ᠵᠢᠱᠢᠶᠠᠴᠢ ᠬᠦᠮᠦᠰ ᠎᠎—— ᠰᠢ ᠪᠤᠯᠠᠭ

ᠣᠩᠰᠢᠭᠰᠠᠨ ᠤᠳᠠᠭ᠎ᠠ ᠄ 16860     ᠨᠡᠶᠢᠳᠡᠯᠡᠭᠰᠡᠨ ᠴᠠᠭ ᠄ 2016/4/25 10:39:38


      ᠰᠢ ᠪᠤᠯᠠᠭ ᠂ ᠮᠤᠩᠭᠤᠯ ᠦᠨᠳᠦᠰᠦᠲᠡᠨ ᠂ ᠨᠠᠢᠮᠠᠨ ᠬᠤᠰᠢᠭᠤᠨ ᠤ ᠪᠠᠶᠠᠨᠲᠠᠯ᠎ᠠ ᠰᠤᠮᠤ ᠶ᠋ᠢᠨ ᠮᠠᠨᠳᠤᠭᠤᠯᠬᠤ ᠭᠠᠴᠠᠭᠠᠨ ᠤ ᠯᠠᠮᠢᠨᠲᠠᠯ᠎ᠠ ᠠᠶᠢᠯ ‍ᠤᠨ ᠬᠦᠮᠦᠨ ᠃ 2003 ᠤᠨ ᠳ᠋ᠥ 《 ᠳᠤᠮᠳᠠᠳᠤ ᠤᠯᠤᠰ ‍ᠤᠨ ᠰᠢᠯᠭᠠᠷᠠᠭᠰᠠᠨ ᠵᠠᠯᠠᠭᠤ ᠲᠠᠷᠢᠶᠠᠴᠢᠨ 》 ᠴᠤᠯᠠ ᠶ᠋ᠢ ᠬᠦᠷᠲᠡᠨ ᠂ 2004 ᠤᠨ ᠳ᠋ᠥ 《 ᠲᠠᠪᠤᠨ ᠰᠠᠷ᠎ᠠ ᠶ᠋ᠢᠨ ᠳᠦᠷᠪᠡᠨ ᠤ ᠵᠠᠯᠠᠭᠤᠴᠤᠳ 》 ᠱᠠᠩᠨᠠᠯ ‍ᠤᠨ ᠮᠧᠳᠡᠯ ᠲᠤᠰᠴᠤ ᠂ 2005 ᠤᠨ ᠳ᠋ᠥ 《 ᠪᠦᠬᠦ ᠤᠯᠤᠰ ‍ᠤᠨ ᠬᠦᠳᠡᠯᠮᠦᠷᠢ ᠶ᠋ᠢᠨ ᠵᠢᠱᠢᠶᠡᠴᠢ 》 ᠪᠠᠷ ᠴᠤᠯᠠᠯᠠᠭᠳᠠᠪᠠ ᠃
      ᠬᠤᠷᠢᠳᠤᠭᠠᠷ ᠵᠠᠭᠤᠨ ᠤ 60 ᠳ᠋ᠤᠭᠠᠷ ᠤᠨ ᠡᠴᠠ ᠰᠡᠭᠦᠯᠡᠷ ᠂ ᠳᠤᠷ᠎ᠠ ᠪᠠᠷ ᠠᠲᠠᠷ ᠬᠠᠭᠠᠯᠪᠤᠷᠢᠯᠠᠨ ᠲᠠᠷᠢᠶᠠᠨ ᠭᠠᠵᠠᠷ ᠭᠠᠷᠭᠠᠵᠤ ᠂ ᠤᠢ ᠮᠤᠳᠤ ᠶ᠋ᠢ ᠶᠡᠬᠡᠪᠡᠷ ᠰᠦᠢᠳᠭᠡᠨ ᠮᠠᠯ ‍ᠤᠨ ᠲᠤᠭ᠎ᠠ ᠲᠤᠯᠤᠭᠠᠢ ᠪᠤᠯᠤᠨ ᠪᠡᠯᠴᠢᠭᠡᠷ ‍ᠢ ᠰᠠᠶᠢᠲᠤᠷ ᠲᠤᠬᠢᠷᠠᠭᠤᠯᠤᠭᠰᠠᠨ ᠦᠭᠡᠢ ᠵᠡᠷᠭᠡ ᠬᠦᠮᠦᠰ ‍ᠤᠨ ᠠᠵᠢᠯ ᠠᠮᠢᠳᠤᠷᠠᠯ ‍ᠤᠨ ᠳᠤᠮᠳᠠᠬᠢ ᠡᠪᠳᠡᠯᠭᠡ ᠰᠦᠢᠳᠭᠡᠯᠭᠡ ᠡᠴᠠ ᠪᠤᠯᠵᠤ ᠂ ᠨᠠᠢᠮᠠᠨ ᠬᠤᠰᠢᠭᠤᠨ ᠤ ᠪᠠᠶᠠᠨᠲᠠᠯ᠎ᠠ ᠂ ᠲᠦᠯᠡᠭᠡᠨᠲᠠᠯ᠎ᠠ ᠂ ᠪᠠᠭᠠᠪᠡᠷᠭᠡ ᠵᠡᠷᠭᠡ ᠤᠮᠠᠷᠠᠲᠤ ᠬᠡᠰᠡᠭ ‍ᠤᠨ ᠡᠯᠡᠰᠦᠷᠬᠡᠭ ᠳᠤᠪᠤᠴᠠᠭ ᠤᠷᠤᠨ ᠤ ᠪᠠᠶᠢᠭᠠᠯᠢ ᠶ᠋ᠢᠨ ᠤᠷᠴᠢᠨ ᠠᠬᠤᠢ ᠶᠡᠬᠡᠪᠡᠷ ᠡᠪᠳᠡᠭᠳᠡᠨ ᠂ ᠤᠣᠯ ‍ᠤᠨ ᠪᠡᠷᠭᠡ ᠪᠠᠷᠲᠠᠭ᠎ᠠ ᠲᠠᠢ ᠪᠠᠯᠠᠷᠯᠢᠭ ᠤᠢ ᠮᠤᠳᠤ ᠂ ᠪᠤᠷᠭᠠᠰᠤ ᠭᠠᠷᠭᠠᠨ᠎ᠠ ᠁ ᠭᠡᠬᠦ ᠮᠡᠲᠦ ᠶ᠋ᠢᠨ ᠤᠷᠭᠤᠮᠠᠯ ᠬᠤᠴᠢᠯᠭ᠎ᠠ ᠬᠦᠨᠳᠦ ᠨᠤᠴᠢᠲᠠᠢ ᠰᠦᠢᠳᠭᠡᠭᠳᠡᠵᠦ ᠂ ᠡᠯᠡᠰᠦ ᠮᠠᠩᠬ᠎ᠠ ᠬᠦᠨᠳᠡᠯᠡᠨ ᠭᠤᠯᠳᠤ ᠬᠡᠶᠢᠰᠦᠨ ᠂ ᠭᠡᠷ ᠬᠦᠷᠢᠶ᠎ᠡ ᠂ ᠭᠠᠵᠠᠷ ᠲᠠᠷᠢᠶ᠎ᠠ ᠶ᠋ᠢ ᠪᠤᠯᠠᠵᠤ ᠂ ᠡᠯᠡᠰᠦ ᠮᠠᠩᠬ᠎ᠠ ᠲᠦᠯᠬᠢᠯᠡᠨ ᠬᠦᠮᠦᠨ ᠠᠷᠠᠳ ᠵᠠᠶᠢᠯᠠᠬᠤ ᠬᠠᠷᠠᠩᠭᠤᠢ ᠭᠠᠴᠢᠭ ᠦᠶ᠎ᠡ ᠪᠤᠯᠤᠭᠰᠠᠨ ᠪᠠᠶᠢᠨ᠎ᠠ ᠃ ᠰᠢ ᠪᠤᠯᠠᠭ ‍ᠤᠨ ᠨᠤᠲᠤᠭ ᠴᠦ ᠡᠨᠡ ᠬᠦ ᠬᠦᠮᠦᠨ ᠤ ᠲᠦᠢᠳᠭᠡᠷ ᠪᠠᠶᠢᠭᠠᠯᠢ ᠶ᠋ᠢᠨ ᠭᠠᠢ ᠡᠴᠠ ᠵᠬᠠᠶᠢᠯᠠᠵᠤ ᠳᠡᠶᠢᠯᠦᠭᠰᠡᠨ ᠦᠭᠡᠢ ᠂ ᠠᠶᠢᠯ ‍ᠤᠨ ‍ᠢᠶ᠋ᠡᠨ ᠵᠡᠭᠦᠨ ᠡᠮᠦᠨ᠎ᠡ ᠮᠠᠩᠬᠠᠨ ᠬᠤᠲᠤᠭᠤᠷ ‍ᠢᠶ᠋ᠡᠷ ᠰᠠᠭᠤᠷᠢᠰᠢᠭ᠎ᠠ ᠲᠡᠳᠡᠨ ᠤ ᠭᠡᠷ ᠬᠤᠷᠤᠭ᠎ᠠ ᠶ᠋ᠢ ᠡᠯᠡᠰᠦ ᠮᠠᠩᠬ᠎ᠠ ᠢᠪ ᠳᠠᠷᠤᠨ ᠪᠠᠭᠤᠵᠤ ᠢᠷᠡᠮᠡᠷ ᠢᠷᠡᠯ᠎ᠡ ᠃
      1987 ᠤᠨ ᠳ᠋ᠥ ᠂ ᠠᠷᠪᠠᠨ ᠲᠠᠪᠤᠲᠠᠢ ᠡᠨᠡᠬᠦ ᠬᠦᠳᠡᠭᠡ ᠶ᠋ᠢᠨ ᠪᠤᠷᠤ ᠵᠠᠯᠠᠭᠤ ᠂ ᠭᠡᠷ ᠨᠤᠲᠤᠭ ‍ᠤᠨ ‍ᠢᠶ᠋ᠡᠨ ᠡᠳᠦᠷ ᠢᠷᠡᠬᠦᠶ᠎ᠡ ᠡᠯᠡᠰᠦᠷᠬᠡᠭᠵᠢᠨ ᠪᠤᠯᠠᠰᠢᠯᠠᠭᠳᠠᠵᠤ ᠪᠠᠶᠢᠭ᠎ᠠ ᠪᠠᠶᠢᠳᠠᠯ ‍ᠢ ᠦᠭᠡᠷᠡᠴᠢᠯᠡᠬᠦ ᠪᠠᠷ ᠵᠤᠷᠢᠭ ᠰᠢᠭᠤᠳᠴᠤ ᠂ ᠮᠤᠳᠤ ᠪᠤᠷᠭᠠᠰᠤ ᠵᠠᠶᠢᠯᠠᠨ ᠡᠯᠡᠰᠦ ᠮᠠᠩᠬ᠎ᠠ ᠶ᠋ᠢ ᠬᠤᠷᠢᠭᠯᠠᠬᠤ ᠪᠠᠷ ᠪᠤᠯᠪᠠ ᠃ ᠲᠤᠬᠠᠢ ᠶ᠋ᠢᠨ ᠦᠶ᠎ᠡ ᠳ᠋ᠥ ᠠᠮᠢᠳᠤᠷᠠᠯ ‍ᠤᠨ ᠨᠦᠭᠦᠴᠡᠯ ᠲᠤᠩ ᠠᠨᠠᠢ ᠪᠤᠯᠬᠤᠷ ᠪᠦᠬᠦ ᠭᠡᠷ ‍ᠢᠶ᠋ᠡᠷ ‍ᠢᠶ᠋ᠡᠨ ᠬᠦᠳᠡᠯᠦᠯᠴᠡᠨ ᠂ ᠬᠦᠮᠦᠨ ᠤ ᠬᠦᠴᠦ ᠪᠠᠷ ᠨᠢᠭᠡ ᠨᠢᠭᠡ ᠰᠠᠭᠤᠷᠢ ᠪᠠᠷ ᠵᠠᠶᠢᠯᠠᠵᠤ ᠂ ᠨᠢᠭᠡ ᠨᠢᠭᠡ ᠰᠠᠭᠤᠯᠠᠭ᠎ᠠ ᠪᠠᠷ ᠤᠰᠤᠯᠠᠨ ᠨᠢᠭᠡ ᠨᠢᠭᠡ ᠬᠡᠰᠡᠭ ‍ᠢᠶ᠋ᠡᠷ ᠨᠤᠭᠤᠭᠠᠷᠠᠭᠤᠯᠬᠤ ᠪᠠᠷ ᠡᠯᠡᠰᠦ ᠮᠠᠩᠬ᠎ᠠ ᠲᠠᠢ ᠲᠡᠮᠡᠴᠡᠵᠦ ᠪᠠᠶᠢᠯ᠎ᠠ ᠃ ᠬᠠᠪᠤᠷ ‍ᠤᠨ ᠲᠡᠭᠷᠢ ᠬᠠᠯᠠᠭᠤᠨ ᠬᠦᠢᠲᠡᠨ ᠲᠠᠢ ᠂ ᠵᠠᠷᠢᠮ ᠳ᠋ᠥ ᠪᠠᠨ ᠡᠯᠡᠰᠦᠨ ᠰᠢᠭᠤᠷᠭ᠎ᠠ ᠪᠤᠰᠪᠠᠯ ᠤᠯᠠᠨ ᠡᠳᠦᠷ ‍ᠤᠨ ᠦᠢᠯᠡ ᠪᠠᠨ ᠪᠠᠷᠠᠵᠤ ᠵᠠᠶᠢᠯᠠᠭᠰᠠᠨ ᠮᠤᠳᠤ ᠪᠤᠭᠠᠰᠤ ᠶ᠋ᠢ ᠴᠢᠨᠢ ᠬᠤᠪᠬᠤ ᠬᠡᠶᠢᠰᠭᠡᠨ ᠡᠰᠡᠭᠦᠯ᠎ᠡ ᠪᠤᠯᠠᠵᠤ ᠬᠠᠶᠠᠳᠠᠭ ᠪᠠᠶᠢᠭᠰᠠᠨ ᠴᠦ ᠲᠡᠭᠦᠨ ᠤ ᠵᠤᠷᠢᠭ ‍ᠢ ᠮᠤᠬᠤᠭᠠᠵᠤ ᠳᠡᠶᠢᠯᠦᠭᠰᠡᠨ ᠦᠭᠡᠢ ᠃
      ᠠᠷᠪᠠᠭᠠᠳ ᠵᠢᠯ ‍ᠤᠨ ᠬᠠᠲᠠᠭᠤᠵᠢᠯᠲᠠᠢ ᠬᠦᠳᠡᠯᠮᠦᠷᠢ ᠪᠠᠷ ᠰᠢ ᠪᠤᠯᠠᠭ ‍ᠤᠨ ᠭᠡᠷ ᠬᠦᠷᠢᠶ᠎ᠡ ᠠᠭᠠᠵᠢᠮ ‍ᠢᠶ᠋ᠡᠷ ᠡᠯᠡᠰᠦ ᠶ᠋ᠢ ᠬᠠᠰᠢᠨ ᠮᠤᠳᠤ ᠪᠤᠷᠭᠠᠰᠤ ᠪᠠᠷ ᠪᠦᠷᠬᠦᠭᠳᠡᠵᠦ ᠂ ᠲᠡᠭᠦᠨ ᠤ ᠪᠠᠨ ᠬᠤᠭᠤᠷᠤᠨᠳᠤᠭᠤᠷ ᠤᠰᠤᠯᠤᠯᠲᠠ ᠶ᠋ᠢᠨ ᠲᠠᠷᠢᠶ᠎ᠠ ᠭᠠᠷᠭᠠᠭᠰᠠᠨ ᠡᠴᠠ ᠰᠢᠨ᠎ᠡ ᠨᠢᠭᠡᠨ ᠬᠡᠯᠪᠡᠷᠢ ᠶ᠋ᠢᠨ ᠠᠮᠢ ᠠᠬᠤᠢ ᠶ᠋ᠢᠨ ᠬᠦᠷᠢᠶᠡᠯᠡᠩ ᠳᠦᠷᠢᠮᠵᠢᠨ ᠪᠦᠷᠢᠯᠳᠦᠭᠰᠡᠨ ᠪᠠᠶᠢᠨ᠎ᠠ ᠃ ᠲᠡᠷᠡ ᠬᠤᠶᠢᠨ᠎ᠠ ᠡᠮᠦᠨ᠎ᠡ 40 ᠭᠠᠷᠤᠢ ᠲᠦᠮᠡᠨ ᠲᠦᠭᠦᠷᠢᠭ ᠵᠠᠷᠤᠴᠠᠭᠤᠯᠤᠨ ᠠᠮᠢ ᠠᠬᠤᠢ ᠶ᠋ᠢᠨ ᠬᠦᠷᠢᠶᠡᠯᠡᠩ 1500 ᠮᠦ ᠪᠠᠶᠢᠭᠤᠯᠵᠤ ᠂ ᠤᠢ ᠮᠤᠳᠤ 550 ᠮᠦ ᠂ ᠲᠠᠷᠢᠶᠠᠨ ᠭᠠᠵᠠᠷ 200 ᠭᠠᠷᠤᠢ ᠮᠦ ᠂ ᠡᠪᠡᠰᠦ ᠪᠡᠯᠴᠢᠭᠡᠷ 300 ᠰᠢᠬᠠᠮ ᠮᠦ ᠂ ᠰᠢᠷ᠎ᠠ ᠪᠤᠷᠭᠠᠰᠤ 400 ᠮᠦ ᠳ᠋ᠥ ᠬᠦᠷᠭᠡᠭᠰᠡᠨ ᠪᠦᠭᠡᠳ ᠦᠬᠡᠷ 300 ᠢᠯᠡᠭᠦᠦ ᠂ ᠬᠤᠨᠢ 600 ᠭᠠᠷᠤᠢ ᠲᠡᠵᠢᠭᠡᠨ ᠤᠢ ᠮᠤᠳᠤ ᠂ ᠲᠠᠷᠢᠶᠠᠯᠠᠩ ᠂ ᠮᠠᠯ ᠠᠵᠤ ᠠᠬᠤᠢ ᠭᠤᠷᠪᠠ ᠶ᠋ᠢ ᠤᠶᠠᠯᠳᠤᠭᠤᠯᠤᠭᠰᠠᠨ ᠠᠮᠢ ᠠᠬᠤᠢ ᠶ᠋ᠢᠨ ᠬᠦᠷᠢᠶᠡᠯᠡᠩ ‍ᠤᠨ ᠬᠡᠪ ᠵᠠᠭᠪᠤᠷ ᠪᠦᠷᠢᠯᠳᠦᠭᠦᠯᠦᠨ ᠤᠷᠤᠯᠭ᠎ᠠ ᠨᠢ ᠴᠦ ᠶᠡᠬᠡᠪᠡᠷ ᠨᠡᠮᠡᠭᠳᠡᠭᠰᠡᠨ ᠪᠠᠶᠢᠨ᠎ᠠ ᠃ ᠲᠡᠷᠡ ᠲᠠᠬᠢᠭᠠᠳ 15 ᠲᠦᠮᠡᠨ ᠲᠦᠭᠦᠷᠢᠭ ᠵᠠᠷᠤᠴᠠᠭᠤᠯᠤᠨ ᠫᠧᠩ ᠰᠠᠷᠠᠪᠴᠢ 50 ᠲᠠᠰᠤᠯᠭ᠎ᠠ ᠂ ᠪᠤᠷᠳᠤᠭᠠᠨ ᠵᠤᠭᠤᠷᠢ 10 ᠂ ᠡᠪᠡᠰᠦ ᠪᠤᠷᠳᠤᠭ᠎ᠠ ᠶ᠋ᠢᠨ ᠬᠦᠮᠦᠷᠭᠡ 3 ᠪᠡᠯᠡᠳᠭᠡᠨ ᠮᠠᠯᠵᠢᠯ ‍ᠤᠨ ᠠᠷᠭ᠎ᠠ ᠠᠪᠴᠠᠯ ‍ᠢᠶ᠋ᠡᠨ ᠳᠡᠭᠡᠭᠰᠢᠯᠡᠭᠦᠯᠦᠨ ᠂ ᠪᠦᠬᠦ ᠭᠠᠴᠠᠭᠠᠨ ᠤ ᠤᠯᠠᠨ ᠲᠦᠮᠡᠨ ᠳ᠋ᠥ ᠳᠠᠭᠤᠷᠢᠶᠠᠯ ᠦᠵᠡᠭᠦᠯᠦᠭᠰᠡᠨ ᠡᠴᠠ ᠲᠡᠭᠦᠨ ᠤ ᠡᠨᠡ ᠬᠦ ᠠᠮᠢ ᠠᠬᠤᠢ ᠶ᠋ᠢᠨ ᠬᠦᠷᠢᠶᠡᠯᠡᠩ ᠤᠳᠠᠯ ᠦᠭᠡᠢ ᠪᠦᠬᠦ ᠭᠠᠴᠠᠭ᠎ᠠ ᠂ ᠪᠦᠬᠦ ᠪᠠᠶᠠᠨᠲᠠᠯ᠎ᠠ ᠰᠤᠮᠤ ᠵᠢᠴᠢ ᠨᠠᠢᠮᠠᠨ ᠬᠤᠰᠢᠭᠤᠨ ᠤ ᠡᠯᠡᠰᠦ ᠮᠠᠩᠬᠠᠨ ᠨᠤᠲᠤᠭ ‍ᠢᠶ᠋ᠡᠷ ᠲᠦᠭᠡᠮᠡᠯᠵᠢᠨ ᠳᠡᠯᠭᠡᠷᠡᠭᠰᠡᠨ ᠪᠠᠶᠢᠨ᠎ᠠ ᠃ ᠡᠭᠦᠨ ᠳ᠋ᠥ ᠵᠦᠪᠬᠡᠨ ᠪᠠᠶᠠᠨᠲᠠᠯ᠎ᠠ ᠰᠤᠮᠤ ᠠᠮᠢ ᠠᠬᠤᠢ ᠶ᠋ᠢᠨ ᠬᠦᠷᠢᠶᠡᠯᠡᠩ ᠲᠤᠭᠤᠷᠢᠭ ‍ᠢ 460 ᠢᠯᠡᠭᠦᠦ ᠪᠠᠶᠢᠭᠤᠯᠤᠨ ᠂ 48 ᠲᠦᠮᠡᠨ ᠮᠦ ᠡᠯᠡᠰᠦ ᠮᠠᠩᠬ᠎ᠠ ᠶ᠋ᠢ ᠨᠤᠭᠤᠭᠠᠷᠠᠭᠤᠯᠵᠤ ᠂ ᠤᠢ ᠮᠤᠳᠤᠨ ᠤ ᠪᠦᠷᠬᠦᠴᠡ 30% ᠶ᠋ᠢ ᠳᠠᠪᠠᠵᠤ ᠂ ᠤᠷᠴᠢᠨ ᠠᠬᠤᠢ ᠪᠤᠯᠤᠨ ᠠᠵᠤ ᠠᠬᠤᠢ ᠶ᠋ᠢᠨ ᠬᠤᠣᠰ ᠠᠮᠵᠢᠯᠲᠠ ᠶ᠋ᠢᠨ ᠦᠷ᠎ᠡ ᠪᠦᠲᠦᠮᠵᠢ ᠶᠡᠬᠡᠪᠡᠷ ᠳᠡᠭᠡᠭᠰᠢᠯᠡᠭᠰᠡᠨ ᠪᠠᠶᠢᠨ᠎ᠠ ᠃    (  ᠪ  ᠂ ᠦᠨᠳᠤᠰᠤ ᠮᠤᠩᠭᠤᠯᠴᠢᠯᠠᠪᠠ )
ᠢᠷᠡᠯᠳᠡ᠄ 《 ᠡᠯᠢᠭᠡᠨ ᠬᠠᠶᠢᠷᠠᠳᠤ ᠨᠠᠢᠮᠠᠨ 》 ᠬᠡᠬᠦ ᠨᠤᠮ ᠡᠴᠡ ᠨᠠᠶᠢᠷᠠᠭᠤᠯᠤᠭᠴᠢ᠄ ᠪᠤᠤ ᠵᠢᠨ ᠯᠢᠶᠠᠨ