ᠵᠠᠮᠪᠠᠯᠳᠤᠷᠵᠢ

ᠣᠩᠰᠢᠭᠰᠠᠨ ᠤᠳᠠᠭ᠎ᠠ ᠄ 10443     ᠨᠡᠶᠢᠳᠡᠯᠡᠭᠰᠡᠨ ᠴᠠᠭ ᠄ 2016/4/25 10:05:43


        ᠵᠠᠮᠪᠠᠯᠳᠤᠷᠵᠢ ᠂ ᠮᠤᠩᠭᠤᠯ ᠡᠮ ᠡᠮᠨᠡᠯᠭᠡ ᠶ᠋ᠢᠨ ᠡᠷᠳᠡᠮᠲᠡᠨ ᠂ ᠮᠤᠩᠭᠤᠯ ᠦᠨᠳᠦᠰᠦᠲᠡᠨ ᠤ ᠰᠢᠯᠭᠠᠷᠠᠭᠰᠠᠨ ᠠᠷᠪᠠᠨ ᠰᠢᠨᠵᠢᠯᠡᠬᠦ ᠤᠬᠠᠭᠠᠨᠲᠠᠨ ᠤ ᠨᠢᠭᠡ ᠃
        1792 ᠤᠨ ᠳ᠋ᠥ ᠨᠠᠢᠮᠠᠨ ᠬᠤᠰᠢᠭᠤᠨ ᠤ ᠸᠠᠡᠭ ᠤᠨ ᠤᠷᠳᠤᠨ ᠳ᠋ᠥ  ᠲᠦᠷᠦᠵᠦ ᠂ 1855 ᠤᠨ ᠳ᠋ᠥ ᠲᠦᠪᠡᠳ ᠤᠨ ᠯᠾᠡᠰᠠ ᠳ᠋ᠥ ᠲᠠᠭᠠᠯᠠᠯ ᠪᠤᠯᠵᠠᠢ ᠃ ᠵᠢᠷᠠᠨ ᠳᠦᠷᠪᠡᠨ ᠵᠢᠯ ᠤᠨ ᠠᠵᠢᠯ ᠠᠮᠢᠳᠤᠷᠠᠯ ᠳᠤᠮᠳᠠ ᠪᠠᠨ ᠶᠡᠬᠡ ᠪᠠᠭ᠎ᠠ ᠲᠠᠪᠤᠨ ᠤᠬᠠᠭᠠᠨ ᠤ ᠬᠦᠷᠢᠶᠡᠨ ᠳ᠋ᠥ ᠠᠵᠢᠯᠯᠠᠨ ᠰᠤᠷᠤᠯᠴᠠᠵᠤ ᠂ ᠰᠤᠳᠤᠷ ᠲᠠᠷᠨᠢ ᠶ᠋ᠢᠨ ᠤᠬᠠᠭᠠᠨ ᠤ ᠡᠰᠢ ᠨᠤᠮᠯᠠᠯ ᠪᠠ ᠤᠨᠤᠯ ᠳ᠋ᠥ ᠮᠡᠷᠭᠡᠰᠢᠭᠰᠡᠨ ᠪᠠᠶᠢᠳᠠᠭ ᠃ ᠲᠡᠷᠡ ᠪᠤᠯ ᠮᠤᠡᠭᠭᠤᠯ ᠲᠦᠪᠡᠳ ᠡᠮ ᠡᠮᠨᠡᠯᠭᠡ ᠶ᠋ᠢᠨ ᠰᠤᠲᠤ ᠪᠢᠯᠢᠭᠲᠡᠨ ᠪᠠᠶᠢᠭᠰᠠᠨ ᠪᠤᠯᠬᠤᠷ ᠶᠢᠷᠲᠢᠡᠴᠤ ᠳ᠋ᠥ ᠤᠯᠠᠮᠵᠢᠯᠠᠭᠰᠠᠨ ᠠᠯᠳᠠᠷᠲᠤ ᠪᠦᠲᠦᠭᠡᠯ ᠲᠤᠭᠤᠷᠪᠢᠵᠦ ᠂ ᠮᠤᠡᠭᠭᠤᠯ ᠲᠦᠪᠠᠳ ᠠᠨᠠᠭᠠᠬᠤ ᠤᠬᠠᠭᠠᠨ ᠢ ᠰᠢᠰᠲ᠋ᠸᠮ ᠲᠠᠢ ᠂ ᠪᠦᠬᠦ ᠲᠠᠯ᠎ᠠ ᠪᠠᠷ ᠰᠢᠡᠵᠢᠯᠡᠨ ᠂ ᠮᠤᠡᠭᠭᠤᠯ ᠲᠦᠪᠡᠳ ᠡᠮ ᠤᠨ ᠮᠠᠲ᠋ᠸᠷᠢᠶᠠᠯ ᠢ ᠨᠢᠭᠡᠳᠭᠡᠨ ᠳᠦᠷᠢᠮᠵᠢᠭᠦᠯᠵᠦ ᠂ ᠡᠮ ᠤᠨ ᠲᠦᠷᠦᠯ ᠵᠦᠢᠯ ᠂ ᠡᠮ ᠤᠨ ᠴᠢᠳᠠᠯ ᠬᠦᠴᠦᠨ ᠂ ᠡᠮ ᠲᠡᠭᠦᠵᠦ ᠨᠤᠮᠤᠳᠬᠠᠬᠤ ᠵᠢᠴᠢ ᠡᠪᠡᠳᠴᠢᠨ ᠵᠠᠰᠠᠬᠤ ᠡᠮᠴᠢᠯᠡᠭᠡᠨ ᠤ ᠳᠤᠬᠠᠢ ᠲᠤᠰᠬᠠᠢ ᠦᠭᠦᠯᠡᠨ ᠂ ᠬᠦᠮᠦᠨ ᠲᠦᠷᠦᠯᠬᠢᠲᠡᠨ ᠤ ᠡᠷᠡᠭᠦᠯ ᠡᠩᠬᠡ ᠶ᠋ᠢᠨ ᠦᠢᠯᠡᠰ ᠲᠤ ᠲᠦᠢᠯ ᠤᠨ ᠡᠯᠪᠡᠭ ᠪᠠᠶᠠᠯᠢᠭ ᠦᠡᠳᠦᠰᠦᠲᠡᠨ ᠤ ᠠᠨᠠᠭᠠᠬᠤ ᠤᠬᠠᠭᠠᠨ ᠤ ᠦᠪ ᠬᠦᠷᠦᠡᠭᠭᠡ ᠶ᠋ᠢ ᠦᠪᠯᠡᠵᠦ ᠦᠭᠭᠦᠭᠰᠡᠨ ᠪᠢᠯᠨ ᠃ ᠵᠠᠮᠪᠠᠯᠳᠤᠷᠵᠢ ᠨᠡᠷ᠎ᠡ ᠠᠰᠢᠭ ᠢ ᠬᠦᠡᠭᠭᠡᠪᠴᠢᠯᠡᠨ ᠂ ᠭᠠᠭᠴᠠ ᠰᠡᠳᠬᠢᠯ ᠢᠶᠠᠷ ᠡᠷᠳᠡᠮ ᠰᠤᠳᠤᠯᠭᠠᠨ ᠳ᠋ᠥ ᠰᠢᠮᠳᠠᠵᠤ ᠂ ᠬᠦᠨ ᠤᠬᠠᠭᠠᠨ ᠂ ᠠᠨᠠᠭᠠᠬᠤ ᠤᠬᠠᠭᠠᠨ ᠂ ᠤᠳᠬ᠎ᠠ ᠵᠤᠬᠢᠶᠠᠯ ᠵᠡᠷᠭᠡ ᠤᠯᠠᠨ ᠬᠦᠷᠢᠶ᠎ᠡ ᠴᠠᠷ᠎ᠠ ᠶ᠋ᠢᠨ ᠮᠡᠳᠡᠯᠭᠡ ᠠᠪᠢᠶᠠᠰ ᠢ ᠨᠢᠭᠡ ᠯᠡ ᠪᠡᠶ᠎ᠡ ᠳ᠋ᠥ ᠪᠠᠨ ᠨᠢᠭᠡᠳᠭᠡᠵᠦ ᠂ ᠰᠢᠯᠦᠭᠯᠢᠭ ᠬᠡᠯᠡᠯᠭᠡ ᠪᠠ ᠰᠢᠯᠦᠭ ᠤᠨ ᠭᠡᠮᠨᠡᠯ ᠢᠶᠠᠷ ᠵᠤᠬᠢᠶᠠᠯ ᠲᠤᠭᠤᠷᠪᠢᠨ ᠂ 《 ᠠᠭᠤᠯᠠᠨ ᠤ ᠨᠤᠮ 》 ᠬᠡᠮᠡᠬᠦ ᠠᠯᠳᠠᠷᠲᠤ ᠰᠢᠯᠦᠭᠯᠡᠯ ᠢ ᠴᠤ ᠵᠤᠬᠢᠶᠠᠨ ᠪᠦᠲᠦᠭᠡᠭᠰᠡᠨ ᠪᠠᠶᠢᠳᠠᠭ ᠃ ᠲᠡᠷᠡ ᠤᠷᠠᠨ ᠵᠢᠷᠤᠭ ᠲᠤ ᠴᠦ ᠲᠤᠩ ᠠᠪᠢᠶᠠᠰᠯᠢᠭ ᠪᠠᠶᠢᠵᠤ ᠂ ᠵᠢᠷᠤᠵᠤ ᠪᠦᠲᠦᠭᠡᠭᠰᠡᠨ 《 ᠵᠡᠷᠯᠢᠭ ᠬᠦᠮᠦᠨ 》 ᠬᠡᠮᠡᠬᠦᠢ ᠪᠦᠲᠦᠭᠡᠯ ᠨᠢ ᠳᠡᠯᠡᠬᠡᠢ ᠶ᠋ᠢᠨ ᠡᠯ᠎ᠡ ᠤᠯᠤᠰ ‍ᠤᠨ ᠠᠵᠢᠯ ᠨᠢᠭᠡᠲᠡᠨ ᠤ ᠬᠢᠴᠢᠶᠡᠯ ᠪᠤᠯᠪᠠᠰᠤᠷᠠᠯ ‍ᠤᠨ ᠦᠯᠢᠭᠡᠷ ᠳᠠᠭᠤᠷᠢᠶᠠᠯ ᠪᠤᠯᠭᠠᠳᠠᠭ ᠰᠠᠶᠢᠨ ᠮᠠᠲ᠋ᠧᠷᠢᠶᠠᠯ ᠪᠤᠯᠤᠭᠰᠠᠨ ᠪᠠᠶᠢᠨ᠎ᠠ ᠃
         ᠵᠠᠮᠪᠠᠯᠳᠤᠷᠵᠢ ᠪᠤᠯ ᠨᠡᠢᠮᠠᠨ ᠬᠤᠰᠢᠭᠤᠨ ᠤ ᠶᠢᠰᠦᠳᠦᠭᠡᠷ ᠵᠠᠰᠠᠭ ᠲᠦᠷᠦ ᠶ᠋ᠢᠨ ᠲᠠᠷᠬᠠᠨ ᠵᠢᠶᠦᠢᠨ ᠸᠠᠡᠭ ᠪᠠᠯᠴᠤᠭ ᠤᠨ ᠬᠤᠶᠠᠳᠤᠭᠠᠷ ᠬᠦᠪᠡᠭᠦᠨ ᠪᠤᠯᠤᠨ᠎ᠠ ᠃ ᠲᠡᠭᠦᠨ ᠤ ᠠᠬ᠎ᠠ ᠠᠭᠸᠠᠡᠭᠳᠤᠸᠠᠳᠢᠵᠠᠪ ᠪᠤᠯ ᠨᠠᠢᠮᠠᠨ ᠬᠤᠰᠢᠭᠤᠨ ᠤ ᠠᠷᠪᠠᠳᠤᠭᠠᠷ ᠸᠠᠡᠭ ᠪᠤᠯᠬᠤ ᠶᠤᠮ ᠃ ᠵᠠᠮᠪᠠᠯᠳᠤᠷᠵᠢ ᠭᠡᠭᠴᠢ ᠨᠢ ᠲᠡᠭᠦᠨ ᠤ ᠰᠠᠬᠢᠯ ᠠᠪᠬᠤ ᠡᠴᠠ ᠡᠮᠦᠨᠡᠬᠢ ᠪᠠᠭ᠎ᠠ ᠶ᠋ᠢᠨ ᠨᠡᠷ᠎ᠡ ᠪᠤᠶᠤ ᠃ ᠰᠠᠬᠢᠯ ᠠᠪᠤᠭᠰᠠᠨ ᠬᠤᠶᠢᠨ᠎ᠠ ᠪᠠᠭᠰᠢ ᠨᠢ ᠲᠡᠭᠦᠨ ᠳ᠋ᠥ ᠶᠸᠰᠢᠳᠤᠡᠭᠷᠤᠪᠳᠠᠮᠪᠢᠵᠠᠯᠰᠠᠨ ᠭᠡᠳᠡᠭ  ᠨᠤᠮ ᠤᠨ ᠨᠡᠷ᠎ᠡ ᠬᠠᠶᠢᠷᠠᠯᠠᠵᠠᠢ ᠃ ᠨᠠᠢᠮᠠᠨ ᠬᠤᠰᠢᠭᠤ ᠨᠤᠲᠤᠭ ᠲᠠᠢ ᠂ ᠢᠵᠠᠭᠤᠷᠲᠠᠨ ᠭᠠᠷᠤᠯᠲᠠᠢ ᠯᠠᠮᠨ ᠪᠤᠯᠬᠤᠷ ᠬᠦᠮᠦᠰ ᠲᠡᠭᠦᠨ ᠢ 《 ᠨᠠᠢᠮᠠᠨ ᠲᠤᠶᠢᠨ 》 ᠬᠡᠮᠡᠨ ᠨᠡᠷᠡᠯᠡᠵᠦ ᠵᠠᠡᠭᠰᠢᠵᠠᠢ ᠃ ᠵᠠᠮᠪᠠᠯᠳᠤᠷᠵᠢ ᠶ᠋ᠢᠨ ᠪᠦᠷᠢᠨ ᠵᠤᠬᠢᠶᠠᠯ ‍ᠢ ᠠᠮᠢᠳᠤ ᠰᠡᠷᠡᠭᠦᠨ ᠪᠠᠶᠢᠬᠤ ᠦᠶ᠎ᠡ ᠳ᠋ᠥ ᠨᠢ ᠯᠾᠡᠰᠠ ᠳ᠋ᠥ ᠬᠡᠪᠯᠡᠵᠦ ᠦᠡᠭᠭᠡᠷᠡᠪᠡ ᠃ ᠴᠦᠬᠡᠨ ᠪᠤᠰᠤ ᠵᠤᠬᠢᠶᠠᠯ ᠨᠢ ᠤᠯᠠᠨ ᠵᠦᠢᠯ ᠤᠨ ᠭᠠᠷ ᠪᠢᠴᠢᠮᠡᠯ ᠤᠨ ᠬᠡᠯᠪᠡᠷᠢ ᠪᠠᠷ ᠤᠯᠤᠰ ᠤᠨ ᠳᠤᠲᠤᠭᠠᠳᠤ ᠭᠠᠳᠠᠭᠠᠲᠤ ᠶ᠋ᠢᠨ ᠲᠤᠮᠤ ᠲᠤᠮᠤ ᠰᠦᠮ᠎ᠡ ᠭᠡᠶᠢᠳ ᠲᠤ ᠪᠤᠶᠤ ᠨᠡᠷᠡᠲᠤ ᠡᠮᠴᠢ ᠨᠠᠷ ᠤᠨ ᠭᠠᠷ ᠲᠤ ᠬᠠᠳᠠᠭᠠᠯᠠᠭᠳᠠᠵᠤ ᠪᠠᠶᠢᠪᠠ ᠃
     《  ᠡᠪᠡᠰᠦᠨ ᠡᠮ ᠢ ᠲᠠᠨᠢᠬᠤ ᠦᠵᠡᠰᠭᠦᠯᠡᠡᠭ ᠭᠠᠶᠢᠬᠠᠮᠰᠢᠭᠲᠤ ᠨᠢᠳᠤᠨ ᠤ ᠴᠢᠮᠡᠭ 》  (《 ᠦᠵᠡᠰᠭᠦᠯᠡᠡᠭᠲᠤ ᠨᠢᠳᠤᠨ ᠴᠢᠮᠡᠭ 》 ) ᠪᠤᠯ ᠮᠤᠡᠭᠭᠤᠯ ᠲᠦᠪᠡᠳ ᠠᠨᠠᠭᠠᠬᠤ ᠤᠬᠠᠭᠠᠨ ᠤ ᠲᠤᠬᠠᠢ ᠵᠠᠮᠪᠠᠯᠳᠤᠷᠵᠢ ᠶ᠋ᠢᠨ ᠭᠤᠤᠯ ᠪᠤᠯᠬᠤ ᠪᠦᠲᠦᠭᠡᠯ ᠪᠤᠯᠤᠨ᠎ᠠ ᠃ ᠲᠡᠬᠦᠨ ᠤ ᠮᠤᠡᠭᠭᠤᠯᠴᠢᠯᠠᠭᠰᠠᠨ ᠳᠡᠪᠲᠡᠷ ᠢ ᠬᠤᠷᠢᠳᠤᠭᠠᠷ ᠵᠠᠭᠤᠨ ᠤ ᠵᠢᠷᠠᠭᠠᠳ ᠤᠨ ᠡᠴᠠ ᠡᠬᠢᠯᠡᠨ ᠤᠳᠤ ᠪᠤᠯᠲᠠᠯ᠎ᠠ ᠮᠠᠨ ᠤ ᠦᠪᠦᠷ ᠮᠤᠡᠭᠭᠤᠯ ᠳ᠋ᠥ ᠬᠡᠳᠦ ᠤᠳᠠᠭ᠎ᠠ ᠬᠡᠪᠯᠡᠪᠡ ᠃ ᠲᠦᠪᠡᠳ ᠂ ᠬᠦᠬᠡᠨᠠᠭᠤᠷ ᠂ ᠭᠠᠡᠰᠤ ᠂ ᠰᠢᠡᠵᠢᠶᠠᠡᠭ ᠂ ᠯᠢᠶᠤᠤᠨᠢᠡᠭ ᠵᠡᠷᠭᠡ ᠭᠠᠵᠠᠷ ᠲᠤ ᠴᠤ ᠂ ᠮᠤᠩᠭᠤᠯ ᠲᠦᠪᠡᠳ ᠬᠤᠶᠠᠷ ᠬᠡᠯᠨ ᠪᠠᠷ ᠤᠳᠤ ᠪᠤᠯᠲᠠᠯ᠎ᠠ ᠦᠷᠭᠡᠨ ᠢᠶᠠᠷ ᠤᠯᠠᠮᠵᠢᠯᠠᠭᠳᠠᠨ ᠳᠡᠯᠭᠡᠷᠡᠭᠰᠡᠭᠡᠷ ᠢᠷᠡᠪᠡ ᠃ ᠮᠤᠡᠭᠭᠤᠯ ᠤᠯᠤᠰ ᠂ ᠤᠷᠤᠰ ᠂ ᠭᠸᠷᠮᠠᠨ ᠂ ᠡᠨᠡᠳᠬᠡᠭ ᠵᠡᠷᠭᠡ ᠤᠯᠤᠰ ᠲᠤ ᠴᠤ ᠤᠯᠠᠨ ᠵᠦᠢᠯ ᠤᠨ ᠬᠡᠯᠨ ᠪᠠᠷ ᠤᠷᠴᠢᠭᠤᠯᠤᠭᠳᠠᠨ ᠬᠡᠪᠯᠡᠭᠳᠡᠵᠦ ᠂ ᠡᠷᠳᠡᠮ ᠰᠢᠡᠵᠢᠯᠡᠭᠡ ᠂ ᠠᠨᠠᠭᠠᠬᠤ ᠤᠬᠠᠭᠠᠨ ᠤ ᠬᠦᠷᠢᠶᠡᠨ ᠳ᠋ᠥ ᠬᠦᠡᠳᠦᠳᠭᠡᠭᠳᠡᠨ ᠰᠤᠳᠤᠯᠤᠭᠳᠠᠵᠤ ᠪᠤᠢ ᠃ ᠤᠤᠯ ᠡᠬᠡ ᠨᠢ ᠲᠦᠪᠡᠳ ᠬᠡᠯᠨ ᠪᠠᠷ ᠪᠢᠴᠢᠭᠳᠡᠵᠦ ᠨᠡᠶᠢᠲᠡ174 ᠨᠢᠭᠤᠷ ᠲᠠᠢ ᠪᠠᠶᠢᠪᠠ ᠃ ᠪᠦᠬᠦ ᠨᠤᠮ ᠳ᠋ᠥ ᠤᠷᠤᠰᠢᠯ ᠦᠭᠦᠯᠡᠯ ᠂ ᠭᠠᠷᠭᠠᠯᠭ᠎ᠠ ᠰᠢᠯᠦᠭ ᠪᠠᠶᠢᠬᠤ ᠡᠴᠠ ᠭᠠᠳᠠᠨ᠎ᠠ ᠭᠤᠤᠯ ᠵᠤᠬᠢᠶᠠᠯ ᠨᠢ ᠳᠦᠷᠪᠡᠨ ᠶᠡᠬᠡ ᠪᠦᠯᠦᠭ ᠲᠠᠢ ᠃ 2009 ᠤᠨ ᠤ ᠳᠦᠷᠪᠡᠨ ᠰᠠᠷ᠎ᠠ ᠳ᠋ᠥ 《 ᠮᠤᠡᠭᠭᠤᠯ ᠦᠡᠳᠦᠰᠦᠲᠡᠨ ᠤ ᠠᠷᠪᠠᠨ ᠰᠢᠯᠢᠳᠡᠭ ᠰᠢᠡᠵᠢᠯᠡᠬᠦ ᠤᠬᠠᠭᠠᠡᠲᠠᠨ ᠢ ᠰᠢᠯᠭᠠᠷᠠᠭᠤᠯᠤᠨ ᠭᠠᠷᠭᠠᠬᠤ ᠵᠦᠪᠯᠠᠯ 》 ᠡᠴᠠ ᠨᠡᠶᠢᠭᠡᠮ ᠤᠨ ᠤᠯᠠᠨ ᠡᠲᠡᠭᠡᠳ ᠤᠨ ᠬᠦᠴᠦᠨ ᠲᠠᠢ ᠬᠤᠯᠪᠤᠭᠠᠯᠠᠨ ᠂ ᠬᠠᠭᠠᠰ ᠢᠯᠡᠭᠦᠦ ᠵᠢᠯ ᠤᠨ ᠪᠦᠬᠦ ᠤᠯᠤᠰ ᠤᠨ ᠴᠢᠨᠠᠷ ᠲᠠᠢ ᠰᠢᠯᠢᠨ ᠰᠢᠯᠭᠠᠷᠠᠭᠤᠯᠤᠯᠲᠠ ᠶ᠋ᠢ ᠳᠠᠮᠵᠢᠨ ᠵᠠᠮᠪᠠᠯᠳᠤᠷᠵᠢ ᠳ᠋ᠥ 《 ᠰᠢᠡᠵᠢᠯᠡᠭᠡ ᠮᠡᠷᠭᠡᠵᠢᠯ ᠤᠨ ᠦᠢᠯᠡᠰ ᠲᠤ ᠳᠤᠪᠤᠶᠢᠮ᠎ᠠ ᠵᠢᠳᠭᠦᠯ ᠦᠵᠡᠭᠦᠯᠦᠭᠰᠡᠨ ᠮᠤᠡᠭᠭᠤᠯ ᠦᠡᠳᠦᠰᠦᠲᠡᠨ ᠤ ᠭᠠᠷᠮᠠᠭᠠᠢ ᠰᠢᠡᠵᠢᠯᠡᠬᠦ ᠤᠬᠠᠭᠠᠡᠲᠠᠨ 》 ᠬᠡᠮᠡᠬᠦ ᠢᠷᠠᠭᠤ ᠠᠯᠳᠠᠷ ᠢ ᠤᠯᠭᠤᠵᠤ ᠂ ᠬᠦᠷᠦᠭ ᠳᠦᠷᠢ ᠶ᠋ᠢ ᠨᠢ ᠱᠤᠭᠤᠵᠤ ᠨᠡᠶᠢᠲᠡᠯᠡᠬᠦ ᠦᠪᠡᠳᠡᠭᠰᠢ ᠶᠡᠬᠡ ᠶᠤᠰᠤᠯᠠᠯ ᠶᠠᠪᠤᠭᠳᠠᠭᠤᠯᠪᠠ ᠃ ᠮᠦᠨ ᠵᠢᠯ ‍ᠤᠨ ᠰᠡᠭᠦᠯᠴᠢ ᠪᠠᠷ ᠨᠠᠢᠮᠠᠨ ᠬᠤᠰᠢᠭᠤᠨ ᠳ᠋ᠥ ᠪᠦᠬᠦ ᠤᠯᠤᠰ ᠤᠨ ᠡᠯ᠎ᠠ ᠭᠠᠵᠠᠷ ᠡᠴᠠ ᠬᠦᠷᠦᠯᠴᠡᠨ ᠢᠷᠡᠭᠰᠡᠨ ᠵᠠᠭᠤ ᠲᠠᠪᠢ ᠭᠠᠷᠤᠢ ᠮᠤᠩᠭᠤᠯᠴᠢ ᠡᠷᠳᠡᠮᠲᠠᠳ ᠮᠡᠷᠭᠡᠳ ᠤᠷᠤᠯᠴᠠᠭᠰᠠᠨ 《 ᠵᠠᠮᠪᠠᠯᠳᠤᠷᠵᠢ ᠬᠢᠬᠡᠳ ᠨᠠᠢᠮᠠᠨ ᠤ ᠲᠡᠤᠬᠡ ᠰᠤᠶᠤᠯ ᠢ ᠰᠤᠳᠤᠯᠤᠨ ᠶᠠᠷᠢᠯᠴᠠᠬᠤ ᠬᠤᠷᠠᠯ 》ᠠᠮᠵᠢᠯᠳᠠ  ᠲᠠᠢ ᠬᠤᠷᠠᠯᠳᠤᠭᠤᠯᠤᠭᠰᠠᠨ ᠪᠠᠶᠢᠨ᠎ᠠ ᠃
ᠢᠷᠡᠯᠳᠡ᠄ ᠨᠠᠶᠢᠷᠠᠭᠤᠯᠤᠭᠴᠢ᠄ ᠰᠠᠷᠡᠨ᠎ᠠ