ᠬᠤᠪᠢᠰᠬᠠᠯᠳᠤ ᠬᠦᠮᠦᠨ—— ᠯᠦᠸᠧ ᠶᠦᠨ ᠪᠢᠶᠤᠣ

ᠣᠩᠰᠢᠭᠰᠠᠨ ᠤᠳᠠᠭ᠎ᠠ ᠄ 9883     ᠨᠡᠶᠢᠳᠡᠯᠡᠭᠰᠡᠨ ᠴᠠᠭ ᠄ 2016/4/25 8:12:07


     ᠯᠦᠸᠧ ᠶᠦᠨ ᠪᠢᠶᠤᠣ ᠂ ᠵᠢᠶᠠᠩᠰᠤ ᠶ᠋ᠢᠨ ᠬᠦᠮᠦᠨ ᠂ 1946 ᠤᠨ ᠳ᠋ᠥ ᠳᠤᠮᠳᠠᠳᠤ ᠤᠯᠤᠰ ‍ᠤᠨ ᠡᠪ ᠬᠠᠮᠲᠤ ᠨᠠᠮ ‍ᠤᠨ ᠯᠢᠶᠤᠣ ᠰᠢ ᠮᠤᠵᠢ ᠶ᠋ᠢᠨ ᠲᠠᠪᠤᠳᠤᠭᠠᠷ ᠨᠤᠲᠤᠭ ‍ᠤᠨ ᠬᠤᠷᠢᠶ᠎ᠠ ᠡᠴᠠ ᠯᠦᠸᠧ ᠶᠦᠨ ᠪᠢᠶᠤᠣ ᠂ ᠯᠢᠶᠠᠩ ᠳ᠋ᠦᠩ ᠮᠢᠩ ᠂ ᠸᠠᠩ ᠺᠧ ᠵᠡᠷᠭᠡ ᠬᠤᠪᠢᠰᠬᠠᠯᠲᠤ ᠲᠡᠮᠡᠴᠡᠯ ‍ᠤᠨ ᠡᠯᠪᠡᠭ ᠲᠤᠷᠰᠢᠯᠭ᠎ᠠ ᠲᠠᠢ ᠨᠠᠮ ‍ᠤᠨ ᠭᠡᠰᠢᠭᠦᠨ ᠂ ᠺᠠᠳ᠋ᠷ ‍ᠢ ᠾᠧᠢ ᠱᠠᠨ ᠰᠢᠶᠠᠨ ᠡᠴᠠ ᠨᠠᠢᠮᠠᠨ ᠬᠤᠰᠢᠭᠤᠨ ᠳ᠋ᠥ ᠲᠤᠮᠢᠯᠠᠨ ᠂ ᠵᠤᠣ ᠿᠧᠨ ᠶᠤᠸᠠᠨ ᠵᠡᠷᠭᠡ ᠨᠦᠬᠦᠳ ‍ᠢ ᠬᠠᠪᠰᠤᠷᠤᠨ ᠬᠤᠪᠢᠰᠬᠠᠯᠲᠤ ᠠᠵᠢᠯᠯᠠᠭ᠎ᠠ ᠬᠢᠯᠭᠡᠪᠡ ᠃
     1946 ᠤᠨ ᠤ 1 ᠰᠠᠷ᠎ᠠ ᠳ᠋ᠥ ᠂ ᠳᠠᠴᠢᠨᠲᠠᠯ᠎ᠠ ᠳ᠋ᠥ ᠠᠷᠠᠳ ᠲᠦᠮᠡᠨ ᠡᠵᠡᠨ ᠮᠡᠳᠡᠵᠦ ᠵᠠᠰᠠᠭ ᠪᠠᠷᠢᠬᠤ ᠬᠠᠮᠤᠭ ᠠᠩᠬᠠᠨ ᠤ ᠰᠢᠨ᠎ᠡ ᠪᠠᠷ ᠮᠡᠨᠳᠦᠯᠡᠭᠰᠡᠨ ᠵᠠᠰᠠᠭ ‍ᠤᠨ ᠡᠷᠬᠡᠲᠦ ᠪᠠᠶᠢᠭᠤᠯᠤᠯᠭ᠎ᠠ ᠎᠎—— ᠨᠠᠢᠮᠠᠨ ᠬᠤᠰᠢᠭᠤᠨ ᠤ ᠵᠠᠰᠠᠭ ‍ᠤᠨ ᠤᠷᠳᠤᠨ ‍ᠢ ᠪᠠᠶᠢᠭᠤᠯᠪᠠ ᠃ ᠢᠯᠠᠯᠲᠠ ᠶ᠋ᠢᠨ ᠦᠷ᠎ᠡ ᠪᠦᠲᠦᠭᠡᠯ ‍ᠢᠶ᠋ᠡᠨ ᠪᠠᠲᠤᠳᠬᠠᠨ ᠂ ᠰᠢᠨ᠎ᠡ ᠪᠠᠷ ᠮᠡᠨᠳᠦᠯᠡᠭᠰᠡᠨ ᠵᠠᠰᠠᠭ ‍ᠤᠨ ᠡᠷᠬᠡ ᠪᠠᠨ ᠬᠠᠮᠠᠭᠠᠯᠠᠬᠤ ᠶ᠋ᠢᠨ ᠲᠦᠯᠦᠭᠡ ᠂ ᠠᠷᠠᠳ ‍ᠤᠨ ᠵᠡᠪᠰᠡᠭᠲᠦ ᠬᠦᠴᠦᠨ —— ᠬᠤᠰᠢᠭᠤᠨ ᠤ ᠶᠡᠬᠡ ᠠᠩᠬᠢ ᠶ᠋ᠢ ᠪᠠᠶᠢᠭᠤᠯᠵᠤ ᠂ ᠯᠦᠸᠧ ᠶᠦᠨ ᠪᠢᠶᠤᠣ  ᠶᠡᠬᠡ ᠠᠩᠬᠢ ᠶ᠋ᠢᠨ ᠳᠡᠳ᠋ ᠳᠠᠷᠤᠭ᠎ᠠ ᠪᠤᠯᠪᠠ ᠃ 2 ᠳ᠋ᠤᠭᠠᠷ ᠰᠠᠷ᠎ᠠ ᠳ᠋ᠥ ᠂ ᠪᠦᠬᠦ ᠬᠤᠰᠢᠭᠤᠨ ᠤ ᠭᠠᠵᠠᠷ ᠰᠢᠷᠤᠢ ᠶ᠋ᠢᠨ ᠲᠡᠮᠡᠴᠡᠯ ‍ᠤᠨ ᠠᠰᠢᠭ ᠦᠭᠡᠢ ᠪᠠᠶᠢᠳᠠᠯ ‍ᠢ ᠬᠤᠪᠢᠷᠠᠭᠤᠯᠤᠨ ᠂ ᠳᠠᠴᠢᠨᠲᠠᠯ᠎ᠠ ᠡᠴᠠ ᠺᠠᠶᠢᠯᠦ ᠂ ᠲᠦᠩᠯᠢᠶᠤᠣ ᠬᠦᠷᠬᠦ ᠵᠠᠮ ᠬᠠᠷᠢᠯᠴᠠᠭᠠᠨ ᠤ ᠴᠢᠬᠤᠯᠠ ᠪᠤᠭᠤᠮᠲᠠ ᠪᠤᠯᠬᠤ ᠪᠠᠶᠢᠰᠢᠩᠲᠤ ᠶ᠋ᠢ ᠡᠷᠬᠡᠰᠢᠶᠡᠬᠦ ᠶ᠋ᠢᠨ ᠲᠦᠯᠦᠭᠡ ᠂ ᠯᠦᠸᠧ ᠶᠦᠨ ᠪᠢᠶᠤᠣ ᠦᠪᠡᠷ ‍ᠤᠨ ᠪᠡᠶ᠎ᠡ ᠪᠠᠷ ‍ᠢᠶ᠋ᠡᠨ ᠴᠡᠷᠢᠭ ᠳᠠᠭᠠᠭᠤᠯᠤᠨ ᠪᠠᠶᠢᠰᠢᠩᠲᠦ ᠳ᠋ᠥ ᠬᠦᠷᠴᠦ ᠡᠩᠨᠡᠭᠡ ᠪᠠᠨ ᠦᠷᠭᠡᠳᠭᠡᠨ ᠂ ᠨᠠᠭᠠᠰᠢ ᠴᠠᠭᠠᠰᠢ ᠶᠠᠪᠤᠵᠤ ᠪᠠᠶᠢᠭ᠎ᠠ ᠠᠵᠢᠯᠯᠠᠬᠤ ᠠᠩᠬᠢ ᠶ᠋ᠢᠨ  ᠺᠠᠳ᠋ᠷᠢ ᠬᠠᠮᠠᠭᠠᠯᠠᠨ ᠬᠦᠷᠭᠡᠵᠦ ᠂ ᠪᠠᠶᠢᠰᠢᠩᠲᠦ ᠶ᠋ᠢᠨ ᠠᠵᠢᠯ ‍ᠢ ᠢᠯᠡᠳᠲᠡ ᠰᠠᠶᠢᠵᠢᠷᠠᠭᠤᠯᠤᠭᠰᠠᠨ ᠪᠠᠶᠢᠨ᠎ᠠ ᠃ 8 ᠰᠠᠷ᠎ᠠ ᠶ᠋ᠢᠨ 29 ᠤ ᠦᠷᠯᠦᠭᠡ ᠂ ᠪᠠᠶᠢᠰᠢᠩᠲᠤ ᠶ᠋ᠢᠨ ᠠᠷᠤ ᠲᠠᠯ᠎ᠠ ᠪᠤᠯᠤᠨ ᠵᠡᠭᠦᠨ ᠡᠮᠦᠨ᠎ᠡ ᠵᠦᠭ  ᠲᠤ ᠳᠠᠶᠢᠰᠤᠨ ᠢᠯᠡᠷᠡᠪᠡ ᠃ 27 ᠤ ᠡᠳᠤᠷ ‍ᠤᠨ ᠬᠠᠷ᠎ᠠ ᠦᠷᠯᠦᠭᠡ ᠳᠠᠶᠢᠰᠤᠨ ᠳᠦᠷᠪᠡᠨ ᠵᠦᠭ ᠨᠠᠢᠮᠠᠨ ᠵᠤᠪᠬᠢᠰ ᠡᠴᠠ ᠪᠠᠶᠢᠰᠢᠩᠲᠤ ᠶ᠋ᠢ ᠪᠦᠰᠡᠯᠡᠨ ᠳᠠᠭᠠᠷᠢᠯᠲᠠ ᠶᠠᠪᠤᠭᠤᠯᠤᠯ᠎ᠠ ᠃ ᠯᠦᠸᠧ ᠶᠦᠨ ᠪᠢᠶᠤᠣ ᠨᠦᠬᠦᠷ ᠪᠤᠯ ᠲᠤᠰ ᠤᠳᠠᠭᠠᠨ ᠤ ᠪᠠᠶᠢᠯᠳᠤᠭᠠᠨ ᠤ ᠶᠡᠷᠦᠩᠬᠡᠢ ᠵᠢᠯᠤᠭᠤᠳᠤᠭᠴᠢ ᠪᠤᠯᠬᠤᠷ ᠲᠡᠷᠡ ᠴᠡᠷᠢᠭ ‍ᠤᠨ ᠬᠦᠴᠦ ᠪᠠᠨ ᠳᠠᠷᠤᠢ ᠲᠦᠷᠭᠡᠨ ᠶᠡᠬᠡ ᠠᠩᠬᠢ ᠶ᠋ᠢᠨ ᠵᠠᠬᠢᠷᠭᠠᠨ ᠤ ᠬᠦᠷᠢᠶᠡᠨ ᠳ᠋ᠥ ᠲᠦᠪᠯᠡᠷᠡᠭᠦᠯᠦᠨ ᠂ ᠳᠠᠶᠢᠰᠤᠨ ᠲᠠᠢ ᠰᠢᠢᠳᠪᠦᠷᠢᠲᠦ ᠪᠠᠶᠢᠯᠳᠤᠭᠠᠨ ᠬᠢᠬᠦ ᠪᠠᠷ ᠪᠡᠯᠡᠳᠭᠡᠪᠡ ᠃ ᠳᠠᠶᠢᠰᠤᠨ ᠤ ᠳᠠᠭᠠᠷᠢᠯᠲᠠ ᠲᠦᠢᠯ ‍ᠤᠨ ᠬᠤᠷᠴᠠ ᠰᠢᠷᠦᠭᠦᠨ ᠪᠠᠶᠢᠵᠤ ᠂ ᠫᠤᠣᠯᠦᠦ ᠶ᠋ᠢᠨ ᠤᠷᠤᠢ ᠪᠠᠷ ᠂ ᠬᠠᠵᠠᠭᠤ ᠪᠠᠷ ᠭᠠᠷᠨᠠᠳᠠ ᠳᠡᠯᠪᠡᠷᠡᠨ ᠪᠡᠬᠢᠯᠡᠯᠲᠡ ᠶ᠋ᠢ ᠰᠦᠷᠳᠡᠭᠦᠯᠵᠦ ᠪᠠᠶᠢᠪᠠ ᠃ ᠯᠦᠸᠧ ᠶᠦᠨ ᠪᠢᠶᠤᠣ ᠴᠦᠩ ᠹᠧᠩ ᠴᠢᠶᠠᠩ ‍ᠢᠶ᠋ᠡᠨ ᠠᠪᠴᠤ ᠴᠡᠷᠢᠭ ‍ᠢᠶ᠋ᠡᠨ ᠳᠠᠶᠢᠴᠢᠯᠠᠨ ᠳᠠᠭᠠᠷᠢᠨ ᠢᠷᠡᠭᠰᠡᠨ ᠳᠠᠶᠢᠰᠤᠨ ᠤ ᠦᠭᠡᠳᠡ ᠰᠢᠷᠦᠭᠦᠨ ‍ᠢᠶ᠋ᠡᠷ  ᠬᠡᠳᠦ ᠤᠳᠠᠭᠠᠨ ᠤ ᠳᠠᠭᠠᠷᠢᠯᠲᠠ ᠶ᠋ᠢ ᠴᠤᠬᠢᠨ ᠤᠬᠤᠷᠢᠭᠤᠯᠤᠭᠰᠠᠨ ᠳ᠋ᠥ ᠂ ᠫᠤᠣᠯᠦᠦ ᠶ᠋ᠢᠨ ᠳᠤᠣᠷ᠎ᠠ ᠳᠠᠶᠢᠰᠦᠨ ᠦᠬᠦᠳᠡᠯ ᠤᠪᠤᠭᠠᠷᠠᠵᠤ ᠪᠠᠶᠢᠯ᠎ᠠ ᠃ ᠪᠠᠶᠢᠯᠳᠤᠭᠠᠨ ᠶᠠᠭ ᠬᠤᠷᠴᠠ ᠰᠢᠷᠦᠭᠦᠨ ᠪᠠᠶᠢᠬᠤ ᠦᠶ᠎ᠡ ᠳ᠋ᠥ ᠂ ᠲᠡᠭᠦᠨ ᠤ ᠬᠠᠮᠠᠭᠠᠯᠠᠭᠴᠢ ᠢᠦᠢ ᠭᠤᠸᠠᠨ ᠰᠢᠩ ᠭᠦᠶᠦᠨ ᠢᠷᠡᠵᠦ ᠳᠠᠶᠢᠰᠤᠨ ᠤ ᠪᠠᠶᠢᠳᠠᠯ ‍ᠢ ᠮᠡᠳᠡᠭᠦᠯᠦᠭᠰᠡᠨ ᠳ᠋ᠥ ᠂ ᠯᠦᠸᠧ ᠶᠦᠨ ᠪᠢᠶᠤᠣ ᠨᠦᠬᠦᠷ ᠪᠡᠶ᠎ᠡ ᠡᠷᠭᠢᠨ ᠰᠤᠨᠤᠰᠬᠤ ᠶ᠋ᠢᠨ ᠲᠡᠷᠡ ᠬᠦ ᠭᠱᠠᠨ᠎ᠠ ᠰᠤᠮᠤᠨ ᠳ᠋ᠥ ᠤᠨᠤᠭᠳᠠᠨ ᠂ ᠪᠠᠭᠠᠲᠤᠷᠯᠢᠭ ‍ᠢᠶ᠋ᠡᠷ ᠪᠡᠶ᠎ᠡ ᠦᠷᠡᠭᠳᠡᠪᠡ ᠃
     ᠪᠠᠶᠢᠰᠢᠩᠲᠦ ᠶ᠋ᠢ ᠰᠠᠬᠢᠨ ᠬᠠᠮᠠᠭᠠᠯᠠᠬᠤ ᠶ᠋ᠢᠨ ᠲᠦᠯᠦᠭᠡ ᠯᠦᠸᠧ ᠶᠦᠨ ᠪᠢᠶᠤᠣ ᠨᠦᠬᠦᠷ ᠬᠡᠳᠦᠶᠢᠪᠡᠷ ᠠᠯᠲᠠᠨ ᠠᠮᠢ ᠪᠠᠨ ᠦᠷᠡᠭᠳᠡᠭᠦᠯᠦᠭᠰᠡᠨ ᠪᠤᠯᠪᠠᠴᠤ ᠂ ᠲᠡᠭᠦᠨ ᠤ ᠳᠠᠶᠢᠴᠢᠨ ᠵᠤᠷᠢᠭ ᠪᠠᠭᠠᠲᠤᠷᠯᠢᠭ ᠦᠢᠯᠡ ᠠᠵᠢᠯᠯᠠᠭ᠎ᠠ ᠨᠢ ᠨᠠᠢᠮᠠᠨᠴᠤᠳ ‍ᠤᠨ ᠰᠡᠳᠭᠢᠯ ᠵᠢᠷᠦᠬᠡᠨ ᠳ᠋ᠥ ᠦᠨᠢᠳᠡ ᠬᠠᠳᠠᠩᠰᠢᠨ ᠵᠤᠷᠢᠭᠵᠢᠭᠤᠯᠤᠭᠰᠠᠭᠠᠷ ᠪᠠᠶᠢᠨ᠎ᠠ ᠃( ᠪ  ᠂ ᠦᠨᠳᠤᠰᠤ ᠤᠷᠴᠢᠭᠤᠯᠪᠠ )
ᠢᠷᠡᠯᠳᠡ᠄ 《 ᠡᠯᠢᠭᠡᠨ ᠬᠠᠶᠢᠷᠠᠳᠤ ᠨᠠᠢᠮᠠᠨ》 ᠬᠡᠬᠦ ᠨᠤᠮ ᠡᠴᠡ ᠨᠠᠶᠢᠷᠠᠭᠤᠯᠤᠭᠴᠢ᠄ ᠪᠤᠤ ᠵᠢᠨ ᠯᠢᠶᠠᠨ