ᠵᠢᠱᠢᠶᠠᠴᠢ ᠬᠦᠮᠦᠰ ᠎᠎—— ᠴᠠᠩ ᠸᠠᠨ ᠰᠢᠩ

ᠣᠩᠰᠢᠭᠰᠠᠨ ᠤᠳᠠᠭ᠎ᠠ ᠄ 9178     ᠨᠡᠶᠢᠳᠡᠯᠡᠭᠰᠡᠨ ᠴᠠᠭ ᠄ 2016/4/25 10:36:42


      ᠴᠠᠩ ᠸᠠᠨ ᠰᠢᠩ ᠂ ᠬᠢᠲᠠᠳ ᠦᠨᠳᠦᠰᠦᠲᠡᠨ ᠂ ᠳᠠᠴᠢᠨᠲᠠᠯ᠎ᠠ ᠪᠠᠯᠭᠠᠰᠤᠨ ᠤ ᠬᠦᠮᠦᠨ ᠃ 1975 ᠤᠨ ᠡᠴᠠ 1990 ᠤᠨ ᠤ ᠬᠤᠭᠤᠷᠤᠨᠳᠤ ᠳᠠᠴᠢᠨᠲᠠᠯ᠎ᠠ ᠪᠠᠯᠭᠠᠰᠤᠨ ᠤ ᠰᠢᠩ ᠯᠦᠩ ᠵᠤᠸᠠᠩ ᠲᠤᠰᠬᠤᠨ ᠤ ᠨᠠᠮ ‍ᠤᠨ ᠡᠭᠦᠷ ‍ᠤᠨ ᠱᠦᠵᠢ ᠪᠠᠷ ᠠᠵᠢᠯᠯᠠᠵᠤ ᠂ ᠲᠤᠰᠬᠤᠨ ᠤ ᠡᠷᠬᠢᠯᠡᠭᠴᠢ ᠶ᠋ᠢᠨ ᠠᠵᠢᠯ ‍ᠢ ᠬᠠᠪᠰᠤᠷᠭᠠᠨ ᠬᠠᠷᠢᠭᠤᠴᠠᠵᠤ ᠪᠠᠶᠢᠪᠠ ᠃
      ᠠᠵᠢᠯ ‍ᠤᠨ ᠪᠠᠶᠢᠷᠢ ᠳ᠋ᠥ ᠪᠠᠶᠢᠬᠤ ᠬᠤᠭᠤᠴᠠᠭᠠᠨ ᠳ᠋ᠥ ᠪᠠᠨ ᠲᠡᠷᠡ ᠤᠯᠠᠨ ᠲᠦᠮᠡᠨ ‍ᠢ ᠳᠠᠶᠢᠴᠢᠯᠠᠨ ᠪᠡᠯᠡ ᠮᠦᠩᠭᠦ ᠬᠤᠷᠠᠮᠳᠠᠭᠤᠯᠵᠤ ᠂ ᠲᠠᠷᠢᠶᠠᠯᠠᠩ ‍ᠤᠨ ᠦᠨᠳᠦᠰᠦᠨ ᠪᠦᠲᠦᠭᠡᠨ ᠪᠠᠶᠢᠭᠤᠯᠤᠯᠲᠠ ᠶ᠋ᠢ ᠴᠢᠩᠭᠠᠳᠬᠠᠨ ᠂ ᠪᠦᠬᠦ ᠲᠤᠰᠬᠤᠨ ‍ᠢᠶ᠋ᠡᠷ ‍ᠢᠶ᠋ᠡᠨ ᠮᠠᠰᠢᠨ ᠴᠠᠬᠢᠯᠭᠠᠨ ᠲᠦᠬᠦᠭᠡᠷᠦᠮᠵᠢ ᠪᠦᠷᠢᠳᠦᠭᠦᠯᠦᠭᠰᠡᠨ ᠬᠤᠳᠳᠤᠭ ‍ᠢ ᠬᠤᠶᠢᠨ᠎ᠠ ᠡᠮᠦᠨ᠎ᠡ 32 ᠂ ᠨᠠᠷᠢᠨ ᠬᠤᠭᠤᠯᠠᠶᠢᠲᠤ ᠬᠤᠳᠳᠤᠭ 20 ᠮᠠᠯᠲᠠᠨ ᠂ ᠡᠣᠰᠤ ᠳᠠᠳᠠᠬᠤ ᠦᠷᠲᠡᠭᠡ 1 ᠰᠠᠭᠤᠷᠢ ᠪᠠᠶᠢᠭᠤᠯᠵᠤ ᠂ ᠬᠦᠴᠦᠳᠡᠯ ᠦᠭᠡᠷᠡᠴᠢᠯᠡᠭᠴᠢ 15 ᠰᠠᠭᠤᠷᠢ ᠂ ᠳᠤᠣᠷ᠎ᠠ ᠬᠦᠴᠦᠲᠡᠯᠲᠦ ᠴᠠᠬᠢᠯᠭᠠᠨ ᠤᠲᠠᠰᠤ 6000 ᠺᠢᠯᠤᠮᠧᠲ᠋ᠷ ᠳᠠᠲᠠᠵᠤ ᠂ ᠪᠦᠬᠦ ᠲᠤᠰᠬᠤᠨ ᠤ 5000 ᠮᠦ ᠲᠠᠷᠢᠶᠠᠨ ᠭᠠᠵᠠᠷ ᠪᠤᠯᠤᠨ 3000 ᠮᠦ ᠵᠢᠮᠢᠰ ‍ᠤᠨ ᠬᠦᠷᠢᠶᠡᠯᠡᠩ ‍ᠢᠶ᠋ᠡᠨ ᠪᠦᠬᠦᠨ ‍ᠢ ᠭᠠᠩᠳᠠᠵᠤ ᠤᠰᠤᠲᠠᠬᠤ ᠡᠴᠠ ᠰᠡᠷᠭᠡᠶᠢᠯᠡᠭᠰᠡᠨ ᠪᠠᠲᠤᠯᠭᠠᠲᠤ ᠤᠰᠤᠯᠠᠯᠲᠠ ᠶ᠋ᠢᠨ ᠲᠠᠷᠢᠶ᠎ᠠ ᠪᠤᠯᠭᠠᠵᠤ ᠂ ᠤᠣᠯ ‍ᠤᠨ ᠮᠦ ᠪᠦᠷᠢ ᠡᠴᠠ 800 ᠵᠢᠩ ᠤᠨᠠᠯᠲᠠ ᠲᠠᠢ ᠪᠠᠶᠢᠭᠰᠠᠨ ‍ᠢ 1500 ᠵᠢᠩ ᠪᠤᠯᠭᠠᠨ ᠨᠡᠮᠡᠭᠳᠡᠭᠦᠯᠵᠦ ᠂ ᠵᠢᠯ ‍ᠤᠨ ᠲᠠᠸᠠᠷ ‍ᠤᠨ ᠠᠮᠤ ᠶ᠋ᠢᠨ ᠭᠠᠷᠭᠠᠯᠭ᠎ᠠ 200 ᠲᠦᠮᠡᠨ ᠵᠢᠩ ‍ᠢ ᠳᠠᠪᠠᠭᠰᠠᠨ ᠪᠠᠶᠢᠨ᠎ᠠ ᠃ 1990 ᠤᠨ ᠳ᠋ᠥ ᠲᠡᠷᠡ ᠪᠦᠬᠦ ᠬᠤᠰᠢᠭᠤᠨ ᠤ ᠬᠡᠪᠴᠢᠶᠡᠨ ᠳ᠋ᠥ ᠬᠠᠮᠤᠭ ᠲᠦᠷᠦᠭᠦᠯᠡᠨ ᠠᠵᠤ ᠠᠬᠤᠢ ᠶ᠋ᠢᠨ ᠤᠢ ᠶ᠋ᠢᠨ ᠨᠡᠭᠡᠭᠡᠯᠲᠡ ᠬᠢᠵᠦ ᠂ 5 ᠵᠢᠯ ‍ᠤᠨ ᠳᠤᠲᠤᠷ᠎ᠠ ᠲᠤᠰᠬᠤᠨ ᠤ ᠪᠠᠨ ᠬᠦᠮᠦᠨ ᠠᠮᠠ ᠪᠦᠷᠢ ᠳ᠋ᠥ 1 ᠮᠦ ᠠᠵᠤ ᠠᠬᠤᠢ ᠶ᠋ᠢᠨ ᠤᠢ ᠲᠠᠢ ᠪᠤᠯᠭᠠᠭᠰᠠᠨ ᠡᠴᠠ ᠰᠢᠩ ᠯᠦᠩ ᠵᠤᠸᠠᠩ ᠲᠤᠰᠬᠤᠨ ᠪᠦᠬᠦ ᠬᠤᠰᠢᠭᠤᠨ ᠳ᠋ᠥ ᠠᠯᠳᠠᠷᠰᠢᠭᠰᠠᠨ ᠵᠢᠮᠢᠰ ‍ᠤᠨ ᠠᠵᠤ ᠠᠬᠤᠶᠢᠯᠠᠯᠲᠤ ᠲᠤᠰᠬᠤᠨ ᠪᠤᠯᠤᠭᠰᠠᠨ ᠪᠠᠶᠢᠨ᠎ᠠ ᠃ ᠲᠡᠷᠡ ᠵᠠᠯᠭᠠᠭᠠᠳ ᠲᠠᠷᠢᠮᠠᠯ ᠪᠤᠯᠤᠨ ᠵᠢᠮᠢᠰ ‍ᠤᠨ ᠠᠵᠤ ᠠᠬᠤᠶᠢᠯᠠᠯ ‍ᠢ ᠰᠠᠶᠢᠲᠤᠷ ᠡᠷᠬᠢᠯᠡᠬᠦ ᠶ᠋ᠢᠨ ᠳᠠᠭᠠᠤ ᠂ ᠲᠡᠵᠢᠭᠡᠪᠦᠷᠢ ᠶ᠋ᠢᠨ ᠦᠢᠯᠡᠰ ᠪᠤᠯᠤᠨ ᠠᠵᠤ ᠦᠢᠯᠡᠳᠪᠦᠷᠢ ᠬᠤᠳᠠᠯᠳᠤᠭᠠᠨ ᠤ ᠦᠢᠯᠡᠰ ‍ᠢ ᠶᠡᠬᠡᠪᠡᠷ ᠬᠦᠭᠵᠢᠭᠦᠯᠦᠨ ᠂ ᠤᠬᠤᠷ ᠰᠡᠭᠦᠯᠲᠦ ᠦᠯᠴᠢᠷ ᠬᠤᠨᠢ ᠶ᠋ᠢ ᠪᠦᠬᠦ ᠲᠤᠰᠬᠤᠨ ᠳ᠋ᠥ ᠲᠦᠭᠡᠮᠡᠯᠵᠢᠭᠦᠯᠪᠡ ᠃ ᠠᠶᠢᠯ ᠳ᠋ᠥ ᠪᠠᠨ ᠳᠡᠯᠭᠡᠭᠦᠷ ᠬᠤᠳᠠᠯᠳᠤᠭ᠎ᠠ 7 ᠂ ᠬᠤᠭᠤᠯᠠᠨ ᠭᠡᠷ 8 ᠂ ᠮᠢᠬᠠᠨ ᠤ ᠳᠡᠯᠭᠡᠭᠦᠷ 4 ᠂ ᠮᠤᠳᠤᠨ ᠮᠠᠲ᠋ᠧᠷᠢᠶᠠᠯ ᠪᠤᠯᠪᠠᠰᠤᠷᠠᠭᠤᠯᠬᠤ ᠠᠵᠤ ᠠᠬᠤᠶᠢᠯᠠᠯ 2 ᠡᠷᠬᠢᠯᠡᠨ ᠂ ᠲᠠᠷᠢᠶᠠᠯᠠᠩ ‍ᠤᠨ ᠡᠳ᠋ ᠪᠤᠳᠠᠰ ‍ᠤᠨ ᠵᠠᠬ᠎ᠠ ᠳᠡᠯᠭᠡᠭᠦᠷ ᠭᠠᠷᠭᠠᠵᠤ ᠂ ᠵᠢᠯ ᠪᠦᠷᠢ 200 ᠲᠦᠮᠡᠨ ᠲᠦᠭᠦᠷᠢᠭ ‍ᠤᠨ ᠨᠤᠲᠤᠭ ‍ᠤᠨ ᠭᠠᠷᠤᠯᠲᠠ ᠶ᠋ᠢᠨ ᠠᠷᠠᠯᠵᠢᠶ᠎ᠠ ᠰᠤᠯᠢᠯᠴᠠᠵᠤ ᠪᠠᠶᠢᠨ᠎ᠠ ᠃ 1994 ᠤᠨ ᠳ᠋ᠥ ᠂ ᠪᠦᠬᠦ ᠲᠤᠰᠬᠤᠨ ᠤ ᠬᠦᠮᠦᠨ ᠪᠦᠷᠢ ᠶ᠋ᠢᠨ ᠲᠡᠭᠰᠢᠳᠭᠡᠭᠰᠡᠨ ᠴᠡᠪᠡᠷ ᠤᠷᠤᠯᠭ᠎ᠠ ᠨᠢ 3500 ᠲᠦᠭᠦᠷᠢᠭ  ᠲᠦ ᠬᠦᠷᠴᠦ ᠂ ᠪᠦᠬᠦ ᠬᠤᠰᠢᠭᠤᠨ ᠳ᠋ᠥ ᠲᠦᠷᠦᠭᠦᠯᠡᠪᠡ ᠃
      ᠴᠠᠩ ᠸᠠᠨ ᠰᠢᠩ ᠨᠦᠬᠦᠷ ᠰᠢᠩ ᠯᠦᠩ ᠵᠤᠸᠠᠩ ᠲᠤᠰᠬᠤᠨ ᠤ ᠨᠠᠮ ‍ᠤᠨ ᠡᠭᠦᠷ ‍ᠤᠨ ᠱᠦᠵᠢ ᠶ᠋ᠢᠨ ᠲᠤᠰᠢᠶᠠᠯ ‍ᠢ 30 ᠭᠠᠷᠤᠢ ᠵᠢᠯ ᠬᠠᠷᠢᠭᠤᠴᠠᠵᠤ ᠂ ᠬᠤᠶᠢᠨ᠎ᠠ ᠡᠮᠦᠨ᠎ᠡ ᠬᠤᠰᠢᠭᠤᠨ ᠤ ᠠᠷᠠᠳ ‍ᠤᠨ ᠲᠦᠯᠦᠭᠡᠯᠡᠭᠴᠢᠳ ‍ᠤᠨ ᠪᠠᠶᠢᠩᠭᠤ ᠶ᠋ᠢᠨ ᠬᠤᠷᠢᠶᠠᠨ ᠤ ᠠᠷᠪᠠᠨ ᠬᠤᠶᠠᠳᠤᠭᠠᠷ ᠂ ᠠᠷᠪᠠᠨ ᠭᠤᠷᠪᠠᠳᠤᠭᠠᠷ ᠬᠤᠭᠤᠴᠠᠭᠠᠨ ᠤ ᠭᠡᠰᠢᠭᠦᠨ ᠂ ᠦᠪᠦᠷ ᠮᠤᠩᠭᠤᠯ ‍ᠤᠨ ᠦᠪᠡᠷᠲᠡᠭᠡᠨ ᠵᠠᠰᠠᠬᠤ ᠤᠷᠤᠨ ᠤ ᠵᠢᠷᠭᠤᠳᠤᠭᠠᠷ ᠬᠤᠭᠤᠴᠠᠭᠠᠨ ᠤ ᠨᠠᠮ ‍ᠤᠨ ᠲᠦᠯᠦᠭᠡᠯᠡᠭᠴᠢ ᠵᠡᠷᠭᠡ ᠨᠡᠶᠢᠭᠡᠮ ‍ᠤᠨ ᠡᠭᠦᠷᠭᠡ ᠲᠤᠰᠢᠶᠠᠯ ‍ᠢ ᠡᠭᠦᠷᠭᠡᠯᠡᠵᠦ ᠂ 2000 ᠤᠨ ᠳ᠋ᠥ ᠤᠯᠤᠰ ‍ᠤᠨ ᠶᠠᠪᠤᠳᠠᠯ ‍ᠤᠨ ᠬᠤᠷᠢᠶᠠᠨ ᠡᠴᠠ 《 ᠪᠦᠬᠦ ᠤᠯᠤᠰ ‍ᠤᠨ ᠬᠦᠳᠡᠯᠮᠦᠷᠢ ᠶ᠋ᠢᠨ ᠵᠢᠱᠢᠶᠡᠴᠢ 》 ᠪᠠᠷ ᠦᠨᠡᠯᠡᠭᠰᠡᠨ ᠪᠠᠶᠢᠨ᠎ᠠ ᠃( ᠪ  ᠂ ᠦᠨᠳᠤᠰᠤ ᠤᠷᠴᠢᠭᠤᠯᠪᠠ )
ᠢᠷᠡᠯᠳᠡ᠄ 《 ᠡᠯᠢᠭᠡᠨ ᠬᠠᠶᠢᠷᠠᠳᠤ ᠨᠠᠢᠮᠠᠨ 》 ᠬᠡᠬᠦ ᠨᠤᠮ ᠡᠴᠡ ᠨᠠᠶᠢᠷᠠᠭᠤᠯᠤᠭᠴᠢ᠄ ᠪᠤᠤ ᠵᠢᠨ ᠯᠢᠶᠠᠨ