ᠬᠤᠪᠢᠰᠬᠠᠯᠳᠤ ᠬᠦᠮᠦᠨ —— ᠲᠤᠣ ᠵᠦ

ᠣᠩᠰᠢᠭᠰᠠᠨ ᠤᠳᠠᠭ᠎ᠠ ᠄ 9334     ᠨᠡᠶᠢᠳᠡᠯᠡᠭᠰᠡᠨ ᠴᠠᠭ ᠄ 2016/4/22 17:32:12


       ᠲᠤᠣ ᠵᠦ ᠨᠦᠬᠦᠷ ᠪᠤᠯ ᠦᠭᠡᠭᠦᠦ ᠠᠩᠬᠢ ᠶ᠋ᠢᠨ ᠬᠤᠪᠢᠰᠬᠠᠯᠴᠢ ᠂ ᠨᠠᠮ ᠪᠤᠯᠤᠨ ᠤᠯᠤᠰ ‍ᠤᠨ ᠰᠢᠯᠭᠠᠷᠠᠭᠰᠠᠨ ᠤᠳᠤᠷᠢᠳᠤᠭᠴᠢ ᠃ ᠪᠦᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠪᠠᠶᠢᠭᠤᠯᠤᠭᠳᠠᠭᠰᠠᠨ ᠤ ᠰᠡᠭᠦᠯᠡᠷ ᠤᠷᠢᠳ ᠬᠤᠵᠢᠳ ᠳᠤᠮᠳᠠᠳᠤ ᠤᠯᠤᠰ ‍ᠤᠨ ᠡᠪ ᠬᠠᠮᠲᠤ ᠨᠠᠮ ‍ᠤᠨ ᠭᠤᠸᠠᠩᠳᠦ᠋ᠩ ᠮᠤᠵᠢ ᠶ᠋ᠢᠨ ᠨᠠᠮ ‍ᠤᠨ ᠬᠤᠷᠢᠶᠠᠨ ᠤ ᠨᠢᠭᠡᠳᠦᠭᠡᠷ ᠱᠦᠵᠢ ᠂ ᠳᠤᠮᠳᠠᠳᠤ ᠤᠯᠤᠰ ‍ᠤᠨ ᠡᠪ ᠬᠠᠮᠲᠤ ᠨᠠᠮ ‍ᠤᠨ ᠲᠦᠪ ᠬᠤᠷᠢᠶᠠᠨ ᠤ ᠵᠦᠩ ᠨᠠᠨ ᠲᠤᠪᠴᠢᠶᠠᠨ ᠤ ᠨᠢᠭᠡᠳᠦᠭᠡᠷ ᠱᠦᠵᠢ ᠂ ᠤᠯᠤᠰ ‍ᠤᠨ ᠶᠠᠪᠤᠳᠠᠯ ‍ᠤᠨ ᠬᠤᠷᠢᠶᠠᠨ ᠤ ᠳᠡᠳ᠋ ᠶᠡᠷᠦᠩᠬᠡᠢ ᠰᠠᠶᠢᠳ ᠂ ᠲᠦᠪ ‍ᠤᠨ ᠤᠬᠠᠭᠤᠯᠬᠤ ᠬᠡᠯᠲᠡᠰ ‍ᠤᠨ ᠳᠠᠷᠤᠭ᠎ᠠ ᠵᠡᠷᠭᠡ ᠲᠤᠰᠢᠶᠠᠯ ‍ᠢ ᠡᠭᠦᠷᠭᠡᠯᠡᠵᠦ ᠶᠠᠪᠤᠵᠠᠢ ᠃
      1946 ᠤᠨ ᠤ ᠰᠢᠷᠭᠠᠯ ᠨᠠᠮᠤᠷ ‍ᠤᠨ ᠦᠶ᠎ᠡ ᠪᠠᠷ ᠂ ᠯᠢᠶᠤᠣ ᠰᠢ ᠂ ᠯᠢᠶᠤᠣ ᠪᠧᠢ ᠴᠡᠷᠢᠭ ‍ᠤᠨ ᠲᠤᠭᠤᠷᠢᠭ ‍ᠤᠨ ᠤᠯᠤᠰ ᠲᠦᠷᠦ ᠶ᠋ᠢᠨ ᠭᠡᠰᠢᠭᠦᠨ ᠪᠠᠶᠢᠭᠰᠠᠨ ᠲᠤᠣ ᠵᠦ ᠨᠦᠬᠦᠷ ᠮᠠᠨ ᠤ ᠬᠤᠰᠢᠭᠤᠨ ᠳ᠋ᠥ ᠠᠵᠢᠯ ᠦᠷᠨᠢᠭᠦᠯᠬᠦ ᠪᠠᠷ ᠢᠷᠡᠵᠡᠢ ᠃ ᠲᠤᠬᠠᠢ ᠶ᠋ᠢᠨ ᠦᠶ᠎ᠡ ᠳ᠋ᠥ ᠂ ᠮᠠᠨ ᠤ ᠬᠤᠰᠢᠭᠤ  ᠰᠠᠶ᠋ᠢᠬᠠᠨ ᠴᠢᠯᠦᠭᠡᠯᠡᠭᠳᠡᠭᠡᠳ ᠪᠠᠶᠢᠭᠰᠠᠨ ᠪᠤᠯᠬᠤᠷ ᠳᠡᠭᠡᠳᠦ ᠱᠠᠲᠤᠨ ᠡᠴᠠ ᠲᠤᠮᠢᠯᠠᠭᠰᠠᠨ ᠬᠢᠲᠠᠳ ᠦᠨᠳᠦᠰᠦᠲᠡᠨ ᠤ ᠺᠠᠳ᠋ᠷ ᠪᠤᠯᠤᠨ ᠭᠠᠵᠠᠷ ᠤᠷᠤᠨ ᠤ ᠮᠤᠩᠭᠤᠯ ᠺᠠᠳ᠋ᠷ ᠦᠢᠯᠠᠭᠠᠯᠴᠠᠯ ᠲᠤᠲᠠᠮᠠᠭ ᠡᠴᠠ ᠪᠤᠯᠵᠤ ᠬᠠᠷᠢᠯᠴᠠᠨ ᠰᠡᠵᠢᠭᠯᠡᠯᠴᠡᠵᠦ ᠂ ᠦᠵᠡᠯ ᠰᠠᠨᠠᠭᠠᠨ ᠤ ᠵᠦᠷᠢᠴᠡᠯ ᠲᠠᠢ ᠪᠤᠯᠪᠠ ᠃ ᠡᠭᠦᠨ ᠳ᠋ᠥ ᠲᠤᠣ  ᠵᠦ ᠨᠦᠬᠦᠷ ᠡᠴᠠ ᠦᠨᠳᠦᠰᠦᠲᠡᠨ ᠤ ᠪᠦᠯᠬᠦᠮᠳᠡᠯ ᠳ᠋ᠥ ᠠᠰᠢᠭ ᠦᠭᠡᠢ ᠠᠵᠢᠯᠯᠠᠬᠤ ᠠᠷᠭ᠎ᠠ ᠠᠪᠴᠠᠯ ‍ᠢ ᠴᠢᠩᠭ᠎ᠠ ᠰᠢᠭᠦᠮᠵᠢᠯᠡᠵᠦ ᠂  ᠺᠠᠳ᠋ᠷ ‍ᠤᠨ ᠬᠠᠮᠢᠶᠠᠷᠤᠯᠲᠠ ᠳ᠋ᠥ ᠲᠤᠬᠢᠷᠠᠭᠤᠯᠤᠯᠲᠠ ᠬᠢᠭᠰᠡᠨ ᠡᠴᠠ ᠡᠯ᠎ᠡ ᠦᠨᠳᠦᠰᠦᠲᠡᠨ ᠤ  ᠺᠠᠳ᠋ᠷ ᠪᠤᠯᠤᠨ ᠤᠯᠠᠨ ᠲᠦᠮᠡᠨ ᠤ ᠤᠶᠢᠯᠠᠭᠠᠯᠴᠠᠯ ᠪᠤᠯᠤᠨ ᠪᠦᠯᠬᠦᠮᠳᠡᠯ ‍ᠢ ᠦᠳᠲᠦᠷ ᠲᠦᠯᠬᠢᠨ ᠠᠬᠢᠭᠤᠯᠪᠠ ᠃
      ᠨᠠᠢᠮᠠᠨ ᠳ᠋ᠥ ᠪᠠᠶᠢᠬᠤ ᠬᠤᠭᠤᠴᠠᠭᠠᠨ ᠳ᠋ᠥ ᠪᠠᠨ ᠂ ᠴᠦᠬᠡᠨ ᠲᠤᠭᠠᠲᠤ ᠦᠨᠳᠦᠰᠦᠲᠡᠨ ᠤ ᠨᠢᠭᠡᠲᠦᠮᠡᠯ ᠹᠷᠤᠨᠲ ‍ᠤᠨ ᠠᠵᠢᠯ ‍ᠢ ᠰᠠᠶᠢᠲᠤᠷ ᠬᠢᠵᠦ ᠂ ᠳᠠᠶᠢᠰᠤᠨ ‍ᠢ ᠤᠯᠠᠮ ᠭᠠᠭᠴᠠᠭᠠᠷᠳᠠᠭᠤᠯᠬᠤ ᠶ᠋ᠢᠨ ᠲᠦᠯᠦᠭᠡ ᠂ ᠲᠤᠣ ᠵᠦ ᠨᠦᠬᠦᠷ ᠶᠠᠳᠠᠷᠠᠯ ᠵᠦᠳᠡᠷᠡᠯ ‍ᠢ ᠬᠠᠶᠢᠬᠤᠷᠤᠯ ᠦᠭᠡᠢ ᠪᠠᠷ ᠨᠠᠢᠮᠠᠨ ᠂ ᠬᠦᠷᠢᠶ᠎ᠡ ᠵᠡᠷᠭᠡ ᠬᠤᠰᠢᠭᠤᠨ ᠤ ᠲᠠᠯ᠎ᠠ ᠨᠤᠲᠤᠭ ᠪᠤᠯᠤᠨ ᠠᠭᠤᠯᠠ ᠮᠠᠩᠬ᠎ᠠ ᠪᠠᠷ ᠲᠤᠭᠤᠷᠢᠨ ᠯᠠᠮᠠ ᠨᠠᠷ  ᠲᠦ ᠤᠬᠠᠭᠤᠯᠭ᠎ᠠ ᠬᠢᠵᠦ ᠂ ᠡᠪ ᠬᠠᠮᠲᠤ ᠨᠠᠮ ‍ᠢ ᠬᠦᠷᠢᠶᠡᠯᠡᠨ ᠳᠡᠭᠡᠷᠡᠮ ‍ᠢ ᠡᠰᠡᠷᠭᠦᠴᠡᠬᠦ ᠶ᠋ᠢ ᠤᠷᠢᠶᠠᠯᠠᠭᠰᠠᠨ ᠡᠴᠠ ᠨᠠᠢᠮᠠᠨ ᠤ ᠲᠤᠭᠲᠠᠭᠤᠨ ᠪᠠᠶᠢᠳᠠᠯ ‍ᠢ ᠪᠤᠢ ᠪᠤᠯᠭᠠᠬᠤ ᠳ᠋ᠥ ᠲᠤᠩ ᠶᠡᠬᠡ ᠦᠢᠯᠡᠳᠦᠯ ᠦᠵᠡᠭᠦᠯᠦᠭᠰᠡᠨ ᠪᠠᠶᠢᠨ᠎ᠠ ᠃ ᠤᠯᠠᠨ ᠵᠢᠯ ᠬᠠᠮᠲᠤᠷᠠᠨ ᠠᠵᠢᠯᠯᠠᠭᠰᠠᠨ ᠡᠴᠠ ᠲᠤᠣ ᠵᠦ ᠨᠦᠬᠦᠷ ᠨᠠᠢᠮᠠᠨ ᠤ ᠦᠨᠳᠦᠰᠦᠲᠡᠨ ᠤ ᠺᠠᠳ᠋ᠷ ᠪᠤᠯᠤᠨ ᠳᠠᠷᠤᠭ᠎ᠠ ᠪᠠᠶᠢᠯᠳᠤᠭᠴᠢᠳ ᠲᠠᠢ ᠭᠦᠨ ᠵᠤᠵᠠᠭᠠᠨ ᠨᠦᠬᠦᠷᠯᠡᠯ ᠪᠠᠶᠢᠭᠤᠯᠪᠠ ᠃ 1947 ᠤᠨ ᠤ 11 ᠰᠠᠷ᠎ᠠ ᠳ᠋ᠥ ᠲᠤᠣ ᠨᠦᠬᠦᠷ ᠨᠠᠢᠮᠠᠨ ᠬᠤᠰᠢᠭᠤᠨ ᠡᠴᠠ ᠠᠵᠢᠯ ᠰᠢᠯᠵᠢᠨ ᠶᠠᠪᠤᠬᠤ ᠦᠶ᠎ᠡ ᠳ᠋ᠥ ᠪᠠᠨ ᠮᠤᠩᠭᠤᠯ  ᠺᠠᠳ᠋ᠷ ᠪᠤᠯᠤᠨ ᠳᠠᠷᠤᠭ᠎ᠠ ᠪᠠᠶᠢᠯᠳᠤᠭᠴᠢᠳ ‍ᠤᠨ ᠡᠪᠦᠯ ‍ᠤᠨ ᠬᠤᠪᠴᠠᠰᠤ ᠪᠠᠶᠢᠬᠤ ᠦᠭᠡᠢ ᠳᠠᠭᠠᠷᠠᠵᠤ ᠪᠡᠭᠡᠷᠡᠵᠦ ᠪᠠᠶᠢᠬᠤ ᠶ᠋ᠢ ᠦᠵᠡᠭᠡᠳ ᠲᠤᠩ ᠪᠠᠴᠢᠮᠳᠠᠨ ᠂ ᠠᠷᠪᠠᠨ ᠲᠠᠪᠤᠳᠤᠭᠠᠷ ᠬᠤᠷᠢᠶ᠎ᠠ ᠡᠴᠠ ᠬᠤᠶᠠᠷ ᠰᠠᠯᠠᠭ᠎ᠠ ᠴᠡᠷᠢᠭ ᠪᠤᠯᠤᠨ ᠭᠤᠷᠪᠠᠨ ᠲᠡᠷᠭᠡ ᠳᠠᠭᠠᠭᠤᠯᠵᠤ ᠂ ᠠᠷᠤ ᠹᠷᠤᠨᠲ ᠡᠴᠠ 500 ᠬᠤᠪᠢ ᠬᠦᠪᠦ᠋ᠩ ᠬᠤᠪᠴᠠᠰᠤ ᠠᠪᠴᠢᠷᠠᠵᠤ ᠦᠭᠭᠦᠭᠰᠡᠨ ᠡᠴᠠ ᠲᠤᠰ ᠡᠪᠦᠯ ‍ᠤᠨ ᠠᠩᠬᠠᠨ ᠤ ᠬᠦᠢᠲᠡᠨ ᠤᠷᠤᠰᠬᠠᠯ ᠢᠷᠡᠬᠦ ᠦᠶ᠎ᠡ ᠳ᠋ᠥ ᠳᠠᠷᠤᠭ᠎ᠠ ᠪᠠᠶᠢᠯᠳᠤᠭᠴᠢᠳ ᠨᠢᠭᠡᠨᠲᠡ ᠵᠤᠪ ᠵᠤᠵᠠᠭᠠᠨ ᠬᠦᠪᠦ᠋ᠩ ᠬᠤᠪᠴᠠᠰᠤ ᠪᠠᠨ ᠡᠮᠦᠰᠴᠢᠭᠡᠭᠰᠡᠨ ᠪᠠᠶᠢᠨ᠎ᠠ ᠃
     ᠲᠤᠣ ᠵᠦ ᠨᠦᠬᠦᠷ ᠨᠠᠢᠮᠠᠨ ᠬᠤᠰᠢᠭᠤᠨ ᠳ᠋ᠥ ᠪᠠᠶᠢᠭᠰᠠᠨ ᠤᠬᠤᠷᠬᠠᠨ ᠬᠤᠭᠤᠴᠠᠭᠠᠨ ᠳ᠋ᠥ ᠪᠠᠨ ᠨᠠᠢᠮᠠᠨ ᠤ ᠬᠤᠪᠢᠰᠬᠠᠯ ‍ᠤᠨ ᠦᠢᠯᠡᠰ ᠲᠣ ᠪᠠᠯᠠᠷᠠᠰᠢ ᠦᠭᠡᠢ ᠭᠠᠪᠢᠶ᠎ᠠ ᠵᠢᠳᠭᠦᠯ ᠦᠵᠡᠭᠦᠯᠦᠭᠰᠡᠨ ᠪᠢᠯᠡ ᠃  ( ᠪ  ᠂ ᠦᠨᠳᠤᠰᠤ ᠤᠷᠴᠢᠭᠤᠯᠪᠠ )
ᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ