤᠲᠤᠭᠲᠠᠢ ᠵᠤᠬᠢᠶᠠᠯᠴᠢ ᠵᠢ‍ · ᠴᠡᠡᠭᠭᠡᠯ ᠲᠠᠢ ᠬᠠᠮᠲᠤ ᠬᠤᠷᠠᠯ ‍ᠤᠨ ᠲᠠᠯᠠᠪᠤᠷ ‍ᠤᠨ ᠪᠠᠷᠠᠭᠤᠨ ᠲᠠᠯ᠎ᠠ ᠶ᠋ᠢᠨ ᠠᠷᠤ ᠶ᠋ᠢᠨ ᠰᠠᠭᠤᠳᠠᠯ ᠳ᠋ᠤ ᠤᠴᠢᠵᠦ ᠰᠠᠭᠤᠪᠠ ᠃ ᠲᠠᠡᠭᠬᠢᠰ ᠬᠤᠶᠠᠷ ᠡᠳᠦᠷ ‍ᠤᠨ ᠡᠮᠦᠨ᠎ᠡ ᠬᠦᠬᠡᠬᠤᠲᠠ ᠳ᠋ᠤ ᠺᠤᠮᠫᠢᠦ᠋ᠲ᠋ᠸᠷ  ᠰᠢᠯᠭᠠᠬᠤ ᠪᠠᠷ ᠪᠤᠴᠠᠴᠢᠬᠠᠭᠰᠠᠨ ᠪᠤᠯᠬᠤᠷ ᠡᠨᠡ ᠬᠦ ᠦᠪᠡᠳᠡᠭᠰᠢ ᠶᠡᠬᠡ ᠰᠠᠭᠤᠳᠠᠯ ‍ᠤᠨ ᠬᠤᠷᠠᠯ ᠳ᠋ᠤ ᠤᠷᠤᠯᠴᠠᠵᠤ ᠴᠢᠳᠠᠭ᠎ᠠ ᠦᠭᠡᠢ ᠃
      ᠮᠠᠨᠤᠰ ‍ᠢ ᠰᠠᠭᠤᠳᠠᠯ ᠤᠯᠵᠤ ᠰᠠᠭᠤᠭᠠᠳ ᠳᠡᠮᠡᠢ ᠤᠳᠠᠯ ᠦᠭᠡᠢ ᠲᠢᠶ᠋ᠸ ᠨᠢᠡᠭ ᠲᠦᠷᠦᠬᠦᠲᠠᠢ ᠵᠤᠬᠢᠶᠠᠯᠴᠢᠳ ‍ᠤᠨ ᠡᠪᠯᠡᠯ ‍ᠤᠨ ᠤᠳᠤᠷᠢᠳᠤᠯᠭ᠎ᠠ ᠨᠠᠷ ᠬᠦᠷᠦᠯᠴᠡᠨ ᠢᠷᠡᠵᠦ ᠰᠠᠭᠤᠳᠠᠯ ᠰᠠᠭᠤᠳᠠᠯ ᠳ᠋ᠤ ᠪᠠᠨ ᠰᠠᠭᠠᠲᠠᠬᠤ ᠬᠠᠷᠠᠭᠳᠠᠪᠠ ᠃ ᠪᠢ ᠬᠤᠷᠠᠯ ᠡᠬᠢᠯᠡᠬᠦ ᠡᠴᠠ ᠡᠮᠦᠨᠡᠬᠢ ᠤᠬᠤᠷᠬᠠᠨ ᠮᠦᠴᠠ ᠶ᠋ᠢ ᠠᠰᠢᠭᠯᠠᠵᠤ ᠲᠢᠶ᠋ᠸ ᠨᠢᠡᠭ ᠲᠠᠢ ᠬᠠᠮᠲᠤ ᠵᠢᠷᠤᠭ ᠠᠪᠬᠠᠭᠤᠯᠵᠤ ᠠᠮᠵᠢᠬᠤ ᠦᠭᠡᠢ ᠪᠤᠯ ᠮᠦᠨ ᠬᠤᠪᠤᠷᠬᠠᠨ ᠵᠠᠪᠰᠢᠶᠠᠨ ‍ᠢ ᠠᠯᠳᠠᠵᠤ ᠤᠷᠬᠢᠬᠤ ᠨᠢ ᠳ᠋ᠠ ᠭᠡᠵᠤ ᠪᠤᠳᠤᠵᠤ ᠠᠮᠵᠢᠯ᠎ᠠ ᠃ ᠲᠡᠶᠢᠨ ᠬᠦ ᠬᠠᠵᠠᠭᠤᠬᠠᠨ ᠳ᠋ᠤ ᠰᠠᠭᠤᠭ᠎ᠠ ᠵᠢ‍ · ᠴᠡᠡᠭᠬᠡᠯ ᠵᠦᠭ ᠬᠠᠡᠳᠤᠵᠤ ᠄ 《 ᠬᠦᠱᠢ ᠂ ᠬᠤᠶᠠᠭᠤᠯᠨ ᠤᠴᠢᠵᠦ ᠲᠢᠶᠸ ᠨᠢᠡᠭ ᠲᠡᠷᠢᠬᠦᠯᠡᠭᠴᠢ ᠲᠠᠢ ᠵᠢᠷᠤᠭ ᠠᠪᠬᠠᠭᠤᠯᠬᠤ ᠦᠭᠡᠢ ᠤᠣ ?》ᠭᠡᠪᠡ ᠃ ᠵᠢ‍ · ᠴᠡᠡᠭᠭᠡᠯ ᠮᠠᠨᠢ ᠪᠠᠬᠠᠨ ᠲᠠᠲᠠᠭᠠᠯᠵᠠᠭᠰᠠᠨ ᠪᠠᠶᠢᠷᠢ ᠲᠠᠢ ᠄ 《 ᠪᠤᠯᠬᠤ ᠦᠭᠡᠢ ᠪᠠ ?》 ᠭᠡᠬᠦ ᠶᠤᠮ ᠃ ᠪᠢ ᠄ 《 ᠪᠤᠯᠬᠤ ᠦᠭᠡᠢ ᠶᠠᠭᠠᠬᠢᠬᠤ ᠪᠤᠢ ᠂ ᠪᠢ ᠤᠷᠢᠳᠠᠪᠠᠷ ᠤᠴᠢᠵᠦ ᠬᠡᠯᠡᠶ᠎ᠡ 》 ᠭᠡᠳ ᠲᠡᠷᠢᠬᠦᠯᠡᠭᠴᠢᠳ ‍ᠤᠨ ᠲᠠᠶᠢᠰᠠᠨ ᠵᠦᠭ ᠰᠢᠭᠤᠳᠮᠠᠭ ᠠᠯᠬᠤᠯᠠᠪᠠ ᠃
      ᠪᠢ ᠪᠠᠬᠠᠷᠬᠠᠨ ᠰᠢᠳᠦᠳᠡᠭ ᠬᠦᠮᠦᠨ ‍ᠤ ᠪᠠᠨ ᠡᠮᠦᠨ᠎ᠡ ᠤᠴᠢᠭᠠᠳ ᠄ 《 ᠲᠢᠶ᠋ᠸ ᠨᠢᠡᠭ ᠪᠠᠭᠰᠢ ᠡ ᠂ ᠲᠠᠨ ᠲᠠᠢ ᠬᠠᠮᠲᠤ ᠵᠢᠷᠤᠭ ᠠᠪᠬᠠᠭᠤᠯᠵᠤ ᠪᠤᠯᠬᠤ ᠤᠣ ? 》 ᠭᠡᠬᠦ ᠳ᠋ᠤ ᠲᠢᠶ᠋ᠸ ᠨᠢᠡᠭ ᠢᠷᠠᠯᠵᠠᠲᠠᠯ᠎ᠠ ᠢᠨᠢᠶᠡᠮᠰᠦᠭᠯᠡᠵᠦ ᠲᠤᠡᠭ ᠡᠶᠡᠯᠳᠡᠭ ᠢᠶᠠᠷ ᠄ 《ᠪᠤᠯᠤᠨ᠎ᠠ 》 ᠭᠡᠳ ᠰᠠᠭᠤᠳᠠᠯ ᠡᠴᠠ ᠪᠠᠨ ᠬᠦᠡᠭᠭᠡᠨ ᠱᠦᠡᠭᠭᠡᠨ ᠪᠤᠰᠴᠤ ᠵᠤᠭᠰᠤᠪᠠ ᠃ ᠲᠡᠶᠢᠨ ᠬᠦ ᠵᠢ‍ · ᠴᠡᠡᠭᠭᠡᠯ ᠪᠢᠳᠡ ᠬᠤᠶᠠᠷ ᠵᠢᠷᠤᠭᠯᠠᠬᠤ ᠮᠠᠰᠢᠨ ᠢᠶᠡᠨ ᠡᠭᠡᠯᠵᠢᠯᠡᠨ ᠪᠠᠷᠢᠵᠦ ᠂ ᠲᠢᠶ᠋ᠸ ᠨᠢᠡᠭ ᠲᠠᠢ ᠲᠤᠰ ᠲᠤᠰ ᠵᠢᠷᠤᠭ ᠠᠪᠬᠠᠭᠤᠯᠤᠯ᠎ᠠ ᠃ ᠲᠢᠶ᠋ᠸ ᠨᠢᠡᠭ ᠲᠠᠢ ᠨᠠᠭᠠᠯᠳᠤᠨ ᠵᠤᠭᠰᠤᠭᠠᠳ ᠵᠢᠷᠤᠭ ᠠᠪᠬᠠᠭᠤᠯᠬᠤ ᠲᠡᠷᠨ ᠠᠭᠱᠠᠨ ᠳ᠋ᠤ ᠪᠡᠶ᠎ᠡ ᠮᠢᠨᠢ ᠴᠠᠬᠢᠯᠭᠠᠨ ᠳ᠋ᠤ ᠴᠤᠬᠢᠭᠤᠯᠤᠭᠰᠠᠨ ᠮᠡᠲᠦ ᠦᠪᠡᠷ ‍ᠤᠨ ᠡᠷᠭᠡ ᠦᠭᠡᠢ ᠴᠡᠴᠡᠷᠬᠢᠯᠡᠵᠦ ᠠᠪᠴᠠᠢ ᠃ ᠡᠨᠡ ᠨᠢ ᠮᠢᠨᠦ ᠳᠡᠡᠭᠳᠡᠬᠦᠦ ᠲᠤᠭᠳᠤᠯᠤᠭᠰᠠᠨ ᠡᠴᠠ ᠯᠠ ᠪᠠᠶᠢᠭ᠎ᠠ ᠶᠤᠮ ᠃  ᠰᠠᠶ᠋ᠢᠬᠢ 《 ᠴᠠᠬᠢᠯᠭᠠᠨ 》 ᠨᠢ ᠪᠢᠰᠢᠷᠡᠵᠦ ᠬᠦᠡᠳᠦᠳᠭᠡᠳᠡᠭ ᠬᠦᠮᠦᠨ ‍ᠤ ᠮᠠᠨᠢ ᠨᠠᠳᠠ ᠳᠠᠮᠵᠢᠭᠤᠯᠤᠭᠰᠠᠨ ᠨᠢᠭᠡ ᠵᠦᠢᠯ ‍ᠤᠨ ᠭᠠᠶᠢᠬᠠᠮᠰᠢᠭᠲᠤ ᠬᠦᠴᠦᠨ ᠴᠤ ᠪᠠᠶᠢᠭ᠎ᠠ ᠶᠤᠮ ᠃ ᠭᠡᠬᠦ ᠳ᠋ᠤ ᠤᠷᠢᠳ ᠠᠯᠢ ᠤᠯᠠᠨ ᠠᠯᠳᠠᠷᠲᠠᠨ ᠴᠤᠤᠳᠠᠨ ᠲᠠᠢ ᠬᠠᠮᠲᠤ ᠵᠢᠷᠤᠭᠯᠠᠭᠤᠯᠬᠤ ᠳ᠋ᠤ ᠪᠠᠨ ᠶᠡᠷᠦ ᠡᠴᠠ ᠡᠨᠡ ᠮᠡᠲᠦ ᠲᠤᠭᠳᠤᠯᠵᠤ ᠦᠡᠭᠭᠡᠷᠡᠭᠡ ᠦᠭᠡᠢ ᠪᠢᠯᠨ ᠃ ᠪᠢ ᠪᠢᠲᠡᠬᠦᠭᠡᠨ ᠳ᠋ᠤ ᠪᠠᠨ ᠦᠪᠡᠷ ‍ᠢ ᠪᠠᠨ ᠭᠠᠶᠢᠬᠠᠬᠤ ᠶ᠋ᠢᠨ ᠬᠠᠮᠲᠤ ᠪᠠᠬᠠᠨ ᠡᠪ ᠦᠭᠡᠶᠢᠷᠡᠪᠡ ᠃ ᠭᠡᠪᠡᠴᠦ ᠶᠠᠭᠠᠬᠢᠬᠤ ᠪᠤᠢ ᠂ ᠬᠡᠴᠢᠨᠡᠭᠡᠨ ᠡᠳᠦᠷ ‍ᠤᠨ ᠬᠦᠰᠡᠯ ᠪᠤᠳᠤᠯ ᠢᠶᠡᠨ ᠪᠡᠶᠡᠯᠡᠬᠦᠯᠦᠭᠰᠡᠨ  《ᠦᠨᠡᠡᠴᠢ ᠰᠦᠰᠦᠭᠳᠡᠨ 》 ‍ᠤ ᠶᠠᠭᠤ ᠪᠠᠷ ᠴᠤ ᠵᠦᠢᠷᠯᠡᠰᠢ ᠦᠭᠡᠢ ᠪᠡᠶ᠎ᠡ ᠰᠡᠳᠬᠢᠯ ‍ᠤᠨ ᠲᠤᠭᠳᠤᠯᠤᠯ ‍ᠢ ᠬᠡᠨ ᠬᠦᠮᠦᠨ ᠠᠶᠤᠮᠰᠢᠭ ᠦᠭᠡᠢ ᠭᠤᠲᠤᠭᠠᠨᠠᠮ ᠪᠢᠯᠨ ! ᠵᠢᠷᠤᠭ ᠠᠪᠬᠠᠭᠤᠯᠬᠤ ᠵᠠᠭᠤᠷ᠎ᠠ ᠪᠢᠳᠡ ᠬᠤᠶᠠᠭᠤᠯᠨ ᠪᠤᠰᠤᠳ ‍ᠢ ᠳᠠᠭᠤᠷᠢᠶᠠᠨ ᠰᠢᠨᠡᠬᠡᠨ ᠵᠤᠬᠢᠶᠠᠯᠭᠠᠭᠰᠠᠨ ᠨᠡᠷ᠎ᠡ ᠶ᠋ᠢᠨ ᠺᠠᠷᠲ ᠢᠶᠡᠨ ᠲᠢᠶ᠋ᠸ ᠨᠢᠡᠭ ᠳ᠋ᠤ ᠬᠢᠴᠢᠶᠡᠡᠭᠬᠦᠶᠢᠯᠡᠨ ᠭᠠᠷᠲᠠᠭᠤᠯᠪᠠ ᠃ ᠲᠢᠶ᠋ᠸ ᠨᠢᠡᠭ ᠮᠢᠨᠦ ᠨᠡᠷ᠎ᠡ ᠶ᠋ᠢᠨ ᠺᠠᠷᠲ ‍ᠢ ᠲᠤᠰᠴᠤ ᠠᠪᠤᠭᠠᠳ ᠨᠡᠷ᠎ᠡ ᠮᠢᠡᠳᠠᠭ ‍ᠢ ᠮᠢᠨᠢ ᠬᠢᠯᠠᠰ ᠤᠡᠭᠰᠢᠵᠦ ᠭᠠᠷᠤᠭᠰᠠᠨ ᠢᠶᠡᠨ ᠳᠠᠷᠤᠭ᠎ᠠ ᠬᠦᠮᠦᠨ ‍ᠤ ᠵᠠᠡᠭ ᠢᠶᠠᠷ ᠪᠢᠰᠢ ᠂ ᠲᠠᠰᠤᠯ ᠠᠡᠳᠠ ᠶ᠋ᠢᠨ ᠶᠤᠰᠤ ᠪᠠᠷ ᠄ 《 ᠵᠨ ᠂ ᠲᠠᠨᠤᠰ ᠤᠷᠤᠨ ᠳ᠋ᠤ ᠪᠠᠨ ᠤᠴᠢᠵᠦ ᠰᠠᠭᠤᠭᠠᠷᠠᠢ 》 ᠭᠡᠵᠤ ᠠᠶᠠᠲᠠᠶᠢᠬᠠᠨ ᠭᠡᠭᠴᠢ ᠢᠨᠢᠶᠡᠮᠰᠦᠭᠯᠡᠨ ᠦᠬᠦᠯᠡᠵᠡᠢ ᠃ ᠲᠢᠶ᠋ᠸ ᠨᠢᠡᠭ ᠦᠨᠦᠳᠦᠷ ᠬᠠᠷᠠᠪᠲᠤᠷᠬᠠᠨ ᠨᠤᠤᠰᠤᠨ ᠬᠤᠪᠴᠠᠰᠤ ᠡᠮᠦᠰᠴᠦ ᠂ ᠬᠦᠵᠦᠬᠦᠨ ᠳ᠋ᠤ ᠪᠠᠨ ᠰᠤᠪᠤᠳ ᠰᠤᠡᠳᠤᠷ ᠵᠡᠬᠦᠭᠰᠡᠨ ᠪᠠᠶᠢᠨ᠎ᠠ ᠃ ᠬᠦᠳᠡᠭᠡ ᠶ᠋ᠢᠨ ᠦᠬᠢᠳ ᠪᠡᠷᠢᠶᠡᠳ ‍ᠤᠨ ᠬᠦᠵᠦᠬᠦᠨ ᠳ᠋ᠤ ᠴᠤ ᠵᠦᠡᠭᠳᠡᠭᠡᠨ ᠬᠠᠷᠠᠭᠳᠠᠳᠠᠭ ᠰᠤᠪᠤᠳ ᠰᠤᠡᠳᠤᠷ ᠨᠢ ᠲᠢᠶ᠋ᠸ ᠨᠢᠡᠭ ‍ᠤᠨ ᠬᠦᠵᠦᠬᠦᠨ ᠳ᠋ᠤ ᠵᠡᠬᠦᠭᠳᠡᠬᠦ ᠪᠠᠷ ᠪᠦᠷ ᠴᠤ ᠢᠯᠡᠬᠦᠦ ᠭᠡᠷᠡᠯᠳᠦᠬᠦ ᠮᠡᠲᠦ ᠃
       ᠬᠤᠷᠠᠯᠳᠤᠬᠤ ᠶᠠᠪᠤᠴᠠ ᠳ᠋ᠤ ᠪᠢ ᠦᠬᠦᠯᠡᠭᠴᠢ ᠶ᠋ᠢᠨ ᠶᠠᠷᠢᠶ᠎ᠠ ᠶ᠋ᠢ ᠰᠤᠨᠤᠰᠬᠤ ᠶ᠋ᠢᠨ ᠬᠠᠮᠲᠤ ᠵᠤᠬᠢᠶᠠᠯ ᠪᠦᠲᠦᠭᠡᠯ ‍ᠢ ᠨᠢ ᠤᠡᠭᠰᠢᠵᠦ ᠦᠡᠭᠭᠡᠷᠡᠭᠰᠡᠨ ᠭᠡᠳᠦᠨ ᠠᠯᠳᠠᠷᠲᠤ ᠵᠤᠬᠢᠶᠠᠯᠴᠢ ᠶ᠋ᠢᠨ ᠦᠡᠭᠭᠡ ᠲᠦᠷᠬᠦ ᠂ ᠬᠦᠳᠡᠯᠦᠯ ᠪᠠᠷᠢᠯ ‍ᠢ ᠰᠡᠮ ᠠᠵᠢᠵᠤ ᠰᠠᠭᠤᠯ᠎ᠠ ᠃ ᠭᠡᠬᠦ ᠳ᠋ᠤ ᠪᠠᠨ ᠭᠤᠤᠯ ᠰᠠᠭᠤᠳᠠᠯ ᠳ᠋ᠤ ᠰᠠᠭᠠᠲᠠᠭᠰᠠᠨ  ᠲᠢᠶ᠋ᠸ ᠨᠢᠡᠭ ‍ᠤᠨ ᠬᠦᠳᠡᠯᠦᠯ ᠪᠠᠷᠢᠯ ‍ᠢ ᠢᠯᠡᠬᠦᠲᠡᠢ ᠠᠡᠭᠬᠠᠷᠴᠤ ᠰᠠᠶᠢᠬᠠᠨ ‍ᠤ ᠬᠠᠮᠲᠤ ᠶ᠋ᠢᠨ ᠵᠢᠷᠤᠭ ᠠᠪᠬᠠᠭᠤᠯᠤᠭᠰᠠᠨ ᠭᠡᠷᠡᠯᠲᠦ ᠠᠭᠱᠠᠨ ᠢᠶᠡᠨ ᠡᠷᠬᠢᠴᠡᠬᠦᠯᠦᠨ ᠂ ᠡᠶᠢᠮᠦ ᠰᠠᠶᠢᠬᠠᠨ ᠵᠠᠪᠰᠢᠶᠠᠨ ‍ᠢ ᠬᠠᠶᠢᠷᠠᠯᠠᠭᠰᠠᠨ ᠬᠤᠷᠮᠤᠰᠲᠠ ᠲᠡᠭᠷᠢ ᠳ᠋ᠤ ᠰᠡᠮ ᠲᠠᠯᠠᠷᠬᠠᠵᠤ ᠴᠤ ᠰᠠᠭᠤᠯ᠎ᠠ ᠃ ᠬᠠᠷᠠᠭᠰᠠᠨ ᠪᠤᠯᠭᠠᠨ ᠲᠢᠶ᠋ᠸ ᠨᠢᠡᠭ ᠭᠡᠵᠤ ᠢᠨᠢᠶᠡᠮᠰᠦᠭ ᠴᠢᠷᠠᠢ ᠲᠠᠢ ᠲᠠᠭᠠᠯᠠᠭᠤᠷᠬᠠᠨ ᠴᠡᠮᠴᠡᠭᠡᠷ ᠪᠦᠰᠡᠬᠦᠢ ᠪᠤᠯᠬᠤ ᠶ᠋ᠢ ᠮᠡᠳᠡᠳᠡᠭ ᠪᠠᠶᠢᠭᠰᠠᠨ ᠪᠤᠯ ᠤᠶᠢᠷᠠᠲᠤᠭᠰᠠᠨ ᠪᠤᠯᠭᠠᠨ ᠲᠡᠭᠦᠨ ‍ᠤ ᠳᠠᠷᠤᠤᠬᠠᠨ ᠵᠠᠡᠭ ᠲᠠᠢ ᠳᠠᠷᠤᠭ᠎ᠠ ᠬᠦᠮᠦᠨ ᠪᠤᠯᠬᠤ ᠶ᠋ᠢ ᠨᠢ ᠴᠤ ᠤᠶᠢᠯᠠᠭᠠᠬᠤ ᠪᠤᠯᠤᠨ᠎ᠠ ᠃ ᠳᠠᠷᠤᠭ᠎ᠠ ᠶᠡᠬᠡᠰ ᠡᠭᠡᠯᠵᠢᠯᠡᠨ ᠶᠠᠷᠢᠶ᠎ᠠ ᠲᠠᠯᠪᠢᠬᠤ ᠪᠦᠷᠢ ᠲᠢᠶ᠋ᠸ ᠨᠢᠡᠭ ᠤᠯᠠᠨ ᠲᠠᠢ ᠬᠠᠮᠲᠤ ᠭᠠᠷ ᠠᠯᠠᠭᠠᠳᠠᠵᠤ ᠂ ᠪᠠᠶᠠᠷᠯᠠᠨ ᠲᠠᠯᠠᠷᠬᠠᠵᠤ ᠪᠠᠶᠢᠭ᠎ᠠ ᠪᠠᠨ ᠢᠯᠡᠳᠭᠡᠬᠦ ᠶ᠋ᠢᠨ ᠬᠠᠮᠲᠤ ᠶᠠᠷᠢᠭᠴᠢ ᠶ᠋ᠢᠨ ᠵᠦᠭ ᠬᠠᠡᠳᠤᠵᠤ ᠠᠶᠠᠲᠠᠶᠢᠬᠠᠨ ᠢᠨᠢᠶᠡᠮᠰᠦᠭᠯᠡᠨ᠎ᠡ ᠃ ᠡᠨᠡ ᠨᠢ ᠶᠠᠷᠢᠭᠴᠢ ᠳ᠋ᠤ ᠬᠠᠶᠢᠷᠠᠯᠠᠭᠰᠠᠨ ᠬᠠᠮᠤᠭ ‍ᠤᠨ ᠭᠡᠭᠡᠯᠢᠭ ᠵᠤᠷᠢᠭᠵᠢᠭᠤᠯᠤᠯ ᠪᠠ ᠬᠠᠯᠠᠮᠵᠢᠯᠠᠯ ᠪᠤᠯᠬᠤ ᠪᠤᠢ ᠭᠡᠵᠤ ᠪᠢ ᠬᠤᠪᠢᠨ ᠳ᠋ᠤ ᠪᠠᠨ ᠲᠠᠭᠠᠮᠠᠭᠯᠠᠵᠤ ᠰᠠᠭᠤᠪᠠ ᠃ ᠶᠡᠷᠦ ᠨᠢ ᠲᠢᠶ᠋ᠸ ᠨᠢᠡᠭ ᠢᠨᠢᠶᠡᠮᠰᠦᠭᠯᠡᠬᠦ ᠪᠦᠷᠢ ᠬᠤᠷᠠᠯ ‍ᠤᠨ ᠲᠠᠯᠠᠪᠠᠢ ᠳ᠋ᠤ ᠨᠠᠷᠠᠨ ‍ᠤ ᠭᠡᠷᠡᠯ ᠪᠦᠵᠢᠭᠯᠡᠬᠦ ᠮᠡᠲᠦ ᠪᠤᠯᠬᠤ ᠠᠵᠢ ᠃ ᠳᠤᠮᠳᠠᠳᠤ ᠤᠯᠤᠰ ‍ᠤᠨ ᠵᠤᠬᠢᠶᠠᠯᠴᠢᠳ ‍ᠤᠨ ᠡᠪᠯᠡᠯ ᠨᠢ ᠡᠶᠢᠮᠦ ᠨᠢᠭᠡᠨ ᠦᠯᠡᠮᠵᠢ ᠠᠪᠢᠶᠠᠰ ᠲᠠᠢ ᠂ ᠦᠨᠢᠷ ᠪᠦᠲᠦᠭᠡᠯ ᠲᠠᠢ ᠂ ᠦᠡᠳᠦᠷ ᠪᠤᠯᠪᠠᠰᠤᠷᠠᠯ ᠲᠠᠢ ᠰᠤᠳᠤᠨ ᠪᠦᠰᠡᠬᠦᠢ ᠪᠠᠷ ᠲᠡᠷᠢᠬᠦᠯᠡᠭᠴᠢ ᠪᠤᠯᠭᠠᠭᠰᠠᠨ ᠨᠢ ᠲᠤᠡᠭ ᠡᠷᠲᠡᠨ ‍ᠤ ᠲᠤᠮᠤᠭ ‍ᠢ ᠳᠠᠬᠢᠨ ᠠᠮᠢᠯᠠᠭᠤᠯᠤᠭᠰᠠᠨ ᠲᠠᠢ ᠠᠳᠠᠯᠢᠬᠠᠨ ᠬᠦᠮᠦᠰ ‍ᠤᠨ ᠠᠡᠭᠬᠠᠷᠤᠯ ‍ᠢ ᠭᠡᠵᠢᠭᠡᠳᠡᠭᠰᠡᠨ ᠰᠠᠶᠢᠬᠠᠨ ᠵᠤᠭᠤᠭ ᠪᠤᠯᠵᠤ ᠪᠠᠶᠢᠭᠰᠠᠨ ‍ᠢ ᠴᠤ ᠪᠢ ᠰᠠᠨᠠᠵᠤ ᠤᠯᠪᠠ ᠃
       ᠶᠠᠷᠢᠭᠴᠢ ᠭᠤᠤᠯ ᠰᠡᠳᠤᠪ ᠲᠤ ᠪᠠᠨ ᠤᠷᠤᠬᠤ ᠪᠠᠷ ᠲᠢᠶ᠋ᠸ ᠨᠢᠡᠭ ᠢᠨᠢᠶᠡᠮᠰᠦᠭᠯᠡᠯ ᠢᠶᠡᠨ ᠬᠤᠷᠢᠶᠠᠵᠤ ᠂ ᠨᠢᠳᠤ ᠪᠠᠨ ᠲᠦᠷᠯᠡᠶᠢᠯᠭᠡᠨ ᠂ ᠲᠦᠪᠯᠡᠬᠦᠭᠡᠨ ᠴᠢᠷᠠᠶᠢᠯᠠᠨ ᠬᠢᠨᠠᠭᠤᠷ ᠯᠠᠪᠲᠠᠭᠤᠨ ᠢᠶᠠᠷ ᠶᠠᠷᠢᠶ᠎ᠠ ᠴᠢᠡᠭᠨᠠᠵᠤ ᠰᠠᠭᠤᠨ᠎ᠠ ᠃ ᠭᠡᠬᠦ ᠳ᠋ᠤ ᠲᠢᠶ᠋ᠸ ᠨᠢᠡᠭ ‍ᠤᠨ ᠴᠢᠷᠠᠢ ᠳᠡᠭᠡᠷ᠎ᠡ ᠲᠤᠳᠤᠷᠠᠭᠰᠠᠨ ᠢᠨᠢᠶᠡᠮᠰᠦᠭᠯᠡᠯ ᠬᠡᠨ ‍ᠤ ᠴᠢᠷᠠᠢ ᠳᠡᠭᠡᠷᠡᠬᠢ ᠢᠨᠢᠶᠡᠮᠰᠦᠭᠯᠡᠯ ᠡᠴᠠ ᠴᠤ ᠤᠳᠠᠭᠠᠨ ᠲᠤᠭᠲᠠᠨ᠎ᠠ ᠃ ᠡᠬᠦᠨ ‍ᠢ ᠬᠠᠷᠠᠭᠠᠳ ᠮᠢᠨᠦ ᠲᠤᠲᠤᠷ᠎ᠠ ᠲᠢᠶ᠋ᠸ ᠨᠢᠡᠭ ᠪᠤᠯ ᠶᠡᠷᠦ ᠡᠴᠠ ᠢᠨᠢᠶᠡᠮᠰᠦᠭᠯᠡᠬᠦ ᠳᠤᠷᠠᠲᠠᠢ ᠲᠠᠭᠠᠯᠠᠭᠤᠷᠬᠠᠨ ᠪᠦᠰᠡᠬᠦᠢ ᠶᠤᠮ ᠪᠠᠶᠢᠨ᠎ᠠ ᠂ ᠵᠦᠪᠬᠡᠨ ᠲᠡᠷᠢᠬᠦᠯᠡᠭᠴᠢ ᠶ᠋ᠢᠨ ᠰᠠᠭᠤᠳᠠᠯ ᠳ᠋ᠤ ᠰᠠᠭᠤᠭ᠎ᠠ ᠪᠤᠯᠬᠤᠷ ᠲᠦᠪᠯᠡᠬᠦᠭᠡᠨ ᠪᠠᠶᠢᠬᠤ ᠶ᠋ᠢ ᠢᠯᠡᠬᠦᠲᠡᠢ ᠬᠢᠴᠢᠶᠡᠵᠦ ᠂ ᠵᠢᠷᠦᠬᠡᠨ ᠡᠴᠠ ᠪᠠᠨ ᠤᠡᠲᠤᠷᠤᠭᠰᠠᠨ ᠢᠨᠢᠶᠡᠮᠰᠦᠭᠯᠡᠯ ᠢᠶᠡᠨ ᠠᠯᠪᠠ ᠪᠠᠷ ᠠᠷᠴᠢᠵᠦ ᠪᠠᠶᠢᠭ᠎ᠠ ᠪᠤᠯᠪᠠ ᠤᠣ ᠬᠡᠮᠡᠬᠦ ᠪᠤᠳᠤᠯ ᠴᠤ ᠦᠪᠡᠷ ‍ᠤᠨ ᠡᠷᠭᠡ ᠦᠭᠡᠢ ᠲᠦᠷᠦᠪᠡ ᠃
       ᠲᠢᠶ᠋ᠸ ᠨᠢᠡᠭ ᠲᠠᠢ ᠭᠤᠷᠪᠠᠳᠠᠬᠢ ᠤᠳᠠᠭ᠎ᠠ ᠤᠴᠠᠷᠠᠭᠰᠠᠨ ᠨᠢ  ᠯᠦ ᠰᠢᠶᠦ᠋ᠨ ᠨᠡᠷᠡᠮᠵᠢᠳᠦ ᠤᠳᠬ᠎ᠠ ᠵᠤᠬᠢᠶᠠᠯ ‍ᠤᠨ ᠳᠡᠭᠡᠳᠦ ᠰᠤᠷᠭᠠᠭᠤᠯᠢ ᠶ᠋ᠢᠨ ᠠᠷᠪᠠᠳᠤᠭᠠᠷ ᠬᠤᠭᠤᠴᠠᠭᠠᠨ ‍ᠤ ᠢᠳᠡᠷ ᠵᠠᠯᠠᠭᠤ ᠵᠤᠬᠢᠶᠠᠯᠴᠢᠳ ‍ᠤᠨ ᠳᠡᠭᠡᠳᠦ ᠳᠡᠰ ‍ᠤᠨ ᠰᠤᠳᠤᠯᠬᠤ ᠠᠡᠭᠬᠢ ᠶ᠋ᠢᠨ ᠲᠡᠬᠦᠰᠬᠦ ᠶᠤᠰᠤᠯᠠᠯ ᠳᠡᠭᠡᠷ᠎ᠡ ᠪᠠᠶᠢᠯ᠎ᠠ ᠃ ᠰᠤᠷᠭᠠᠭᠤᠯᠢ ᠡᠴᠠ ᠭᠠᠷᠠᠭ ᠪᠤᠯᠭᠠᠨ ᠮᠠᠨ ‍ᠤ ᠤᠷᠤ ᠶ᠋ᠢ ᠨᠠᠷᠠᠨ ‍ᠤ ᠡᠷᠬᠢᠯᠲᠡ ᠪᠠᠷ ᠬᠦᠭᠡᠭᠡᠴᠡᠯᠳᠦᠬᠦᠯᠦᠨ ᠰᠤᠯᠢᠵᠦ ᠂ ᠪᠦᠬᠦ ᠨᠦᠬᠦᠳ ᠲᠤ ᠠᠳᠠᠯᠢ ᠲᠡᠭᠰᠢ ᠬᠠᠷᠠᠭᠠᠯᠵᠠᠯ ᠬᠦᠷᠲᠡᠭᠡᠳᠡᠭ ᠪᠠᠶᠢᠭᠰᠠᠨ ᠃ ᠲᠡᠷᠨ ᠡᠳᠦᠷ ᠨᠢ ᠮᠢᠨᠦ ᠤᠷᠤ ᠶᠠᠭ ᠬᠠᠮᠤᠭ ᠡᠮᠦᠨ᠎ᠡ ᠮᠦᠷ ᠲᠤ ᠤᠷᠤᠴᠢᠬᠠᠭᠰᠠᠨ ᠪᠠᠶᠢᠨ᠎ᠠ ᠃ ᠲᠡᠷᠢᠬᠦᠯᠡᠭᠴᠢᠳ ‍ᠤᠨ ᠲᠠᠶᠢᠰᠠᠨ ᠵᠦᠭ ᠠᠵᠢᠶᠠᠷᠠᠪᠠᠯ ᠴᠢᠬᠡ ᠡᠮᠦᠨᠡᠬᠢ ᠰᠢᠷᠡᠭᠡᠨ ᠳᠡᠭᠡᠷ᠎ᠡ ᠲᠢᠶᠸ ᠨᠢᠡᠭ ‍ᠤᠨ ᠨᠡᠷ᠎ᠡ ᠶ᠋ᠢ ᠪᠢᠴᠢᠭᠰᠡᠨ ᠱᠤᠰᠢᠭ᠎ᠠ ᠦᠷᠦᠭᠡᠰᠦᠲᠡᠢ ᠪᠠᠶᠢᠪᠠ ᠃ ᠲᠢᠶ᠋ᠸ ᠨᠢᠡᠭ ᠲᠡᠷᠢᠬᠦᠯᠡᠭᠴᠢ ᠲᠠᠢ ᠶᠠᠭ ᠡᠰᠡᠷᠬᠦᠯᠡᠵᠦ ᠰᠠᠭᠤᠬᠤ ᠶᠤᠮ ᠪᠠᠶᠢᠨ᠎ᠠ ᠭᠡᠵᠤ ᠪᠤᠳᠤᠬᠤ ᠡᠴᠠ ᠪᠢ ᠪᠢᠲᠡᠬᠦᠭᠡᠨ ᠳ᠋ᠤ ᠪᠠᠨ ᠠᠯᠠᠰᠬᠢᠨ ᠪᠠᠶᠠᠷᠯᠠᠵᠤ ᠂ 《 ᠦᠨᠡᠡᠴᠢ ᠰᠦᠰᠦᠭᠲᠡᠨ 》ᠢ ᠬᠤᠷᠮᠤᠰᠲᠠ ᠲᠡᠭᠷᠢ ᠬᠦᠷᠲᠡᠯ᠎ᠡ ᠭᠤᠮᠤᠳᠠᠭᠠᠳᠠᠭ ᠦᠭᠡᠢ ᠠᠵᠢ ᠬᠡᠮᠡᠨ ᠪᠤᠳᠤᠵᠤ ᠠᠮᠵᠢᠪᠠ ᠃ ᠪᠢ ᠰᠠᠭᠤᠳᠠᠯ ᠳ᠋ᠤ ᠪᠠᠨ ᠳᠦᠡᠭᠭᠡᠵᠦ ᠰᠠᠭᠤᠳᠠᠯ᠎ᠠ ᠠᠡᠭᠬᠢ ᠶ᠋ᠢᠨ ᠡᠷᠭᠢᠯᠡᠭᠴᠢ  ᠬᠦᠸ᠋ᠸ ᠶᠠᠨ ᠪᠠᠭᠰᠢ ᠨᠠᠳᠠ ᠳ᠋ᠤ ᠳᠤᠮᠳᠠᠳᠤ ᠤᠯᠤᠰ ‍ᠤᠨ ᠵᠤᠬᠢᠶᠠᠯᠴᠢᠳ ‍ᠤᠨ ᠡᠪᠯᠡᠯ ‍ᠤᠨ ᠬᠡᠰᠢᠬᠦᠨ ᠢᠶᠠᠷ ᠡᠯᠰᠡᠬᠦᠯᠬᠦ ᠬᠦᠰᠦᠨᠦᠭ ‍ᠢ ᠠᠪᠴᠢᠷᠠᠵᠤ ᠦᠭᠭᠦᠭᠡᠳ ᠄ 《 ᠲᠡᠬᠦᠰᠬᠦ ᠶᠤᠰᠤᠯᠠᠯ ᠳᠠᠭᠤᠰᠲᠠᠯ᠎ᠠ ᠲᠠᠭᠯᠠᠨ ᠲᠤᠰᠢᠶᠠᠬᠤ ᠭᠡᠷᠡᠭᠲᠡᠢ 》 ᠭᠡᠯ᠎ᠡ ᠃ ᠰᠤᠷᠭᠠᠭᠤᠯᠢ ᠡᠴᠠ ᠮᠠᠨ ‍ᠤ ᠠᠡᠭᠬᠢ ᠶ᠋ᠢᠨ ᠨᠦᠬᠦᠴᠡᠯ ᠬᠦᠢᠴᠡᠭᠰᠡᠨ ᠠᠷᠪᠠᠭᠠᠳ ᠨᠦᠬᠦᠳ ‍ᠢ ᠳᠤᠮᠳᠠᠳᠤ ᠤᠯᠤᠰ ‍ᠤᠨ ᠵᠤᠬᠢᠶᠠᠯᠴᠢᠳ ‍ᠤᠨ ᠡᠪᠯᠡᠯ ᠳ᠋ᠤ ᠬᠡᠰᠢᠬᠦᠨ ᠢᠶᠠᠷ ᠭᠤᠶᠤᠴᠢᠯᠠᠭᠤᠯᠬᠤ ᠪᠠᠷ ᠪᠤᠯᠤᠭᠰᠠᠨ ᠠᠵᠢ ᠃ ᠪᠢ ᠶᠠᠭᠠᠷᠠᠤ ᠰᠠᠡᠳᠤᠷᠤᠤ ᠬᠦᠰᠦᠨᠦᠭ ᠲᠠᠭᠯᠠᠵᠤ ᠠᠲᠠᠯ᠎ᠠ ᠰᠢᠷᠡᠭᠡᠨ ‍ᠤ ᠨᠠᠶᠢᠵᠨ ᠨᠡ‍ · ᠴᠢᠡᠭᠪᠠᠲᠤ ᠠᠪᠤᠭᠠᠢ ᠳᠤᠬᠤᠢ ᠶ᠋ᠢ ᠮᠢᠨᠢ ᠠᠶᠠᠷᠬᠠᠨ ᠨᠦᠳᠦᠵᠦ ᠄ 《 ᠬᠦᠱᠢ ᠂ ᠲᠡᠮᠦᠷ ( ᠲᠢᠶ᠋ᠸ ) ᠲᠡᠷᠢᠬᠦᠯᠡᠭᠴᠢ ᠢᠷᠡᠯ᠎ᠡ  》 ᠭᠡᠵᠤ ᠮᠡᠳᠡᠭᠳᠡᠪᠡ ᠃ ᠨᠠ‍ · ᠴᠢᠡᠭᠪᠠᠲᠤ ᠮᠠᠨᠢ ᠨᠠᠳᠠ ᠳ᠋ᠤ ᠮᠡᠳᠡᠭᠳᠡᠬᠦ ᠶ᠋ᠢᠨ ᠬᠠᠮᠲᠤ ᠰᠠᠡᠳᠠᠯᠢ ᠳᠦᠴᠢᠬᠢᠨᠡᠬᠦᠯᠦᠨ ᠶᠠᠭᠠᠷᠠᠤᠬᠠᠨ ᠪᠤᠰᠴᠤ ᠵᠤᠭᠰᠤᠬᠤ ᠨᠢ ᠲᠡᠷᠨ ᠃ ᠪᠢ ᠴᠤ 《 ᠳᠠᠪ 》 ᠬᠢᠨ ᠪᠤᠰᠴᠤ ᠵᠤᠭᠰᠤᠭᠠᠳ ᠭᠡᠳᠡᠷᠬᠦ ᠬᠠᠷᠠᠵᠤ ᠦᠵᠡᠪᠡᠯ ᠲᠢᠶ᠋ᠸ ᠨᠢᠡᠭ ᠰᠤᠷᠭᠠᠭᠤᠯᠢ ᠶ᠋ᠢᠨ ᠵᠠᠬᠢᠷᠤᠯ ‍ᠤᠨ ᠳᠠᠭᠠᠭᠤᠯᠭ᠎ᠠ ᠪᠠᠷ ᠮᠠᠨ ‍ᠤ ᠠᠡᠭᠬᠢ ᠶ᠋ᠢᠨ ᠨᠦᠬᠦᠳ ᠲᠠᠢ ᠰᠢᠷᠡᠭᠡ ᠳᠠᠷᠠᠭᠠᠯᠠᠨ ᠭᠠᠷ ᠪᠠᠷᠢᠯᠴᠠᠵᠤ ᠪᠠᠶᠢᠪᠠ ᠃ ᠲᠡᠷᠨ ᠮᠦᠷᠲᠡᠭᠡᠨ ᠶᠠᠭ ᠰᠠᠶᠢᠬᠠᠨ ᠠᠷᠤ ᠶ᠋ᠢᠨ ᠰᠢᠷᠡᠭᠡᠨ ᠳ᠋ᠤ ᠮᠢᠨᠢ ᠬᠦᠷᠴᠦ ᠢᠷᠡᠭᠡᠳ ᠪᠠᠶᠢᠯ᠎ᠠ ᠃ ᠭᠠᠯ ᠤᠯᠠᠭᠠᠨ ᠬᠤᠪᠴᠠᠰᠤ ᠡᠮᠦᠰᠦᠭᠰᠡᠨ ᠲᠢᠶ᠋ᠸ ᠨᠢᠡᠭ ᠠᠷᠤ ᠶ᠋ᠢᠨ ᠰᠢᠷᠡᠭᠡᠨ ‍ᠤ ᠨᠦᠬᠦᠳ ᠲᠠᠢ ᠭᠠᠷ ᠪᠠᠷᠢᠯᠴᠠᠵᠤ ᠳᠠᠭᠤᠰᠤᠭᠠᠳ ᠄ 《 ᠲᠠ ᠰᠠᠶᠢᠨ ᠤᠣ ? 》 ᠬᠡᠴᠢᠬᠡᠭᠰᠡᠨ ᠢᠨᠢᠶᠡᠮᠰᠦᠭᠯᠡᠭᠰᠡᠭᠡᠷ ᠢᠷᠡᠵᠦ ᠨᠠᠳᠠ ᠲᠠᠢ ᠭᠠᠷ ᠪᠠᠷᠢᠯᠴᠠᠪᠠ ᠃ ᠡᠨᠡᠬᠦᠬᠡᠨ ᠴᠢᠯᠦᠬᠡᠨ ᠳ᠋ᠤ ᠰᠤᠷᠭᠠᠭᠤᠯᠢ ᠶ᠋ᠢᠨ ᠵᠠᠬᠢᠷᠤᠯ ᠨᠠᠮ᠎ᠠ ᠶ᠋ᠢ ᠲᠡᠭᠦᠨ ᠳ᠋ᠤ ᠲᠠᠨᠢᠯᠴᠠᠭᠤᠯᠵᠤ ᠠᠮᠵᠢᠪᠠ ᠃ ᠡᠮᠦᠨ᠎ᠡ ᠬᠤᠶᠠᠷ ᠤᠳᠠᠭ᠎ᠠ ᠤᠴᠠᠷᠠᠬᠤ ᠳ᠋ᠤ ᠪᠠᠨ ᠲᠢᠶ᠋ᠸ ᠨᠢᠡᠭ ᠲᠡᠷᠢᠬᠦᠯᠡᠭᠴᠢ ᠲᠠᠢ ᠭᠠᠷ ᠠᠳᠬᠤᠯᠴᠠᠵᠤ ᠠᠮᠵᠢᠭ᠎ᠠ ᠦᠭᠡᠢ ᠬᠠᠷᠠᠮᠰᠠᠯ ᠮᠠᠨᠢ ᠡᠶᠢᠨ ᠬᠦ ᠨᠦᠬᠦᠭᠳᠡᠪᠡ ᠃
       ᠪᠦᠬᠦ ᠨᠦᠬᠦᠳ ᠲᠠᠢ ᠭᠠᠷ ᠠᠳᠬᠤᠯᠴᠠᠵᠤ ᠳᠠᠭᠤᠰᠤᠭᠰᠠᠨ ᠬᠤᠶᠢᠨ᠎ᠠ ᠲᠢᠶ᠋ᠸ ᠨᠢᠡᠭ ᠰᠠᠭᠤᠳᠠᠯ ᠳ᠋ᠤ ᠪᠠᠨ ᠤᠴᠢᠵᠦ ᠰᠠᠭᠤᠯ᠎ᠠ ᠃ ᠪᠢ ᠴᠤ ᠬᠦᠰᠦᠨᠦᠭ ᠲᠠᠭᠯᠠᠬᠤ ᠪᠠᠨ ᠲᠦᠷ ᠵᠠᠪᠰᠠᠷᠯᠠᠵᠤ ᠂ ᠳᠠᠷᠤᠭ᠎ᠠ ᠤᠳᠤᠷᠢᠳᠤᠯᠭ᠎ᠠ ᠨᠠᠷ ‍ᠤᠨ ᠤᠷᠤ ᠤᠷᠤᠨ ᠳ᠋ᠤ ᠪᠠᠨ ᠰᠠᠭᠠᠲᠠᠬᠤ ᠶ᠋ᠢ ᠠᠵᠢᠶᠠᠷᠠᠵᠤ ᠰᠠᠭᠤᠪᠠ ᠃ ᠲᠢᠶ᠋ᠸ ᠨᠢᠡᠭ ᠤᠷᠤᠨ ᠳ᠋ᠤ ᠪᠠᠨ ᠰᠠᠭᠤᠭᠠᠳ ᠨᠠᠳᠠ ᠵᠦᠭ ᠨᠦᠬᠦᠷᠰᠡᠭ ᠢᠶᠠᠷ ᠲᠤᠯᠤᠭᠠᠢ ᠳᠤᠬᠢᠨ ᠢᠨᠢᠶᠡᠮᠰᠦᠭᠯᠡᠪᠡ ᠃ ᠪᠢ ᠴᠤ ᠲᠤᠯᠤᠭᠠᠢ ᠳᠤᠬᠢᠨ ᠢᠨᠢᠶᠡᠮᠰᠦᠭᠯᠡᠵᠦ ᠮᠡᠡᠳᠦᠴᠢᠯᠡᠭᠰᠡᠨ ᠪᠤᠯᠪᠠ ᠃
      ᠤᠳᠠᠯ ᠦᠭᠡᠢ ᠲᠡᠬᠦᠰᠬᠦ ᠶᠤᠰᠤᠯᠠᠯ ᠡᠬᠢᠯᠡᠵᠡᠢ ᠃ ᠲᠢᠶ᠋ᠸ ᠨᠢᠡᠭ ᠲᠠᠢ ᠴᠢᠬᠡ ᠡᠮᠦᠨ᠎ᠡ ᠨᠢ ᠡᠰᠡᠷᠬᠦᠯᠡᠵᠦ ᠰᠠᠭᠤᠭᠰᠠᠨ ᠳ᠋ᠤ ᠪᠠᠨ ᠤᠯᠵᠠᠭᠤᠷᠬᠠᠬᠤ ᠠᠪᠠᠴᠤ ᠮᠦᠨ ᠪᠠᠴᠢᠮᠳᠠᠬᠤ ᠰᠢᠭ᠋ ᠰᠠᠨᠠᠭᠳᠠᠨ᠎ᠠ ᠃ ᠶᠡᠷᠦ ᠨᠢ ᠲᠡᠭᠦᠨ ᠲᠠᠢ ᠤᠶᠢᠷᠠᠬᠠᠨ ᠵᠠᠶᠢᠲᠠᠢ ᠰᠠᠭᠤᠵᠤ ᠪᠠᠶᠢᠭ᠎ᠠ ᠠᠪᠠᠴᠤ ᠮᠠᠨ ‍ᠤ ᠳᠤᠮᠳᠠ ᠮᠠᠰᠢ ᠬᠤᠯᠨ ᠵᠠᠶᠢᠲᠠᠢ ᠯᠠ ᠰᠠᠨᠠᠭᠳᠠᠨ᠎ᠠ ᠃ ᠲᠢᠶ᠋ᠸ ᠨᠢᠡᠭ ᠲᠠᠢ ᠴᠢᠯᠦᠭᠡᠲᠡᠢ ᠶᠠᠷᠢᠯᠴᠠᠵᠤ ᠂ ᠰᠠᠨᠠᠯ ᠪᠤᠳᠤᠯ ᠢᠶᠡᠨ ᠰᠤᠯᠢᠯᠴᠠᠨ ᠂ ᠢᠯᠡᠬᠦᠭᠡᠨ ᠤᠶᠢᠯᠠᠭᠠᠯᠴᠠᠨ ᠤᠶᠢᠷᠠᠲᠤᠯᠴᠠᠬᠤ ᠶ᠋ᠢ ᠬᠦᠰᠡᠬᠦ ᠠᠪᠠᠴᠤ ᠲᠡᠷᠨ ᠬᠤᠯᠨ ᠲᠡᠭᠷᠢ ᠤᠶᠢᠷ᠎ᠠ ᠰᠠᠨᠠᠭᠳᠠᠨ᠎ᠠ ᠃ ᠪᠠᠶᠢᠷᠢ ᠰᠠᠭᠤᠷᠢ ᠬᠢᠭᠡᠳ ᠠᠳᠠᠯᠢ ᠪᠤᠰᠤ ᠬᠤᠶᠠᠷ ᠬᠡᠯᠡᠨ ‍ᠤ ᠵᠤᠬᠢᠶᠠᠨ ᠪᠦᠲᠦᠭᠡᠯᠭᠡ ᠨᠢ ᠮᠠᠨ ‍ᠢ ᠡᠶᠢᠮᠦ ᠯᠠ ᠵᠠᠶᠢᠲᠠᠢ ᠪᠤᠯᠭᠠᠭᠰᠠᠨ ᠪᠠᠶᠢᠵᠤ ᠲᠠᠭᠠᠷᠠᠨ᠎ᠠ ᠃ ᠶᠠᠭᠠᠬᠢᠨ ᠬᠡᠯᠡᠭᠰᠡᠨ ᠴᠤ ᠲᠢᠶ᠋ᠸ ᠨᠢᠡᠭ ᠪᠤᠯ ᠨᠢᠭᠡᠨ ᠲᠤᠮᠤᠬᠠᠨ ᠬᠦᠷᠦᠨ ‍ᠤ ᠵᠤᠬᠢᠶᠠᠯᠴᠢᠳ ‍ᠤᠨ ᠡᠪᠯᠡᠯ ‍ᠤᠨ ᠲᠡᠷᠢᠬᠦᠯᠡᠭᠴᠢ ᠰᠢᠤ ᠳ᠋ᠠ ᠃ ᠲᠡᠷᠨ ᠮᠦᠷᠲᠡᠭᠡᠨ ᠲᠦᠷᠦ ᠶ᠋ᠢᠨ ᠬᠡᠯᠨ ᠪᠠᠷ ᠵᠤᠬᠢᠶᠠᠨ ᠪᠦᠲᠦᠭᠡᠳᠡᠭ ᠠᠯᠳᠠᠷᠲᠤ ᠪᠦᠰᠡᠬᠦᠢ ᠵᠤᠬᠢᠶᠠᠯᠴᠢ ᠃ ᠭᠡᠷᠪᠡ ᠪᠢ ᠴᠤ ᠭᠡᠰᠡᠨ ᠲᠦᠷᠦ ᠶ᠋ᠢᠨ ᠬᠡᠯᠨ ᠪᠤᠯᠤᠭᠰᠠᠨ ᠬᠢᠲᠡᠳ ᠬᠡᠯᠨ ᠪᠠᠷ ᠨᠤᠮ ᠪᠦᠲᠦᠭᠡᠳᠡᠭ ᠪᠠᠶᠢᠭᠰᠠᠨ ᠪᠤᠯ ᠂ ᠡᠰᠡᠬᠦᠯ᠎ᠡ ᠲᠢᠶ᠋ᠸ ᠨᠢᠡᠭ ᠴᠤ ᠮᠤᠡᠭᠭᠤᠯ ᠬᠡᠯᠨ ᠪᠠᠷ ᠨᠤᠮ ᠪᠦᠲᠦᠭᠡᠳᠡᠭ ᠪᠠᠶᠢᠭᠰᠠᠨ ᠪᠤᠯ ᠮᠠᠨ ‍ᠤ ᠬᠤᠭᠤᠷᠤᠡᠳᠤᠬᠢ ᠵᠠᠢ ᠮᠠᠰᠢ ᠶᠡᠬᠡ ᠪᠠᠷ ᠠᠪᠴᠢᠬᠤ ᠨᠢ ᠮᠡᠳᠡᠭᠡᠵᠢ ᠃ ᠭᠡᠪᠡᠴᠦ ᠡᠨᠡ ᠨᠢ ᠱᠠᠯ ᠳᠡᠮᠡᠢ ᠵᠦᠢᠴᠢᠯᠡᠯ ᠲᠡᠳᠦᠢ ᠯᠠ ᠃ ᠤᠷᠤᠰᠢᠵᠦ ᠪᠠᠶᠢᠭ᠎ᠠ ᠪᠦᠬᠦᠨ ‍ᠢ ᠦᠯᠦ ᠲᠤᠭᠤᠮᠰᠤᠷᠯᠠᠨ ᠦᠭᠡᠶᠢᠰᠭᠡᠵᠦ ᠂ ᠬᠡᠷᠪᠡ ᠡᠶᠢᠮᠦ ᠪᠠᠶᠢᠭᠰᠠᠨ ᠪᠤᠯ ᠂ ᠭᠡᠷᠪᠡ ᠲᠡᠶᠢᠮᠦ ᠪᠠᠶᠢᠭᠰᠠᠨ ᠪᠤᠯ ᠬᠡᠬᠦᠴᠢᠯᠡᠨ ᠵᠦᠢᠴᠢᠯᠡᠳᠡᠭ ᠬᠦᠮᠦᠨ ᠪᠤᠯ ᠠ‍ Q ᠶ᠋ᠢᠨ ᠠᠬ᠎ᠠ ᠨᠢ ᠪᠢᠰᠢ ᠪᠤᠯ ᠳᠡᠬᠦᠦ ᠨᠢ ᠪᠠᠶᠢᠭ᠎ᠠ ᠪᠢᠯᠨ ᠃ ᠵᠠᠷᠢᠮ ᠨᠠᠶᠢᠵᠨ ᠮᠠᠨᠢ ᠮᠢᠨᠦ ᠲᠢᠶ᠋ᠸ ᠨᠢᠡᠭ ‍ᠤᠨ ᠳᠤᠬᠠᠢ ᠨᠠᠶᠢᠷᠠᠭᠤᠯᠤᠯ ᠪᠢᠴᠢᠬᠦ ᠪᠠᠷ ᠪᠠᠶᠢᠭ᠎ᠠ ᠲᠦᠰᠦᠪ ‍ᠢ ᠮᠢᠨᠢ ᠰᠤᠨᠤᠰᠤᠭᠠᠳ ᠄ 《 ᠲᠠ ᠠᠷᠠᠢ ᠲᠢᠶᠸ ᠨᠢᠡᠭ ‍ᠢ ᠳᠠᠡᠭᠳᠡᠬᠦᠦ ᠡᠷᠬᠦᠵᠦ ᠂ ᠦᠪᠡᠷ ‍ᠢ ᠪᠠᠨ ᠳᠡᠡᠭᠳᠡᠬᠦᠦ ᠦᠴᠦᠭᠡᠨ ᠢᠶᠠᠷ ᠵᠢᠱᠢᠬᠦ ᠭᠡᠵᠤ ᠪᠠᠶᠢᠭ᠎ᠠ ᠦᠭᠡᠢ ᠪᠢᠵᠨ 》 ᠭᠡᠵᠤ ᠰᠠᠨᠠᠭᠤᠯᠤᠭᠰᠠᠨ ᠪᠠᠶᠢᠭ᠎ᠠ ᠪᠢᠯᠨ ᠃ ᠪᠢ ᠢᠨᠢᠶᠡᠮᠰᠦᠭᠯᠡᠭᠡᠳ ᠄ 《 ᠪᠢ ᠦᠨᠡᠨ ‍ᠢ ᠦᠨᠡᠨ ᠢᠶᠠᠷ ᠯᠠ ᠪᠢᠴᠢᠨ᠎ᠡ ᠳ᠋ᠠ 》 ᠭᠡᠵᠤ ᠬᠠᠷᠢᠭᠤᠯᠤᠭᠰᠠᠨ ᠰᠠᠨ ᠃
       ᠮᠠᠨ ‍ᠤ ᠲᠡᠬᠦᠰᠬᠦ ᠦᠨᠡᠮᠯᠡᠬᠦ ᠶ᠋ᠢ ᠭᠠᠷᠲᠠᠭᠤᠯᠬᠤ ᠪᠤᠯᠪᠠ ᠃ ᠬᠤᠷᠮᠤᠰᠲᠠ ᠲᠡᠭᠷᠢ ᠦᠨᠡᠨ ᠰᠦᠰᠦᠭ ᠡᠪᠦᠷᠯᠡᠭᠴᠢᠳ ‍ᠢ ᠭᠤᠮᠤᠳᠠᠭᠠᠬᠤ ᠦᠭᠡᠢ ᠭᠡᠭᠴᠢ ᠪᠠᠨ ᠳᠠᠬᠢᠡᠲᠠ ᠭᠡᠷᠡᠴᠢᠯᠡᠬᠦ ᠨᠢ ᠪᠠᠶᠢᠨ᠎ᠠ ᠃ ᠲᠡᠬᠦᠰᠬᠦ ᠦᠨᠡᠮᠯᠡᠬᠦ ᠶ᠋ᠢ ᠮᠢᠨᠢ ᠬᠡᠨ ᠭᠠᠷᠲᠠᠭᠤᠯᠪᠠ ᠭᠡᠵᠤ ᠰᠠᠨᠠᠨ᠎ᠠ ! ᠶᠠᠭ ᠮᠢᠨᠦ ᠳᠡᠭᠡᠳᠦᠯᠡᠨ ᠰᠢᠲᠦᠭᠰᠡᠭᠡᠷ ᠢᠷᠡᠭᠰᠡᠨ ᠤᠯᠠᠨ ‍ᠤ ᠨᠢᠳᠤᠨ ᠳ᠋ᠤ ᠲᠤᠷᠮᠤᠯᠵᠠᠭᠰᠠᠨ ᠰᠠᠶᠢᠬᠠᠨ ᠪᠦᠰᠡᠬᠦᠢ ᠵᠤᠬᠢᠶᠠᠯᠴᠢ ᠂ ᠤᠯᠤᠰ ‍ᠤᠨ ᠵᠤᠬᠢᠶᠠᠯᠴᠢᠳ ‍ᠤᠨ ᠡᠪᠯᠡᠯ ‍ᠤᠨ ᠲᠡᠷᠢᠬᠦᠯᠡᠭᠴᠢ ᠲᠢᠶ᠋ᠸ ᠨᠢᠡᠭ ᠯᠠ ᠪᠠᠶᠢᠪᠠ ᠰᠢᠤ ᠳ᠋ᠠ ᠃ ᠲᠢᠶᠸ ᠨᠢᠡᠭ ᠭᠠᠷ ‍ᠢ ᠮᠢᠨᠢ ᠠᠳᠬᠤᠵᠤ ᠂ ᠲᠡᠬᠦᠰᠬᠦ ᠦᠨᠡᠮᠯᠡᠬᠦ ᠶ᠋ᠢ ᠮᠢᠨᠢ ᠭᠠᠷᠲᠠᠭᠤᠯᠬᠤ ᠵᠠᠭᠤᠷ᠎ᠠ ᠄ 《 ᠲᠠ ᠤᠯᠠᠨ ᠷᠤᠮᠠᠨ ᠪᠢᠴᠢᠭᠰᠡᠨ ᠶᠤᠮ ᠪᠠᠶᠢᠨ᠎ᠠ ᠃ ᠲᠠᠨ ᠳ᠋ᠤ ᠪᠠᠶᠠᠷ ᠬᠦᠷᠭᠡᠶ᠎ᠡ !》 ᠭᠡᠵᠤ ᠢᠨᠢᠶᠡᠮᠰᠦᠭᠯᠡᠨ ᠦᠬᠦᠯᠡᠪᠡ ᠃ ᠪᠢ ᠶᠤᠰᠤᠲᠠᠢ ᠴᠡᠯ  ᠬᠦᠭᠡᠷᠡᠵᠦ ᠮᠠᠯᠨ ᠭᠠᠶᠢᠬᠠᠬᠤ ᠭᠡᠭᠴᠢ ᠨᠢ ᠪᠤᠯᠤᠯ᠎ᠠ ᠃ ᠲᠢᠶ᠋ᠸ ᠨᠢᠡᠭ ᠶᠠᠭᠠᠬᠢᠭᠠᠳ ᠤᠯᠠᠨ ᠷᠤᠮᠠᠨ ᠪᠢᠴᠢᠭᠰᠡᠨ ‍ᠢ ᠮᠢᠨᠢ ᠮᠡᠳᠡᠴᠢᠭᠡᠪᠡ ? ᠮᠡᠳᠡᠭᠡᠵᠢ ᠲᠡᠷᠨ ᠮᠤᠡᠭᠭᠤᠯ ᠬᠡᠯᠡᠨ ‍ᠤ ᠤᠷᠠᠨ ᠪᠦᠲᠦᠭᠡᠯ ‍ᠢ ᠤᠡᠭᠰᠢᠵᠦ ᠴᠢᠳᠠᠳᠠᠭ ᠦᠭᠡᠢ ᠯᠠ ᠳ᠋ᠠ ᠃ ᠤᠤᠬᠠᠢ ᠂ ᠲᠢᠶ᠋ᠸ ᠨᠢᠡᠭ ᠳᠡᠭᠡᠷ᠎ᠡ ᠤᠳᠠᠭᠠᠨ ‍ᠤ ᠭᠠᠷᠲᠠᠭᠤᠯᠤᠭᠰᠠᠨ ᠨᠡᠷ᠎ᠡ ᠶ᠋ᠢᠨ ᠺᠠᠷᠲ ᠡᠴᠠ ᠮᠠᠨᠢ ᠮᠢᠨᠦ ᠬᠡᠳᠦᠨ ᠷᠤᠮᠠᠨ ᠪᠢᠴᠢᠭᠰᠡᠨ ‍ᠢ ᠮᠡᠳᠡᠴᠢᠭᠡᠭᠰᠡᠨ ᠯᠠ ᠪᠠᠶᠢᠨ᠎ᠠ ᠰᠢᠤ ᠃ ᠶᠡᠷᠦ ᠨᠢ ᠬᠤᠷᠠᠯ ᠴᠤᠭᠯᠠᠭᠠᠨ ᠪᠤᠯᠬᠤ ᠪᠦᠷᠢ ᠲᠢᠶ᠋ᠸ ᠨᠢᠡᠭ ᠳ᠋ᠤ ᠨᠠᠷ᠎ᠠ ᠶ᠋ᠢᠨ ᠺᠠᠷᠲ ᠢᠶᠡᠨ ᠳᠠᠮᠵᠢᠭᠤᠯᠬᠤ ᠬᠦᠮᠦᠨ ᠲᠤᠲᠠᠬᠤ ᠦᠭᠡᠢ ᠃ ᠲᠡᠶᠢᠮᠦ ᠦᠡᠳᠦᠷ ᠪᠠᠶᠢᠷᠢᠨ ᠳ᠋ᠤ ᠪᠠᠶᠢᠭ᠎ᠠ ᠬᠦᠮᠦᠨ ᠶᠤᠮ ᠭᠡᠨ᠎ᠡ ᠂ ᠲᠡᠳᠡᠭᠡᠷ ᠨᠡᠷ᠎ᠡ ᠶ᠋ᠢᠨ ᠺᠠᠷᠲ ‍ᠢ ᠠᠪᠠᠴᠢᠭᠠᠳ ᠬᠠᠷᠠᠵᠤ ᠴᠤ ᠦᠵᠡᠯ ᠦᠭᠡᠢ ᠰᠢᠷᠡᠭᠡᠨ ‍ᠤ ᠪᠠᠨ ᠰᠢᠷᠭᠤᠭᠤᠯ ᠳ᠋ᠤ ᠰᠢᠲᠡᠭᠡᠳ ᠤᠷᠤᠭᠤᠯᠴᠢᠬᠠᠬᠤ ᠶ᠋ᠢ ᠬᠡᠨ ᠪᠠᠶᠢᠭ ᠭᠡᠬᠦ ᠪᠤᠢ ᠃ ᠪᠤᠰᠤᠳ ‍ᠤᠨ ᠦᠭᠭᠦᠭᠰᠡᠨ ᠨᠡᠷ᠎ᠡ ᠶ᠋ᠢᠨ ᠺᠠᠷᠲ ‍ᠢ ᠬᠤᠭ ‍ᠤᠨ ᠰᠠᠪᠠᠨ ᠳ᠋ᠤ ᠰᠢᠲᠡᠵᠦ ᠤᠷᠬᠢᠳᠠᠭ ᠲᠠᠷᠤᠭᠠᠲᠠᠳ ᠮᠤᠡᠭ ᠦᠭᠡᠢ ᠯᠠ ᠳ᠋ᠠ ᠃ ᠭᠡᠲᠡᠯ᠎ᠡ ᠲᠢᠶ᠋ᠸ ᠨᠢᠡᠭ ᠲᠡᠭᠡᠭᠡ ᠦᠭᠡᠢ ᠂ ᠨᠡᠷ᠎ᠡ ᠶ᠋ᠢᠨ ᠺᠠᠷᠲ ‍ᠢ ᠮᠢᠨᠢ ᠠᠪᠠᠴᠢᠭᠠᠳ ᠠᠷᠤ ᠦᠪᠦᠷ ᠲᠠᠯ᠎ᠠ ᠶ᠋ᠢᠨ ᠠᠭᠤᠯᠭ᠎ᠠ ᠶ᠋ᠢ ᠨᠢ ᠨᠠᠷᠢᠨ ᠬᠢᠨᠠᠮᠠᠭᠠᠢ ᠤᠡᠭᠰᠢᠭᠰᠠᠨ ᠯᠠ ᠪᠠᠶᠢᠵᠠᠢ ᠃ ᠲᠡᠷᠨ ᠮᠦᠷᠲᠡᠭᠡᠨ ᠶᠠᠮᠠᠷ ᠵᠢᠰᠦ ᠲᠠᠢ ᠶᠠᠮᠠᠷ ᠰᠢᠤ ᠬᠦᠮᠦᠨ ᠡᠨᠡ ᠬᠦ ᠨᠡᠷ᠎ᠡ ᠶ᠋ᠢᠨ ᠺᠠᠷᠲ ‍ᠤᠨ ᠡᠵᠡᠨ ᠪᠠᠶᠢᠭ᠎ᠠ ᠭᠡᠳᠡᠭ ‍ᠢ ᠲᠤᠪ ᠲᠤᠳᠤᠷᠬᠠᠢ ᠴᠡᠭᠡᠵᠢᠯᠡᠴᠢᠬᠡᠭᠰᠡᠨ ᠯᠠ ᠪᠠᠶᠢᠨ᠎ᠠ ᠃
ᠶᠠᠷᠢᠶᠠᠨ ᠦᠭᠡᠢ ᠡᠨᠡ ᠪᠤᠯ ᠶᠠᠯᠢᠮ ᠦᠭᠡᠢ ᠬᠡᠮᠡᠷ ᠲᠤᠡᠭ ᠵᠢᠭᠠᠬᠠᠨ ᠶᠠᠪᠤᠳᠠᠯ ᠃ ᠭᠡᠪᠡᠴᠦ ᠡᠨᠡ ᠬᠦ ᠵᠢᠭᠠᠬᠠᠨ ᠶᠠᠪᠤᠳᠠᠯ ᠡᠴᠠ ᠲᠢᠶ᠋ᠸ ᠨᠢᠡᠭ ‍ᠤᠨ ᠶᠠᠮᠠᠷᠬᠠᠨ ᠬᠡᠪ ᠪᠤᠯᠪᠠᠰᠤᠷᠠᠯ ᠲᠠᠢ ᠂ ᠶᠠᠮᠠᠷᠬᠠᠨ ᠬᠦᠮᠦᠨ ᠮᠦᠰᠦ ᠲᠠᠢ ᠬᠦᠮᠦᠨ ᠭᠡᠳᠡᠭ ‍ᠢ ᠪᠢᠳᠡ ᠤᠯᠵᠤ ᠬᠠᠷᠠᠵᠤ ᠪᠤᠯᠤᠨ᠎ᠠ ᠰᠢᠤ ᠳ᠋ᠠ ᠃ ᠲᠢᠶ᠋ᠸ ᠨᠢᠡᠭ ᠰᠡᠳᠬᠢᠯ ‍ᠢ ᠮᠢᠨᠢ ᠶᠠᠭᠠᠬᠢᠬᠤ ᠶ᠋ᠢᠨ ᠠᠷᠭ᠎ᠠ ᠦᠭᠡᠢ ᠲᠤᠭᠳᠤᠯᠤᠭᠤᠯᠪᠠ ᠃ ᠪᠢ ᠄ 《 ᠲᠠᠯᠠᠷᠬᠠᠯ᠎ᠠ ᠂ ᠂ ᠲᠠᠯᠠᠷᠬᠠᠯ᠎ᠠ 》 ᠭᠡᠬᠦ ᠡᠴᠠ ᠦᠭᠡᠷ᠎ᠡ ᠦᠭᠡ ᠤᠯᠵᠤ ᠬᠡᠯᠡᠯ ᠦᠭᠡᠢ ᠲᠡᠬᠦᠰᠬᠦ ᠦᠨᠡᠮᠯᠡᠬᠦ ᠪᠠᠨ ᠠᠪᠤᠭᠠᠳ ᠤᠷᠤᠨ ᠳ᠋ᠤ ᠪᠠᠨ ᠪᠤᠴᠠᠨ ᠢᠷᠡᠭᠰᠡᠨ ᠪᠢᠯᠨ ᠃ ᠶᠠᠳᠠᠵᠤ ᠲᠠᠨ ‍ᠤ ᠪᠦᠲᠦᠭᠡᠯ ‍ᠢ ᠶᠠᠭᠠᠬᠢᠬᠤ ᠶ᠋ᠢᠨ ᠠᠷᠭ᠎ᠠ ᠦᠭᠡᠢ ᠪᠠᠬᠠᠷᠬᠠᠳᠠᠭ  ᠤᠩᠰᠢᠭᠴᠢ ᠶ᠋ᠢᠨ ᠲᠠᠨᠢ ᠨᠢᠭᠡᠨ ᠪᠠᠶᠢᠭ᠎ᠠ ᠰᠢᠤ ᠭᠡᠳᠡᠭ ᠢᠶᠡᠨ ᠴᠤ ᠬᠡᠯᠡᠬᠦ ᠲᠤᠮᠤᠭ᠎ᠠ ᠪᠠᠶᠢᠭ᠎ᠠ ᠦᠭᠡᠢ ᠃
      ᠤᠷᠤᠨ ᠳ᠋ᠤ ᠪᠠᠨ ᠢᠷᠡᠵᠦ ᠰᠠᠭᠤᠭᠰᠠᠨ ᠬᠤᠶᠢᠨ᠎ᠠ ᠵᠢᠷᠦᠭᠡ ᠮᠢᠨᠢ ᠬᠦᠴᠦᠲᠡᠢ ᠭᠡᠭᠴᠢ ᠲᠦᠭᠰᠢᠭᠰᠡᠭᠡᠷ ᠪᠠᠶᠢᠪᠠ ᠃ ᠡᠨᠡ ᠯᠠ ᠬᠤᠷᠤᠮ ᠳ᠋ᠤ ᠶᠡᠷᠦ ᠡᠴᠠ ᠪᠠᠶᠢᠭ᠎ᠠ ᠦᠭᠡᠢ ᠬᠠᠯᠠᠭᠤᠨ ᠤᠷᠮ᠎ᠠ ᠤᠷᠬᠢᠯᠵᠤ ᠂ ᠬᠠᠳᠠᠨ ᠵᠤᠷᠢᠭ ᠮᠢᠨᠢ ᠡᠷᠴᠢᠯᠡᠭᠳᠡᠬᠦ ᠮᠡᠲᠦ ᠃
       ᠲᠡᠬᠦᠰᠬᠦ ᠶᠤᠰᠤᠯᠠᠯ ᠳᠠᠭᠤᠰᠤᠭᠰᠠᠨ ‍ᠤ ᠳᠠᠷᠠᠭ᠎ᠠ ᠮᠠᠨ ‍ᠤ ᠠᠡᠭᠬᠢ ᠶ᠋ᠢᠨ ᠨᠦᠬᠦᠳ ᠲᠢᠶ᠋ᠸ ᠨᠢᠡᠭ ᠲᠡᠷᠢᠬᠦᠯᠡᠭᠴᠢ ᠲᠠᠢ ᠬᠠᠮᠲᠤ ᠵᠢᠷᠤᠭᠯᠠᠭᠤᠯᠬᠤ ᠬᠡᠮᠡᠨ ᠳᠡᠪᠵᠢᠶᠠᠷᠡᠵᠡᠭᠡᠪᠡ ᠃ ᠡᠨᠡ ᠤᠳᠠᠭ᠎ᠠ ᠲᠢᠶ᠋ᠸ ᠨᠢᠡᠭ ᠤᠯᠠᠨ ᠳ᠋ᠤ ᠬᠦᠷᠦᠯᠴᠡᠭᠡᠲᠡᠢ ᠬᠠᠮᠲᠤ ᠵᠢᠷᠤᠭᠯᠠᠭᠤᠯᠬᠤ ᠴᠠᠭ ᠵᠠᠪᠰᠢᠶᠠᠨ ᠬᠠᠡᠭᠭᠠᠪᠠ ᠃ ᠳᠡᠭᠡᠷ᠎ᠡ ᠤᠳᠠᠭ᠎ᠠ ᠵᠢᠷᠤᠭᠯᠠᠬᠤ ᠳ᠋ᠤ ᠭᠡᠷᠡᠯ ᠬᠡᠲᠦᠷᠡᠭᠰᠡᠨ ‍ᠤ ᠤᠯᠠᠮ ᠢᠶᠠᠷ ᠮᠠᠨ ‍ᠤ ᠴᠢᠷᠠᠢ ᠪᠦᠷ ᠬᠤᠵᠠᠶᠢᠴᠢᠬᠠᠭᠰᠠᠨ ᠪᠤᠯᠬᠤᠷ ᠪᠢ ᠴᠤ ᠬᠠᠡᠭᠭᠠᠮᠵᠢᠲᠠᠢ ᠵᠢᠷᠤᠭ ᠠᠪᠬᠠᠭᠤᠯᠬᠤ ᠬᠡᠮᠡᠨ ᠤᠯᠠᠨ ᠲᠠᠢ ᠤᠷᠤᠯᠳᠤᠨ ᠪᠠᠶᠢᠵᠦ ᠲᠢᠶ᠋ᠸ ᠨᠢᠡᠭ ᠲᠠᠢ ᠳᠠᠬᠢᠡᠲᠠ ᠵᠢᠷᠤᠭ ᠠᠪᠬᠠᠭᠤᠯᠪᠠ ᠃ ᠲᠤᠰ ᠤᠳᠠᠭᠠᠨ ‍ᠤ ᠵᠢᠷᠤᠭ ᠰᠠᠨᠠᠭᠰᠠᠨ ᠶᠤᠰᠤ ᠪᠠᠷ ᠰᠠᠶᠢᠬᠠᠨ ᠵᠢᠷᠤᠭᠯᠠᠭᠳᠠᠭᠰᠠᠨ ᠪᠢᠯᠨ ᠃
     《 ᠯᠦ ᠰᠢᠶᠦ᠋ᠨ ᠨᠡᠷᠡᠮᠵᠢᠳᠦ ᠤᠳᠬ᠎ᠠ ᠵᠤᠬᠢᠶᠠᠯ ‍ᠤᠨ ᠳᠡᠭᠡᠳᠦ ᠰᠤᠷᠭᠠᠭᠤᠯᠢ ᠳ᠋ᠤ ᠢᠷᠡᠭᠡᠳ ᠲᠢᠶ᠋ᠸ ᠨᠢᠡᠭ ᠲᠠᠢ ᠬᠠᠮᠲᠤ ᠵᠢᠷᠤᠭ ᠠᠪᠬᠠᠭᠤᠯᠬᠤ ᠦᠭᠡᠢ ᠰᠠᠨ ᠪᠤᠯ ᠲᠠᠯᠠᠭᠠᠷ ᠢᠷᠡᠭᠰᠡᠨ ᠳ᠋ᠤ ᠲᠤᠭᠠᠴᠠᠭᠳᠠᠨ᠎ᠠ 》 ᠭᠡᠵᠤ ᠨᠠᠳᠠ ᠳ᠋ᠤ ᠶᠦᠮᠦᠷᠯᠢᠭ ᠢᠶᠠᠷ ᠶᠠᠷᠢᠵᠦ ᠪᠠᠶᠢᠭᠰᠠᠨ ᠲᠠᠡᠭᠬᠢᠰ ᠳᠡᠬᠦᠦ ᠴᠤ ᠦᠨᠦᠳᠦᠷ ᠲᠢᠶ᠋ᠸ ᠨᠢᠡᠭ ‍ᠤᠨ ᠭᠠᠷ ᠡᠴᠠ ᠲᠡᠬᠦᠰᠬᠦ ᠦᠨᠡᠮᠯᠡᠬᠦ ᠪᠠᠨ ᠲᠤᠰᠤᠭᠰᠠᠨ ᠮᠦᠷᠲᠡᠭᠡᠨ ᠲᠡᠭᠦᠨ ᠲᠠᠢ ᠬᠠᠮᠲᠤ ᠵᠢᠷᠤᠭᠯᠠᠭᠤᠯᠬᠤ ᠬᠦᠰᠡᠯ ᠢᠶᠡᠨ ᠪᠡᠶᠡᠯᠡᠬᠦᠯᠦᠭᠰᠡᠨ ᠪᠠᠶᠢᠨ᠎ᠠ ᠃ ᠲᠡᠭᠡᠭᠡᠳ ᠪᠦᠷ ᠴᠤ ᠨᠠᠳᠠ ᠲᠠᠢ ᠠᠳᠠᠯᠢᠬᠠᠨ ᠬᠦᠭᠰᠡᠵᠦ ᠬᠦᠭᠡᠷᠴᠢᠭᠡᠭᠰᠡᠨ ᠄ 《 ᠲᠡᠭᠷᠢ ᠪᠢᠳᠡ ᠬᠤᠶᠠᠷ ‍ᠢ ᠵᠦᠪ ᠢᠶᠠᠷ ᠦᠵᠡᠴᠢᠭᠡᠭᠰᠡᠨ ᠪᠠᠶᠢᠨ᠎ᠠ ᠃ ᠶᠡᠷᠦ ᠨᠢ ᠪᠢᠳᠡ ᠬᠤᠶᠠᠭᠤᠯᠨ ᠶ᠋ᠢᠨ ᠲᠢᠶ᠋ᠸ ᠨᠢᠡᠭ ‍ᠢ ᠬᠢᠷᠢ ᠬᠦᠡᠳᠦᠳᠭᠡᠨ ᠪᠢᠰᠢᠷᠡᠳᠡᠭ ‍ᠢ ᠲᠡᠭᠷᠢ ᠬᠤᠷᠮᠤᠰᠲᠠ ᠮᠡᠳᠡᠭᠡᠳ ᠰᠡᠳᠬᠢᠯ ᠢᠭᠳᠦᠯᠵᠦ ᠂ ᠬᠤᠶᠠᠭᠤᠯᠨ ᠶ᠋ᠢᠨ ᠲᠡᠬᠦᠰᠬᠦ ᠦᠨᠡᠮᠯᠡᠬᠦ ᠶ᠋ᠢ ᠲᠢᠶ᠋ᠸ ᠨᠢᠡᠭ ᠢᠶᠠᠷ ᠭᠠᠷᠲᠠᠭᠤᠯᠤᠭᠤᠯᠤᠭᠰᠠᠨ ᠪᠠᠶᠢᠨ᠎ᠠ ᠰᠢᠤ 》ᠭᠡᠵᠤ ᠮᠦᠨ ᠶᠦᠮᠦᠷᠯᠢᠭ ᠭᠡᠭᠴᠢ ᠶᠠᠷᠢᠵᠦ ᠪᠠᠶᠢᠪᠠ ᠃
       ᠲᠢᠶ᠋ᠸ ᠨᠢᠡᠭ 《 ᠭᠡᠵᠢᠶ᠎ᠡ ᠡᠬᠦᠷᠢᠲᠡ ᠬᠡᠮᠡᠬᠦ ᠨᠢ ᠭᠡᠳᠦᠢ ᠤᠷᠲᠤ ᠬᠤᠭᠤᠴᠠᠭ᠎ᠠ ᠪᠠᠶᠢᠭ᠎ᠠ ᠪᠤᠢ 》 ᠭᠡᠳᠡᠭ ᠲᠤᠭᠤᠵᠢᠰ ‍ᠤᠨ ᠵᠤᠬᠢᠶᠠᠯ ᠲᠤᠭᠤᠷᠪᠢᠵᠦ ᠦᠡᠭᠭᠡᠷᠡᠵᠡᠢ ᠃ ᠵᠠᠡᠭ ᠰᠢᠶᠤᠤ ᠶᠤᠤ ᠭᠡᠭᠴᠢ ᠨᠢᠭᠡᠨ  ᠤᠩᠰᠢᠭᠴᠢ ᠲᠢᠶ᠋ᠸ ᠨᠢᠡᠭ ᠡᠴᠠ 《 ᠲᠢᠶ᠋ᠸ ᠠᠨᠢᠶ᠎ᠠ ᠡ ᠂ ᠬᠡᠵᠢᠶ᠎ᠡ ᠡᠬᠦᠷᠢᠲᠡ ᠭᠡᠭᠴᠢ ᠨᠢ ᠴᠤᠬᠤᠮ ᠬᠡᠳᠦᠢ ᠤᠳᠠᠭᠠᠨ ᠬᠤᠭᠤᠴᠠᠭ᠎ᠠ ᠶ᠋ᠢ ᠬᠡᠯᠡᠳᠡᠭ ᠪᠤᠢ ?》 ᠭᠡᠵᠤ ᠠᠰᠠᠭᠤᠭᠰᠠᠨ ᠳ᠋ᠤ ᠲᠢᠶ᠋ᠸ ᠨᠢᠡᠭ ᠄  《 ᠬᠡᠵᠢᠶ᠎ᠡ ᠡᠬᠦᠷᠢᠲᠡ ᠭᠡᠳᠡᠭ ᠨᠡᠭᠡᠷᠡᠨ ᠤᠷᠲᠤ ᠬᠤᠭᠤᠴᠠᠭ᠎ᠠ ᠶ᠋ᠢ ᠵᠢᠭᠠᠳᠠᠭ ᠂ ᠤᠴᠢᠷ ᠨᠢ ᠲᠡᠷᠨ ᠨᠢ ᠠᠮᠠᠯᠠᠭᠰᠠᠨ ᠠᠡᠳᠠᠭᠠᠢ ᠪᠠᠨ ᠤᠳᠠᠭᠠᠨ ᠡᠳᠦᠷ ᠪᠠᠷᠢᠮᠲᠠᠯᠠᠬᠤ ᠶ᠋ᠢ ᠬᠡᠯᠡᠳᠡᠭ ᠶᠤᠮ ᠃ ᠬᠡᠵᠢᠶ᠎ᠡ ᠡᠬᠦᠷᠢᠲᠡ ᠭᠡᠳᠡᠭ ᠦᠨᠡᠨ ᠳ᠋ᠤ ᠪᠠᠨ ᠤᠷᠲᠤ ᠬᠤᠭᠤᠴᠠᠭ᠎ᠠ ᠴᠤ ᠪᠢᠰᠢ ᠂ ᠤᠴᠢᠷ ᠨᠢ ᠲᠡᠷᠨ ᠨᠢ ᠤᠳᠤᠬᠠᠨ ‍ᠤ ᠤᠶᠢᠭ᠎ᠠ ᠦᠭᠡᠢ ᠴᠢᠷᠮᠠᠶᠢᠵᠤ ᠶᠠᠪᠤᠭᠰᠠᠨ ᠮᠦᠴᠡ ᠪᠦᠬᠦᠨ ‍ᠢ ᠲᠠᠨᠢ ᠬᠡᠯᠡᠳᠡᠭ ᠶᠤᠮ ᠁ 》ᠭᠡᠵᠤ ᠬᠠᠷᠢᠭᠤᠯᠤᠭᠰᠠᠨ ᠪᠢᠯᠨ ᠃
ᠲᠡᠶᠢᠮᠦ ᠡ ᠂ ᠭᠡᠵᠢᠶ᠎ᠡ ᠡᠬᠦᠷᠢᠲᠡ ᠭᠡᠭᠴᠢ ᠨᠢ ᠦᠨᠡᠨ ᠳ᠋ᠤ ᠪᠠᠨ ᠲᠡᠶᠢᠮᠦ ᠴᠤ ᠤᠷᠲᠤ ᠬᠤᠭᠤᠴᠠᠭ᠎ᠠ ᠪᠢᠰᠢ —— ᠮᠢᠨᠦ ᠬᠤᠪᠢ ᠳ᠋ᠤ ᠬᠡᠵᠢᠶ᠎ᠡ ᠡᠬᠦᠷᠢᠲᠡ ᠭᠡᠭᠴᠢ ᠨᠢ ᠲᠢᠶ᠋ᠸ ᠨᠢᠡᠭ ᠲᠠᠢ ᠬᠠᠮᠲᠤ ᠵᠢᠷᠤᠭᠯᠠᠭᠤᠯᠤᠭᠰᠠᠨ ᠠᠭᠱᠠᠨ ᠵᠠᠭᠤᠷ᠎ᠠ ᠶ᠋ᠢ ᠯᠠ ᠬᠡᠯᠡᠳᠡᠭ ᠶᠤᠮ ᠃ (ᠬᠠᠡᠭᠲᠠᠭᠤᠳ ᠤᠰᠤᠡᠪᠤᠳᠤᠭ )

ᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ