ᠬᠤᠪᠢᠰᠬᠠᠯᠳᠤ ᠬᠦᠮᠦᠨ—— ᠯᠢᠶᠠᠩ ᠳ᠋ᠦᠩ ᠮᠢᠩ

ᠣᠩᠰᠢᠭᠰᠠᠨ ᠤᠳᠠᠭ᠎ᠠ ᠄ 10355     ᠨᠡᠶᠢᠳᠡᠯᠡᠭᠰᠡᠨ ᠴᠠᠭ ᠄ 2016/4/25 7:46:30


      1946 ᠤᠨ ᠤ 12 ᠰᠠᠷ᠎ᠠ ᠶ᠋ᠢᠨ 29 ᠤ ᠤ ᠦᠷᠯᠦᠭᠡ ᠂ ᠯᠢᠶᠠᠩ ᠳ᠋ᠦᠩ ᠮᠢᠩ ᠯᠢᠦ ᠵᠢᠶᠠ ᠴᠠᠢ ᠶ᠋ᠢᠨ ᠮᠤᠬᠤᠯᠠᠭ ( ᠤᠳᠤ ᠶ᠋ᠢᠨ ᠳ᠋ᠦᠩ ᠮᠢᠩ ᠪᠠᠯᠭᠠᠰᠤ ) ‍ᠤᠨ ᠪᠦᠰᠡᠯᠡᠯᠲᠡ ᠶ᠋ᠢ ᠰᠢᠪᠲᠤᠯᠬᠤ ᠪᠠᠶᠢᠯᠳᠤᠭᠠᠨ ᠳ᠋ᠥ ᠡᠷᠡᠯᠬᠡᠭ ‍ᠢᠶ᠋ᠡᠷ ᠪᠡᠶ᠎ᠡ ᠦᠷᠡᠭᠳᠡᠪᠡ ᠃ ᠲᠡᠷᠡ ᠦᠪᠡᠷ ‍ᠤᠨ ᠠᠷᠢᠭᠤᠨ ᠴᠢᠰᠤ ᠠᠯᠲᠠᠨ ᠠᠮᠢ ᠪᠠᠷ ‍ᠢᠶ᠋ᠡᠨ ᠨᠠᠢᠮᠠᠨ  ᠨᠤᠳᠤᠭ  ᠲᠦ ᠦᠨᠢ ᠮᠦᠩᠬᠡ ᠶ᠋ᠢᠨ ᠬᠦᠰᠢᠶ᠎ᠡ ᠪᠤᠰᠬᠠᠭᠰᠠᠨ ᠪᠠᠶᠢᠨ᠎ᠠ ᠃
     ᠯᠢᠶᠠᠩ ᠳ᠋ᠦᠩ ᠮᠢᠩ ᠂ 1919 ᠤᠨ ᠳ᠋ᠥ ᠭᠤᠸᠠᠩᠳᠦ᠋ᠩ ᠮᠤᠵᠢ ᠶ᠋ᠢᠨ ᠭᠤᠸᠠᠩᠵᠧᠦ ᠬᠤᠲᠠᠨ᠎ᠠ ᠲᠦᠷᠦᠪᠡ ᠃ ᠳᠡᠭᠡᠳᠦ ᠶ᠋ᠢᠨ ᠨᠤᠲᠤᠭ ᠨᠢ ᠭᠤᠸᠠᠩᠳᠦ᠋ᠩ ᠮᠤᠵᠢ ᠶ᠋ᠢᠨ ᠱᠦᠨ ᠳ᠋ᠧ ᠰᠢᠶᠠᠨ ᠤ ᠫᠢᠩ ᠪᠦ᠋ ᠰᠢᠶᠠᠩ ᠃ 1938 ᠤᠨ ᠳ᠋ᠥ ᠬᠤᠪᠢᠰᠬᠠᠯ ᠳ᠋ᠥ ᠤᠷᠤᠯᠴᠠᠨ ᠂1940 ᠤᠨ ᠳ᠋ᠥ ᠳᠤᠮᠳᠠᠳᠤ ᠤᠯᠤᠰ ‍ᠤᠨ ᠡᠪ ᠬᠠᠮᠲᠤ ᠨᠠᠮ ᠳ᠋ᠥ ᠡᠯᠰᠡᠭᠳᠡᠵᠡᠢ ᠃
     1946 ᠤᠨ ᠤ ᠬᠠᠪᠤᠷ ᠂ ᠲᠡᠷᠡ  ᠪᠠᠷ ᠮᠠᠤ ᠲᠡᠷᠢᠭᠦᠯᠡᠭᠴᠢ ᠶ᠋ᠢᠨ 《 ᠵᠡᠭᠦᠨ ᠬᠤᠶᠢᠲᠤ ᠶ᠋ᠢᠨ ᠪᠠᠲᠤ ᠪᠡᠬᠢ ᠰᠠᠭᠤᠷᠢᠨ ᠭᠠᠵᠠᠷ ‍ᠢ ᠪᠠᠶᠢᠭᠤᠯᠬᠤ 》 ᠴᠢᠬᠤᠯᠠ ᠵᠢᠭᠠᠪᠤᠷᠢ ᠶ᠋ᠢ ᠵᠢᠷᠤᠮᠯᠠᠨ ᠂ ᠶᠠᠨ ᠠᠨ ᠡᠴᠠ ᠦᠪᠦᠷ ᠮᠤᠩᠭᠤᠯ ‍ᠤᠨ ᠳᠠᠯᠠᠨ ᠬᠠᠷ᠎ᠠ ᠠᠭᠤᠯᠠᠨ ᠳ᠋ᠥ ᠬᠦᠷᠴᠦ ᠂ ᠳᠠᠷᠠᠭ᠎ᠠ ᠨᠢ ᠨᠠᠢᠮᠠᠨ ᠨᠤᠲᠤᠭ  ᠲᠦ ᠬᠦᠷᠴᠦ ᠢᠷᠡᠭᠡᠳ ᠳᠤᠮᠳᠠᠳᠤ ᠤᠯᠤᠰ ‍ᠤᠨ ᠡᠪ ᠬᠠᠮᠲᠤ ᠨᠠᠮ ‍ᠤᠨ ᠨᠠᠢᠮᠠᠨ ᠬᠤᠰᠢᠭᠤᠨ ᠤ ᠤᠬᠠᠭᠤᠯᠬᠤ ᠭᠡᠯᠲᠡᠰ ‍ᠤᠨ ᠳᠠᠷᠤᠭ᠎ᠠ ᠪᠠᠷ ᠠᠵᠢᠯᠯᠠᠭᠰᠠᠨ ᠪᠠᠶᠢᠨ᠎ᠠ ᠃ ᠲᠤᠬᠠᠢ ᠶ᠋ᠢᠨ ᠵᠢᠯ ‍ᠤᠨ 12 ᠰᠠᠷ᠎ᠠ ᠶ᠋ᠢᠨ 29 ᠤ ᠡᠳᠦᠷ ᠂ ᠯᠢᠶᠠᠩ ᠳ᠋ᠦᠩ ᠮᠢᠩ ᠨᠦᠬᠦᠷ 53 ᠨᠡᠷᠡᠰ ᠳᠠᠷᠤᠭ᠎ᠠ ᠪᠠᠶᠢᠯᠳᠤᠭᠴᠢ ᠶ᠋ᠢ ᠳᠠᠭᠠᠭᠤᠯᠤᠨ ᠯᠢᠦ ᠵᠢᠶᠠ ᠴᠠᠢ ᠶ᠋ᠢᠨ ᠮᠤᠬᠤᠯᠠᠭ  ᠲᠦ ᠬᠦᠷᠴᠦ ᠢᠷᠡᠭᠡᠳ ᠡᠮᠦᠨ᠎ᠡ ᠹᠷᠤᠨᠲ ‍ᠢ ᠳᠡᠮᠵᠢᠬᠦ ᠡᠳ᠋ ᠪᠤᠳᠠᠰ ᠬᠤᠷᠠᠮᠳᠠᠭᠤᠯᠵᠤ ᠪᠠᠶᠢᠪᠠ ᠃ ᠰᠦᠨᠢ ᠪᠠᠷ ᠵᠠᠷᠢᠮ ᠬᠦᠮᠦᠨ ᠨᠢᠭᠤᠴᠠ ᠪᠠᠷ ᠳᠡᠭᠡᠷᠡᠮ ‍ᠤᠨ ᠲᠦᠷᠦᠭᠦᠦ ᠯᠢᠶᠠᠩ ᠯᠤᠪᠳᠤᠨ ᠳ᠋ᠥ ᠡᠨᠡᠬᠦ ᠴᠢᠮᠡᠭᠡ ᠶ᠋ᠢ ᠬᠦᠷᠭᠡᠪᠡ ᠃ ᠯᠢᠶᠠᠩ ᠯᠤᠪᠳᠤᠨ ᠪᠤᠯ ᠡᠪ ᠬᠠᠮᠲᠤ ᠨᠠᠮ ‍ᠢ ᠡᠰᠡᠷᠭᠦᠴᠡᠳᠡᠭ ᠮᠤᠵᠢᠭᠤᠳᠠ  ᠡᠳᠡᠭᠡᠳ ᠪᠠᠶᠢᠵᠤ ᠂ ᠳᠠᠴᠢᠨᠲᠠᠯ᠎ᠠ ᠶ᠋ᠢ ᠳᠠᠭᠠᠷᠢᠭᠠᠳ ᠴᠤᠬᠢᠭᠳᠠᠨ ᠤᠬᠤᠷᠢᠭᠰᠠᠨ ᠶᠤᠮ ᠃ ᠲᠡᠭᠡᠭᠡᠳ ᠦᠯᠡᠳᠡᠭᠳᠡᠯ ᠪᠦᠯᠦᠭ ‍ᠢᠶ᠋ᠡᠨ ᠳᠠᠭᠠᠭᠤᠯᠤᠨ ᠺᠠᠶᠢᠯᠦ ( ᠬᠠᠯᠢᠭᠤᠲᠤ ) ᠳ᠋ᠥ ᠳᠤᠲᠠᠭᠠᠨ ᠤᠴᠢᠭᠰᠠᠨ ᠪᠠᠶᠢᠯ᠎ᠠ ᠃ ᠲᠡᠷᠡ ᠳᠡᠶᠢᠯᠦᠭᠳᠡᠭᠰᠡᠨ ᠳ᠋ᠥ ᠪᠠᠨ ᠶᠡᠷᠦᠨᠢ ᠰᠡᠳᠭᠢᠯ ᠦᠬᠦᠬᠦ ᠦᠭᠡᠢ ᠪᠠᠶᠢᠵᠤ ᠂ ᠦᠷᠭᠦᠯᠵᠢ ᠨᠠᠢᠮᠠᠨ ᠤ ᠬᠠᠷᠢᠶ᠎ᠠ ᠭᠠᠵᠠᠷ ‍ᠢᠶ᠋ᠡᠷ ᠦᠢᠮᠡᠬᠦᠯᠳᠡᠭ ᠪᠠᠶᠢᠪᠠ ᠃ 28 ᠤ ᠡᠳᠦᠷ  ᠲᠡᠷᠡ ᠳᠡᠭᠡᠷᠡᠮ ‍ᠢᠶ᠋ᠡᠨ ᠳᠠᠭᠠᠭᠤᠯᠤᠨ ᠺᠠᠶᠢᠯᠦ ᠡᠴᠠ ᠨᠠᠢᠮᠠᠨ ᠳ᠋ᠥ ᠤᠷᠤᠵᠤ ᠢᠷᠡᠨ ᠲᠠᠮᠠᠬᠢ ᠶ᠋ᠢᠨ ᠲᠦᠩ ‍ᠢ ᠳᠠᠭᠠᠷᠢᠵᠤ ᠪᠠᠶᠢᠬᠤ ᠳ᠋ᠥ ᠵᠠᠷᠢᠮ ᠬᠦᠮᠦᠨ ᠡᠴᠠ ᠯᠢᠦ ᠵᠢᠶᠠ ᠴᠠᠢ ᠶ᠋ᠢᠨ ᠮᠤᠬᠤᠯᠠᠭ ( ᠤᠳᠤ ᠶ᠋ᠢᠨ ᠳ᠋ᠦᠩ ᠮᠢᠩ ᠪᠠᠯᠭᠠᠰᠤ )  ᠲᠦ ᠨᠠᠢᠮᠠᠳᠤᠭᠠᠷ ᠵᠠᠮ ‍ᠤᠨ ᠴᠡᠷᠢᠭ ‍ᠤᠨ ᠬᠦᠳᠡᠯᠦᠯ ᠪᠠᠶᠢᠬᠤ ᠶ᠋ᠢ ᠰᠤᠨᠤᠰᠤᠮᠠᠭᠴᠠ ᠂ ᠭᠠᠷ ᠳᠤᠣᠷᠠᠬᠢ ᠳᠠᠭᠠᠯᠳᠤᠭᠰᠠᠳ ‍ᠢᠶ᠋ᠡᠨ ᠪᠦᠬᠦᠨ ‍ᠢ ᠴᠤᠭᠯᠠᠭᠤᠯᠤᠨ ᠳᠠᠷᠠᠭ᠎ᠠ ᠡᠳᠦᠷ ‍ᠤᠨ ᠦᠷᠯᠦᠭᠡ ᠨᠢ ᠯᠢᠦ ᠵᠢᠶᠠ ᠴᠠᠢ ᠶ᠋ᠢᠨ ᠮᠤᠬᠤᠯᠠᠭ ‍ᠢ ᠳᠠᠪᠬᠤᠷ ᠳᠠᠪᠬᠤᠷ ᠪᠦᠰᠡᠯᠡᠨ ᠠᠪᠤᠪᠠ ᠃
     ᠯᠢᠶᠠᠩ ᠳ᠋ᠦᠩ ᠮᠢᠩ ᠳᠠᠷᠤᠭ᠎ᠠ ᠪᠠᠶᠢᠯᠳᠤᠭᠴᠢᠳ ‍ᠢᠶ᠋ᠡᠨ ᠳᠠᠭᠠᠭᠤᠯᠤᠨ ᠪᠦᠰᠡᠯᠡᠯᠲᠡ ᠶ᠋ᠢ ᠰᠢᠪᠲᠤᠯᠬᠤ ᠪᠠᠷ ᠪᠠᠭᠠᠲᠤᠷᠯᠠᠨ ᠪᠠᠶᠢᠯᠳᠤᠵᠤ ᠪᠠᠶᠢᠬᠤ ᠳᠤᠮᠳᠠ  ᠬᠦᠨᠳᠦ ᠰᠢᠷᠬᠠᠲᠤᠨ ᠪᠠᠭᠠᠲᠤᠷᠯᠢᠭ ‍ᠢᠶ᠋ᠡᠷ ᠪᠡᠶ᠎ᠡ ᠦᠷᠡᠭᠳᠡᠪᠡ ᠃ ᠲᠤᠬᠠᠢ ᠶ᠋ᠢᠨ ᠦᠶ᠎ᠡ ᠳ᠋ᠥ  ᠰᠠᠶ᠋ᠢ 27 ᠨᠠᠰᠤᠲᠠᠢ ᠪᠠᠶᠢᠯ᠎ᠠ ᠃
     ᠡᠨᠡᠬᠦ ᠦᠷᠡᠭᠳᠡᠭᠰᠡᠨ ᠪᠠᠭᠠᠲᠤᠷ ‍ᠢᠶ᠋ᠡᠨ ᠦᠨᠢ ᠡᠭᠦᠷᠢᠳᠡ ᠳᠤᠷᠠᠰᠬᠠᠬᠤ ᠶ᠋ᠢᠨ ᠲᠦᠯᠦᠭᠡ ᠂ 1948 ᠤᠨ ᠳ᠋ᠥ ᠲᠤᠬᠠᠢ ᠶ᠋ᠢᠨ ᠤᠷᠤᠨ ᠤ ᠨᠠᠮ ‍ᠤᠨ ᠵᠤᠬᠢᠶᠠᠨ ᠪᠠᠶᠢᠭᠤᠯᠤᠯᠲᠠ  ᠪᠤᠯᠤᠨ ᠵᠠᠰᠠᠭ ‍ᠤᠨ ᠤᠷᠳᠤᠨ ᠡᠴᠠ ᠯᠢᠦ ᠵᠢᠶᠠ ᠴᠠᠢ ᠶ᠋ᠢᠨ ᠮᠤᠬᠤᠯᠠᠭ ‍ᠢ 《 ᠳ᠋ᠦᠩ ᠮᠢᠩ ᠪᠠᠯᠭᠠᠰᠤ 》 ᠪᠤᠯᠭᠠᠨ ᠨᠡᠷᠡᠶᠢᠳᠦᠭᠰᠡᠨ ᠪᠠᠶᠢᠨ᠎ᠠ ᠃ ( ᠪ  ᠂ ᠦᠨᠳᠤᠰᠤ ᠤᠷᠴᠢᠭᠤᠯᠪᠠ )
ᠢᠷᠡᠯᠳᠡ᠄ 《 ᠡᠯᠢᠭᠡᠨ ᠬᠠᠶᠢᠷᠠᠳᠤ ᠨᠠᠢᠮᠠᠨ 》 ᠬᠡᠬᠦ ᠨᠤᠮ ᠡᠴᠡ ᠨᠠᠶᠢᠷᠠᠭᠤᠯᠤᠭᠴᠢ᠄ ᠪᠤᠤ ᠵᠢᠨ ᠯᠢᠶᠠᠨ