ᠰᠢᠨᠵᠢᠯᠡᠬᠦ ᠤᠬᠠᠭᠠᠨ ᠮᠡᠷᠭᠡᠵᠢᠯ ‍ᠤᠨ ᠠᠯᠳᠠᠷᠲᠤ ᠬᠦᠮᠦᠰ ᠎᠎—— ᠶᠠᠨ ᠴᠦ᠋ ᠯᠢᠶᠠᠩ

ᠣᠩᠰᠢᠭᠰᠠᠨ ᠤᠳᠠᠭ᠎ᠠ ᠄ 10386     ᠨᠡᠶᠢᠳᠡᠯᠡᠭᠰᠡᠨ ᠴᠠᠭ ᠄ 2016/4/25 10:18:41


      ᠶᠠᠨ ᠴᠦ᠋ ᠯᠢᠶᠠᠩ ᠂ ᠰᠢᠨ ᠵᠧᠨ ᠪᠠᠯᠭᠠᠰᠤ ᠶ᠋ᠢᠨ ᠪᠦᠷᠬᠦᠳ ‍ᠤᠨ ᠭᠤᠤ ᠶ᠋ᠢᠨ ᠬᠦᠮᠦᠨ ᠂ 1975 ᠤᠨ ᠳ᠋ᠥ ᠭᠢᠷᠢᠨ ᠶᠡᠬᠡ ᠰᠤᠷᠭᠠᠭᠤᠯᠢ ᠶ᠋ᠢᠨ ᠮᠠᠰᠢᠨ ᠲᠧᠭᠨᠢᠭ ‍ᠤᠨ ᠰᠢᠨᠵᠢᠯᠡᠭᠡᠨ ᠵᠢᠴᠢ ᠢᠨᠵᠧᠨᠧᠷᠢᠩ ‍ᠤᠨ ᠳᠡᠭᠡᠳᠦ ᠰᠤᠷᠭᠠᠭᠤᠯᠢ ᠡᠴᠠ ᠲᠡᠭᠦᠰᠴᠦ ᠂ 1992 ᠤᠨ ᠪᠤᠯᠤᠨ1999 ᠤᠨ ᠳ᠋ᠥ ᠪᠡᠭᠡᠵᠢᠩ ‍ᠤᠨ ᠠᠭᠠᠷ  ᠦᠨ ᠠᠶᠠᠯᠠᠯ ‍ᠤᠨ ᠶᠡᠬᠡ ᠰᠤᠷᠭᠠᠭᠤᠯᠢ ᠡᠴᠠ ᠠᠰᠫᠢᠷᠠᠨᠲ ᠪᠤᠯᠤᠨ ᠳ᠋ᠤᠺᠲ᠋ᠤᠷ ᠴᠤᠯᠠ ᠬᠠᠮᠠᠭᠠᠯᠠᠭᠰᠠᠨ ᠪᠠᠶᠢᠨ᠎ᠠ ᠃ ᠲᠡᠷᠡ ᠪᠤᠯ ᠮᠠᠨ ᠤ ᠤᠯᠤᠰ ‍ᠤᠨ ᠨᠢᠰᠭᠡᠯ ‍ᠤᠨ ᠪᠦᠲᠦᠴᠡ ᠶ᠋ᠢᠨ ᠨᠠᠶᠢᠳᠠᠪᠤᠷᠢᠲᠠᠢ ᠲᠤᠰᠬᠠᠢ ᠮᠡᠷᠭᠡᠵᠢᠯᠲᠡᠨ ᠂ ᠤᠳᠤᠬᠠᠨ ᠳ᠋ᠥ ᠤᠯᠤᠰ ‍ᠤᠨ ᠨᠢᠰᠭᠡᠯ ‍ᠤᠨ ᠪᠦᠯᠦᠭᠯᠡᠯ ‍ᠤᠨ ᠰᠢᠨᠵᠢᠯᠡᠬᠦ ᠤᠬᠠᠭᠠᠨ ᠮᠡᠷᠭᠡᠵᠢᠯ ‍ᠤᠨ ᠰᠤᠳᠤᠯᠭᠠᠨ ᠤ ᠬᠦᠷᠢᠶᠡᠯᠡᠩ ‍ᠤᠨ ᠬᠢᠵᠠᠭᠠᠷᠲᠤ ᠺᠤᠮᠫᠠᠨᠢ ᠶ᠋ᠢᠨ ᠳᠡᠳ᠋ ᠶᠡᠷᠦᠩᠬᠡᠢ  ᠢᠨᠵᠢᠨᠧᠷ ᠪᠦᠭᠡᠳ ᠪᠡᠭᠡᠵᠢᠩ ‍ᠤᠨ ᠨᠢᠰᠭᠡᠯ ‍ᠤᠨ ᠬᠦᠴᠦᠯᠡᠴᠡ ᠶ᠋ᠢ ᠰᠤᠳᠤᠯᠬᠤ ᠭᠠᠵᠠᠷ ‍ᠤᠨ ᠳᠠᠷᠤᠭ᠎ᠠ ᠪᠠᠷ ᠠᠵᠢᠯᠯᠠᠵᠤ ᠪᠠᠶᠢᠨ᠎ᠠ ᠃
      ᠶᠠᠨ ᠴᠦ᠋ ᠯᠢᠶᠠᠩ ᠪᠤᠯ ᠪᠡᠭᠡᠵᠢᠩ ‍ᠤᠨ ᠠᠭᠠᠷ ᠠᠶᠠᠯᠠᠯ ‍ᠤᠨ ᠶᠡᠬᠡ ᠰᠤᠷᠭᠠᠭᠤᠯᠢ ᠶ᠋ᠢᠨ ᠮᠧᠬᠠᠨᠢᠭ ᠤᠨ ᠤᠬᠠᠭᠠᠨ ᠤ ᠳ᠋ᠤᠺᠲ᠋ᠤᠷ ᠂ 1992 ᠤᠨ ᠳ᠋ᠥ ᠤᠯᠤᠰ ‍ᠤᠨ ᠶᠠᠪᠤᠳᠠᠯ ‍ᠤᠨ ᠬᠤᠷᠢᠶᠠᠨ ᠤ ᠤᠨᠴᠠᠭᠠᠢ ᠨᠦᠬᠦᠪᠦᠷᠢ ᠮᠦᠩᠭᠦ ᠶ᠋ᠢ ᠬᠦᠷᠲᠡᠭᠴᠢ ᠲᠤᠰᠬᠠᠢ ᠮᠡᠷᠭᠡᠵᠢᠯᠲᠡᠨ ᠮᠥᠨ ᠃
      2015 ᠤᠨ ᠤ 12 ᠰᠠᠷ᠎ᠠ ᠶ᠋ᠢᠨ 7 ᠤ ᠡᠳᠦᠷ ᠂ ᠳᠤᠮᠳᠠᠳᠤ ᠤᠯᠤᠰ ‍ᠤᠨ ᠰᠢᠨᠵᠢᠯᠡᠬᠦ ᠤᠬᠠᠭᠠᠨ ᠤ ᠬᠦᠷᠢᠶᠡᠯᠡᠩ ‍ᠤᠨ ᠮᠡᠷᠭᠡᠵᠢᠯ ‍ᠤᠨ ᠰᠢᠨᠵᠢᠯᠡᠬᠦ ᠤᠬᠠᠭᠠᠨ ᠤ ᠬᠡᠯᠲᠡᠰ ‍ᠤᠨ ᠠᠺᠠᠳ᠋ᠸᠮᠢᠴᠢ  ᠪᠠᠷ ᠰᠤᠩᠭᠤᠭᠳᠠᠪᠠ ᠃
     ᠶᠠᠨ ᠴᠦ᠋ ᠯᠢᠶᠠᠩ ᠪᠤᠯ ᠤᠯᠠᠨ ᠵᠢᠯ ‍ᠢᠶ᠋ᠡᠷ ᠨᠢᠰᠭᠡᠯ ‍ᠤᠨ ᠪᠠᠷᠢᠮᠵᠢᠶᠠᠲᠤ ᠨᠠᠰᠤ ᠪᠤᠯᠤᠨ ᠪᠠᠲᠤᠯᠭᠠᠲᠤ ᠴᠢᠨᠠᠷ ‍ᠤᠨ ᠰᠤᠳᠤᠯᠭᠠᠨ ᠬᠢᠵᠦ ᠂ ᠨᠢᠰᠭᠡᠯ ‍ᠤᠨ ᠠᠵᠤ ᠠᠬᠤᠢ ᠶ᠋ᠢᠨ ᠠᠮᠢ ᠨᠠᠰᠤᠨ ᠤ ᠪᠠᠲᠤᠯᠭᠠᠲᠤ ᠴᠢᠨᠠᠷ ‍ᠤᠨ ᠤᠨᠤᠯ ᠪᠤᠯᠤᠨ  ᠠᠴᠢᠶᠠᠨ ᠤ ᠪᠠᠷᠢᠮᠵᠢᠶᠠᠲᠤ ᠵᠢᠭᠰᠠᠯ ‍ᠤᠨ ᠳᠤᠮᠳᠠᠴᠢ ᠬᠡᠮᠵᠢᠭᠳᠡᠯ ‍ᠢ ᠨᠠᠶᠢᠷᠠᠭᠤᠯᠬᠤ ᠤᠨᠤᠯ ‍ᠢ ᠡᠭᠦᠰᠭᠡᠨ ᠪᠠᠶᠢᠭᠤᠯᠵᠤ ᠂ ᠨᠢᠰᠭᠡᠯ ‍ᠤᠨ ᠤᠭᠲᠠᠷᠭᠤᠢ ᠳ᠋ᠠᠬᠢ ᠠᠴᠢᠶᠠᠯᠠᠪᠤᠷᠢ ᠶ᠋ᠢ ᠵᠤᠬᠢᠴᠠᠭᠤᠯᠬᠤ ᠪᠠᠷᠢᠮᠵᠢᠶᠠᠯᠠᠬᠤ ᠠᠷᠭ᠎ᠠ ᠪᠤᠯᠤᠨ ᠨᠢᠰᠭᠡᠯ ‍ᠤᠨ ᠤᠷᠤᠨ ᠵᠠᠢ ᠶ᠋ᠢᠨ ᠠᠴᠢᠶᠠᠯᠠᠪᠤᠷᠢ ᠶ᠋ᠢ ᠲᠤᠷᠰᠢᠬᠤ ᠮᠡᠷᠭᠡᠵᠢᠯ ‍ᠢ ᠡᠭᠦᠳᠦᠨ ᠂ ᠮᠠᠨ ᠤ ᠤᠯᠤᠰ ‍ᠤᠨ ᠨᠢᠰᠭᠡᠯ ‍ᠤᠨ ᠠᠴᠢᠶᠠᠯᠠᠬᠤ ᠪᠠᠷᠢᠮᠵᠢᠶ᠎ᠠ ᠶ᠋ᠢᠨ ᠵᠢᠭᠰᠠᠯ ᠶᠤᠰᠤᠭᠠᠷ ᠨᠢᠰᠦᠯᠲᠡ ᠶ᠋ᠢᠨ ᠲᠤᠷᠰᠢᠯᠲᠠ ᠬᠢᠬᠦ ᠪᠤᠯᠤᠨ ᠨᠢᠰᠭᠡᠯ ‍ᠤᠨ ᠬᠡᠷᠡᠭᠯᠡᠭᠡᠨ ᠤ ᠠᠮᠢ ᠨᠠᠰᠤ ᠶ᠋ᠢ ᠲᠤᠭᠲᠠᠭᠠᠬᠤ ᠂ ᠤᠷᠲᠤᠳᠬᠠᠬᠤ ᠴᠢᠬᠤᠯᠠ ᠶᠡᠬᠡ ᠮᠡᠷᠭᠡᠵᠢᠯ ‍ᠤᠨ ᠠᠰᠠᠭᠤᠳᠠᠯ ‍ᠢ ᠰᠢᠢᠳᠪᠦᠷᠢᠯᠡᠵᠦ  ᠰᠤᠳᠤᠯᠭᠠᠨ ᠤ ᠦᠷ᠎ᠡ ᠪᠦᠲᠦᠭᠡᠯ ᠨᠢ ᠬᠡᠳᠦᠨ ᠮᠢᠩᠭᠠᠨ ᠨᠢᠰᠭᠡᠯ ‍ᠤᠨ ᠬᠡᠷᠡᠭᠯᠡᠭᠡᠨ ᠤ ᠠᠮᠢ ᠨᠠᠰᠤ ᠶ᠋ᠢ ᠲᠤᠭᠲᠠᠭᠠᠬᠤ ᠂ ᠤᠷᠲᠤᠳᠬᠠᠬᠤ ᠪᠤᠯᠤᠨ ᠪᠦᠲᠦᠴᠡ ᠶ᠋ᠢᠨ ᠪᠠᠲᠤᠯᠭᠠᠲᠤ ᠵᠢᠷᠤᠭ ᠲᠦᠰᠦᠪᠯᠡᠯ ᠳ᠋ᠥ ᠠᠮᠵᠢᠯᠲᠠ ᠲᠠᠢ ᠬᠡᠷᠡᠭᠯᠡᠨ ᠂ ᠮᠠᠨ ᠤ ᠤᠯᠤᠰ ‍ᠤᠨ ᠤᠳᠤᠬᠠᠨ ᠤ ᠬᠡᠷᠡᠭᠯᠡᠵᠦ ᠪᠠᠶᠢᠭ᠎ᠠ ᠨᠢᠰᠭᠡᠯ ‍ᠤᠨ ᠬᠡᠷᠡᠭᠯᠡᠭᠡᠨ ᠤ ᠠᠮᠢ ᠨᠠᠰᠤ ᠶ᠋ᠢ ᠲᠤᠭᠲᠠᠭᠠᠬᠤ ᠪᠤᠯᠤᠨ ᠠᠮᠤᠷ ᠲᠦᠪᠰᠢᠨ ᠨᠢᠰᠬᠦ ᠶ᠋ᠢ ᠪᠠᠲᠤᠯᠠᠬᠤ ᠳ᠋ᠥ ᠬᠦᠨᠳᠦ ᠴᠢᠬᠤᠯᠠ ᠵᠢᠳᠭᠦᠯ ᠦᠵᠡᠭᠦᠯᠦᠭᠰᠡᠨ ᠪᠠᠶᠢᠨ᠎ᠠ ᠃
      ᠶᠠᠨ ᠴᠦ᠋ ᠯᠢᠶᠠᠩ ᠪᠤᠯ ᠤᠯᠤᠰ ‍ᠤᠨ ᠮᠡᠷᠭᠡᠵᠢᠯ ‍ᠤᠨ ᠢᠯᠡᠷᠡᠭᠦᠯᠦᠯᠲᠡ ᠶ᠋ᠢᠨ ᠬᠤᠶᠠᠳᠤᠭᠠᠷ ᠳᠡᠰ ‍ᠤᠨ ᠱᠠᠩᠨᠠᠯ 1 ᠂ ᠤᠯᠤᠰ ‍ᠤᠨ ᠰᠢᠨᠵᠢᠯᠡᠭᠡ ᠮᠡᠷᠭᠡᠵᠢᠯ ‍ᠤᠨ ᠳᠠᠪᠰᠢᠯᠲᠠ ᠶ᠋ᠢᠨ ᠱᠠᠩᠨᠠᠯ 2 ᠂ ᠬᠡᠯᠲᠡᠰ ‍ᠤᠨ ᠳᠡᠰ ‍ᠤᠨ ᠦᠷ᠎ᠡ ᠪᠦᠲᠦᠮᠵᠢ ᠶ᠋ᠢᠨ ᠤᠨᠴᠠᠭᠠᠢ ᠱᠠᠩᠨᠠᠯ ᠪᠤᠯᠤᠨ ᠨᠢᠭᠡᠳᠦᠭᠡᠷ ᠳᠡᠰ ‍ᠤᠨ ᠱᠠᠩᠨᠠᠯ 8 ᠵᠡᠷᠭᠡ ᠤᠯᠠᠨ ᠶᠡᠬᠡ ᠱᠠᠩ ‍ᠢ ᠲᠤᠰᠤᠭᠰᠠᠨ ᠂ ᠨᠠᠢᠮᠠᠨ ᠨᠤᠲᠤᠭ ᠡᠴᠠ ᠴᠤᠯᠭᠤᠷᠠᠭᠰᠠᠨ ᠠᠯᠳᠠᠷᠲᠤ ᠬᠦᠮᠦᠨ ᠪᠢᠯᠡ ᠃ ( ᠪ  ᠂ ᠦᠨᠳᠤᠰᠤ ᠤᠷᠴᠢᠭᠤᠯᠪᠠ )
ᠢᠷᠡᠯᠳᠡ᠄ 《 ᠡᠯᠢᠭᠡᠨ ᠬᠠᠶᠢᠷᠠᠳᠤ ᠨᠠᠢᠮᠠᠨ 》 ᠬᠡᠬᠦ ᠨᠤᠮ ᠡᠴᠡ ᠨᠠᠶᠢᠷᠠᠭᠤᠯᠤᠭᠴᠢ᠄ ᠪᠤᠤ ᠵᠢᠨ ᠯᠢᠶᠠᠨ