ᠬᠤᠪᠢᠰᠬᠠᠯᠳᠤ ᠬᠦᠮᠦᠨ —— ᠯᠢᠦᠢ ᠮᠢᠩ ᠿᠧᠨ

ᠣᠩᠰᠢᠭᠰᠠᠨ ᠤᠳᠠᠭ᠎ᠠ ᠄ 9118     ᠨᠡᠶᠢᠳᠡᠯᠡᠭᠰᠡᠨ ᠴᠠᠭ ᠄ 2016/4/25 7:47:58


     ᠯᠢᠦᠢ ᠮᠢᠩ ᠿᠧᠨ ᠂ ᠤᠣᠯ ᠨᠡᠷ᠎ᠡ ᠨᠢ ᠯᠢᠦᠢ ᠴᠢ ᠾᠦᠢ ᠂ ᠯᠢᠶᠤᠣᠨᠢᠩ ᠮᠤᠵᠢ ᠶ᠋ᠢᠨ ᠵᠤᠸᠠᠩ ᠾᠧ ᠰᠢᠶᠠᠨ ᠤ ᠳ᠋ᠠ ᠸᠠᠩ ᠵᠢᠶᠠ ᠳ᠋ᠤᠣ ᠶ᠋ᠢᠨ ᠬᠦᠮᠦᠨ ᠂ 《 9.18 》 ᠬᠡᠷᠡᠭ ᠶᠠᠪᠤᠳᠠᠯ ᠡᠭᠦᠰᠦᠭᠰᠡᠨ ᠤ ᠳᠠᠷᠠᠭ᠎ᠠ ᠂ ᠯᠢᠦᠢ ᠮᠢᠩ ᠿᠧᠨ ᠶᠠᠫᠤᠨ ‍ᠢ ᠡᠰᠡᠷᠭᠦᠴᠡᠬᠦ ᠲᠡᠮᠡᠴᠡᠯ ᠳ᠋ᠥ ᠢᠳᠡᠪᠬᠢᠲᠡᠢ ᠤᠷᠤᠯᠴᠠᠭᠰᠠᠨ ᠪᠠᠶᠢᠨ᠎ᠠ ᠃
1946 ᠤᠨ ᠤ 10 ᠰᠠᠷ᠎ᠠ ᠳ᠋ᠥ ᠂ ᠭᠤᠮᠢᠨᠳᠠᠩ ‍ᠤᠨ ᠴᠡᠷᠢᠭ ᠲᠤᠩᠯᠢᠶᠤᠣ ᠶ᠋ᠢ ᠳᠠᠭᠠᠷᠢᠬᠤ ᠦᠶ᠎ᠡ ᠳ᠋ᠥ ᠂ ᠯᠢᠦᠢ ᠮᠢᠩ ᠿᠧᠨ ᠨᠠᠮ ᠵᠠᠰᠠᠭ ᠴᠡᠷᠢᠭ ‍ᠤᠨ ᠺᠠᠲᠷ ‍ᠢ ᠵᠤᠬᠢᠶᠠᠨ ᠪᠠᠶᠢᠭᠤᠯᠤᠨ ᠰᠢᠯᠵᠢᠭᠦᠯᠦᠭᠰᠡᠨ ᠪᠦᠭᠡᠳ ᠬᠤᠵᠢᠮ ᠨᠢ 《 ᠬᠦᠬᠡᠮᠦ᠋ᠷᠡᠨ ᠤ ᠮᠤᠷᠢᠲᠤ ᠴᠡᠷᠢᠭ ‍ᠤᠨ ᠬᠤᠷᠢᠶ᠎ᠠ 》 ᠶ᠋ᠢ ᠪᠠᠶᠢᠭᠤᠯᠤᠨ ᠂ ᠦᠪᠡᠷ ‍ᠢᠶ᠋ᠡᠨ ᠬᠤᠷᠢᠶᠠᠨ ᠳᠠᠷᠤᠭ᠎ᠠ ᠪᠤᠯᠵᠤ ᠫᠠᠷᠲ᠋ᠢᠽᠠᠨ ᠳᠠᠶᠢᠨ ᠬᠢᠭᠰᠡᠨ ᠪᠠᠶᠢᠨ᠎ᠠ ᠃
     1947 ᠤᠨ ᠤ 4 ᠰᠠᠷ᠎ᠠ ᠶ᠋ᠢᠨ 11 ᠤ ᠰᠦᠨᠢ ᠳᠤᠯᠢ ᠪᠠᠷ ᠂ ᠯᠢᠦᠢ ᠮᠢᠩ ᠿᠧᠨ ᠺᠠᠶᠢᠯᠦ ᠳ᠋ᠥ ᠬᠤᠷᠠᠯ ᠡᠷᠬᠢᠯᠡᠵᠦ ᠪᠠᠶᠢᠲᠠᠯ᠎ᠠ ᠭᠡᠨᠡᠳᠲᠡ ᠮᠤᠵᠢ ᠶ᠋ᠢᠨ ᠨᠠᠮ ‍ᠤᠨ ᠬᠤᠷᠢᠶᠠᠨ ᠤ 《 ᠬᠤᠷᠳᠤᠨ ᠢᠷ᠎ᠡ 》 ᠭᠡᠰᠡᠨ ᠵᠠᠷᠯᠢᠭ ‍ᠢ ᠲᠤᠰᠤᠭᠠᠳ ᠳᠠᠷᠠᠭ᠎ᠠ ᠦᠷᠯᠦᠭᠡ ᠡᠷᠲᠡ ᠲᠡᠷᠡ ᠶᠠᠭᠠᠷᠠᠤ ᠰᠠᠨᠳᠤᠷᠤᠣ ᠪᠠᠷ ᠨᠤᠲᠤᠭ ‍ᠤᠨ ᠵᠠᠬᠢᠷᠭᠠᠨ ᠤ ᠰᠠᠭᠤᠭ᠎ᠠ ᠭᠠᠵᠠᠷ ᠪᠤᠯᠬᠤ ᠳᠠᠴᠢᠨᠲᠠᠯ᠎ᠠ ᠪᠠᠯᠭᠠᠰᠤ ᠵᠦᠭ ᠬᠦᠳᠡᠯᠪᠡ ᠃  ᠵᠠᠮ ᠳ᠋ᠤᠨᠢ ᠶᠠᠭ ᠰᠠᠶᠢᠬᠠᠨ ᠦᠶᠡᠷᠯᠡᠵᠦ ᠪᠠᠶᠢᠭ᠎ᠠ ᠪᠠᠷᠠᠭᠤᠨ ᠯᠢᠶᠤᠣ ᠾᠧ ᠭᠤᠣᠯ ᠬᠦᠨᠳᠡᠯᠢᠰᠦᠭᠰᠡᠨ ᠳ᠋ᠥ ᠂ ᠡᠭᠦᠷᠭᠡ ᠪᠠᠴᠢᠮ ᠪᠤᠯᠬᠤᠷ ᠵᠠᠭᠤ ᠢᠯᠡᠭᠦᠦ ᠮᠧᠲ᠋ᠷ ᠦᠷᠭᠡᠨ ‍ᠢᠶ᠋ᠡᠷ ᠤᠷᠬᠢᠷᠠᠨ ᠳᠠᠪᠠᠯᠭᠠᠯᠠᠵᠤ ᠪᠠᠶᠢᠭ᠎ᠠ ᠪᠠᠷᠠᠭᠤᠨ ᠯᠢᠶᠤᠣ ᠾᠧ ᠭᠤᠣᠯ ‍ᠢ ᠲᠤᠭᠤᠯᠬᠤ ᠪᠠᠷ ᠪᠤᠯᠪᠠ ᠃ ᠭᠤᠣᠯ ‍ᠤᠨ ᠬᠠᠭᠠᠰ ᠬᠦᠷᠬᠦ ᠦᠶ᠎ᠡ ᠳ᠋ᠥ ᠲᠠᠭᠦᠨ ᠤ ᠬᠠᠮᠠᠭᠠᠯᠠᠭᠴᠢ ᠨᠢ ᠲᠤᠭᠰᠢᠨ ᠦᠶᠡᠷ  ᠲᠤ ᠲᠦᠯᠬᠢᠭᠳᠡᠨ ᠶᠠᠪᠤᠪᠠ ᠃ ᠯᠢᠦᠢ ᠮᠢᠩ ᠿᠧᠨ ᠤᠭᠲᠤᠬᠠᠨ ᠴᠦ ᠡᠷᠡᠭᠡᠯᠵᠡᠯ ᠦᠭᠡᠢ ᠪᠠᠷ ᠤᠷᠤᠭᠰᠢ ᠤᠴᠢᠨ ᠳᠠᠶᠢᠴᠢᠨ ᠬᠠᠨᠢ ᠪᠠᠨ ᠠᠪᠤᠷᠠᠬᠤ ᠭᠡᠯ᠎ᠡ ᠃ ᠲᠡᠷᠡ ᠬᠡᠳᠦᠶᠢᠪᠡᠷ ᠵᠢᠭᠠᠰᠤᠴᠢᠨ ᠤ ᠭᠡᠷ  ᠲᠤ ᠲᠦᠷᠦᠵᠦ ᠂ ᠤᠰᠤᠨ ᠳ᠋ᠥ ᠴᠢᠳᠠᠮᠠᠭᠠᠢ ᠪᠤᠯᠪᠠᠴᠤ ᠤᠰᠤ ᠭᠦᠨ ᠤᠷᠤᠰᠬᠠᠯ ᠲᠦᠷᠭᠡᠨ ᠂ ᠨᠢᠷᠤᠭᠤᠨ ᠤ ᠰᠢᠷᠬ᠎ᠠ ᠨᠢ ᠪᠦᠷᠢᠮᠦᠰᠦᠨ ᠢᠯᠡᠷᠡᠢ ᠪᠤᠯᠤᠭᠠᠳᠤᠢ ᠪᠤᠯᠬᠤᠷ ᠬᠡᠳᠦᠨᠳᠡ ᠬᠦᠴᠦᠯᠡᠭᠰᠡᠨ ᠪᠤᠯᠪᠠᠴᠤ ᠬᠠᠮᠠᠭᠠᠯᠠᠭᠴᠢ ᠪᠠᠨ ᠠᠪᠤᠷᠠᠵᠤ ᠳᠡᠶᠢᠯᠦᠭᠰᠡᠨ ᠦᠭᠡᠢ ᠮᠦᠷᠲᠡᠭᠡᠨ ᠦᠪᠡᠷ ‍ᠢᠶ᠋ᠡᠨ ᠴᠦ ᠲᠤᠭᠰᠢᠨ ᠦᠶᠡᠷ  ᠲᠦ ᠤᠷᠤᠰᠤᠭᠳᠠᠪᠠ ᠃ ᠴᠢᠮᠡᠭᠡ ᠠᠪᠤᠯᠴᠠᠨ ᠢᠷᠡᠭᠰᠡᠨ ᠬᠦᠮᠦᠰ ᠲᠡᠭᠦᠨ ‍ᠢ ᠤᠰᠤᠨ ᠡᠴᠠ ᠭᠠᠷᠭᠠᠨ ᠠᠪᠤᠷᠠᠯᠲᠠ ᠬᠢᠭᠰᠡᠨ ᠪᠤᠯᠪᠠᠴᠤ ᠲᠤᠰᠠ ᠪᠤᠯᠤᠭᠰᠠᠨ ᠦᠭᠡᠢ ᠬᠠᠶᠢᠷᠠᠬᠠᠨ ᠨᠠᠰᠤ ᠭᠤᠴᠢᠨ ᠨᠢᠭᠡᠲᠡᠢ ᠳ᠋ᠥ ᠪᠠᠨ ᠪᠡᠶ᠎ᠡ ᠦᠷᠡᠭᠳᠡᠪᠡ ᠃
      ᠨᠠᠢᠮᠠᠨ ᠤ ᠠᠷᠠᠳ ᠲᠦᠮᠡᠨ ᠲᠡᠭᠦᠨ ᠤ ᠬᠤᠪᠢᠰᠬᠠᠯ ‍ᠤᠨ ᠦᠢᠯᠡᠰ ‍ᠤᠨ ᠲᠦᠯᠦᠭᠡ ᠴᠤᠴᠠᠯᠲᠠ ᠦᠭᠡᠢ ᠵᠢᠳᠭᠦᠭᠰᠡᠨ ᠠᠴᠢ ᠭᠠᠪᠢᠶ᠎ᠠ ᠶ᠋ᠢ ᠳᠤᠷᠠᠰᠬᠠᠬᠤ ᠶ᠋ᠢᠨ ᠲᠦᠯᠦᠭᠡ ᠂ 1948 ᠤᠨ ᠳ᠋ᠥ ᠤᠣᠯ ‍ᠤᠨ ᠤᠪᠤᠭ᠎ᠠ ᠠᠶᠢᠯ ‍ᠤᠨ ᠨᠡᠷ᠎ᠡ ᠶ᠋ᠢ ᠮᠢᠩ ᠿᠧᠨ ᠠᠶᠢᠯ ᠪᠤᠯᠭᠠᠨ ᠬᠠᠯᠠᠪᠠ ᠃ ᠡᠳᠦᠭᠡ ᠨᠠᠢᠮᠠᠨᠴᠤᠳ ᠡᠨᠡᠬᠦ ᠦᠷᠡᠭᠳᠡᠭᠰᠡᠨ ᠪᠠᠭᠠᠲᠤᠷ ‍ᠢᠶ᠋ᠡᠨ ᠦᠨᠢᠳᠡ ᠳᠤᠷᠠᠰᠬᠠᠬᠤ ᠶ᠋ᠢᠨ ᠲᠦᠯᠦᠭᠡ ᠮᠢᠩ ᠿᠧᠨ ᠰᠤᠮᠤ ᠂ ᠮᠢᠩ ᠿᠧᠨ ᠭᠠᠴᠠᠭ᠎ᠠ ᠪᠤᠯᠭᠠᠨ ᠨᠡᠷᠡᠶᠢᠳᠴᠦ ᠂ ᠬᠤᠶᠢᠴᠢ ᠶ᠋ᠢᠨ ᠬᠦᠮᠦᠰ  ᠲᠦ ᠪᠠᠨ ᠪᠠᠭᠠᠲᠤᠷ ‍ᠤᠨ ᠵᠤᠷᠢᠭ ᠰᠠᠨᠠᠭ᠎ᠠ ᠶ᠋ᠢ ᠦᠷᠭᠦᠯᠵᠢᠯᠡᠨ ᠤᠬᠠᠭᠤᠯᠵᠤ ᠤᠯᠠᠮᠵᠢᠯᠠᠬᠤ ᠶ᠋ᠢ ᠵᠤᠷᠢᠭᠰᠠᠨ ᠪᠠᠶᠢᠨ᠎ᠠ ᠃
     ᠯᠢᠦᠢ ᠮᠢᠩ ᠿᠧᠨ ᠨᠦᠬᠦᠷ ‍ᠤᠨ ᠪᠤᠰᠤᠳ ‍ᠤᠨ ᠲᠦᠯᠦᠭᠡ ᠠᠮᠢ ᠪᠡᠶ᠎ᠡ ᠪᠠᠨ ᠬᠠᠶᠢᠬᠤᠷᠤᠯ ᠦᠭᠡᠢ ᠡᠷᠬᠢᠮ ᠳᠡᠭᠡᠳᠦ ᠰᠤᠷᠲᠠᠯ ᠵᠢᠴᠢ ᠬᠤᠪᠢᠰᠬᠠᠯ ‍ᠤᠨ ᠲᠦᠯᠦᠭᠡ ᠨᠤᠭᠤᠷᠠᠰᠢ ᠦᠭᠡᠢ ᠵᠢᠳᠭᠦᠳᠡᠭ ᠳᠠᠶᠢᠴᠢᠨ ᠵᠤᠷᠢᠭ ᠰᠠᠨᠠᠭ᠎ᠠ ᠨᠢ ᠦᠨᠢ ᠡᠭᠦᠷᠢᠳᠡ ᠨᠠᠢᠮᠠᠨ ᠤ ᠠᠷᠠᠳ ᠲᠦᠮᠡᠨ ‍ᠢ ᠵᠤᠷᠢᠭᠵᠢᠭᠤᠯᠤᠨ ᠳᠠᠪᠰᠢᠭᠤᠯᠤᠭᠰᠠᠭᠠᠷ ᠪᠠᠶᠢᠨ᠎ᠠ ᠃
                    (ᠪ  ᠂ ᠦᠨᠳᠤᠰᠤ ᠤᠷᠴᠢᠭᠤᠯᠪᠠ )
ᠢᠷᠡᠯᠳᠡ᠄ 《 ᠡᠯᠢᠭᠡᠨ ᠬᠠᠶᠢᠷᠠᠳᠤ ᠨᠠᠢᠮᠠᠨ 》 ᠬᠡᠬᠦ ᠨᠤᠮ ᠡᠴᠡ ᠨᠠᠶᠢᠷᠠᠭᠤᠯᠤᠭᠴᠢ᠄ ᠪ ᠂ ᠦᠨᠳᠤᠰᠤ