ᠴᠢᠡᠭ ᠯᠦᠡᠭ ᠱᠠᠨ ‍ᠤ ᠪᠠᠷᠠᠭᠣᠨ ᠬᠠᠷ᠎ᠠ ᠭᠣᠤ ᠶ᠋ᠢᠨ ᠯᠢᠶᠣᠤ ᠣᠯᠣᠰ ‍ᠤᠨ ᠣᠡᠭᠭᠣᠨ

ᠣᠩᠰᠢᠭᠰᠠᠨ ᠤᠳᠠᠭ᠎ᠠ ᠄ 2962     ᠨᠡᠶᠢᠳᠡᠯᠡᠭᠰᠡᠨ ᠴᠠᠭ ᠄ 2016/4/22 17:21:51

 ᠨᠢᠬᠡ ᠂ ᠭᠠᠵᠠᠷ ᠵᠦᠢ ᠶ᠋ᠢᠨ ᠪᠠᠶᠢᠷᠢᠰᠢᠯ

        ᠲᠣᠰ ᠣᠡᠭᠭᠣᠨ ᠪᠣᠯ ᠮᠠᠨ ‍ᠤ ᠬᠣᠰᠢᠭᠣᠨ ‍ᠤ ᠴᠢᠡᠭ ᠯᠦᠡᠭ ᠱᠠᠨ ᠪᠠᠯᠭᠠᠰᠣᠨ ‍ᠤ ᠰᠢᠶᠠᠡᠭ ᠶᠠᠡᠭ  ᠰᠥᠸ᠋ᠸ ᠲᠣᠰᠬᠣᠨ ‍ᠤ ᠪᠠᠷᠠᠭᠣᠨ ᠬᠠᠷ᠎ᠠ ᠭᠣᠤ ᠶ᠋ᠢᠨ ᠠᠶᠢᠯ ᠡᠴᠠ ᠪᠠᠷᠠᠭᠣᠨ ᠡᠮᠣᠨ᠎ᠡ 100 ᠮᠸᠲ᠋ᠷ ‍ᠤᠨ ᠵᠠᠶᠢᠳᠠᠢ ᠪᠠᠶᠢᠭ᠎ᠠ ᠱᠠᠳᠣᠨ ᠲᠡᠷᠢᠶᠠᠨ ᠭᠠᠵᠠᠷ  ᠲᠦ ᠪᠣᠢ ᠃ ᠲᠡᠬᠦᠨ ‍ᠤ ᠭᠠᠵᠠᠷ ᠵᠦᠢ ᠶ᠋ᠢᠨ ᠪᠠᠶᠢᠷᠢᠰᠢᠯ ᠨᠢ ᠵᠡᠬᠦᠨ ᠣᠷᠳᠣᠷᠢᠭ ‍ᠤᠨ 121。09.589  ᠂ ᠣᠮᠠᠷᠠᠳᠣ ᠦᠷᠭᠡᠷᠢᠭ ‍ᠤᠨ 42。24.291 ᠳ᠋ᠤ ᠤᠷᠤᠰᠢᠵᠦ ᠂ ᠲᠠᠯᠠᠢ ᠶ᠋ᠢᠨ ᠲᠦᠪᠰᠢᠨ ᠡᠴᠠ 454 ᠮᠸᠲ᠋ᠷ ᠳᠡᠭᠡᠭᠰᠢ ᠡᠷᠬᠦᠭᠳᠡᠵᠣ ᠪᠠᠶᠢᠭ᠎ᠠ ᠪᠢᠯᠨ ᠃ ᠲᠠᠷᠣᠢ ᠣᠳᠣᠬᠢ ᠭᠣᠤ ᠣᠪᠣᠭᠳᠣ ᠶ᠋ᠢᠨ ᠳᠡᠭᠡᠳᠦᠰ ‍ᠤᠨ ᠪᠤᠯᠠᠰᠢᠨ ‍ᠤ ᠠᠭᠣᠯᠠ ᠶ᠋ᠢ ᠲᠦᠰᠢᠵᠣ ᠂ ᠪᠠᠷᠠᠭᠣᠨ  ᠂ ᠵᠡᠬᠦᠨ ᠂ ᠬᠣᠶᠢᠨ᠎ᠠ ᠲᠠᠯ᠎ᠠ ᠪᠠᠷ ᠢᠶᠡᠨ ᠠᠭᠣᠯᠠᠨ ᠳ᠋ᠥ ᠬᠦᠷᠢᠶᠡᠯᠡᠭᠳᠡᠭᠰᠡᠨ ᠪᠠᠶᠢᠳᠠᠭ ᠠᠵᠢ ᠃ ᠠᠭᠣᠯᠠᠨ ᠲᠡᠭᠡᠷ᠎ᠡ ᠨᠢ ᠣᠯᠢᠶᠠᠰᠣ ᠂ ᠬᠠᠶᠢᠯᠠᠰᠣᠨ ᠮᠣᠳᠣ ᠰᠡᠬᠦᠶᠢᠵᠣ ᠂ ᠣᠡᠭᠭᠣᠨ ‍ᠤ ᠡᠮᠣᠨᠡᠬᠦᠷ ᠭᠣᠷᠣᠬ᠎ᠠ ᠶ᠋ᠢᠨ ᠣᠷᠣᠰᠬᠠᠯ ᠲᠠᠢ ᠃ ᠲᠣᠰ ᠣᠡᠭᠭᠣᠨ ‍ᠤ ᠪᠠᠶᠢᠷᠢᠰᠢᠯ ᠨᠢ ᠴᠢᠡᠭ ᠯᠦᠡᠭ ᠱᠠᠨ ᠪᠠᠯᠭᠠᠰᠣᠨ ‍ᠤ ᠠᠷᠠᠳ ‍ᠤᠨ ᠵᠠᠰᠠᠭ ‍ᠤᠨ ᠣᠷᠳᠣᠨ ‍ᠤ ᠰᠠᠭᠤᠷᠢᠰᠢᠯ ᠡᠴᠠ 15 ᠺᠢᠯᠣᠮᠸᠲ᠋ᠷ ᠵᠠᠶᠢᠲᠠᠢ ᠃ ᠴᠸᠨ  ᠭᠥᠸ᠋ᠸ ᠬᠦᠡᠭᠵᠦ ᠪᠣᠯᠣᠨ ᠹᠦᠮᠠ ᠶ᠋ᠢ ᠬᠠᠮᠲᠤ ᠤᠷᠤᠰᠢᠭᠤᠯᠤᠭᠰᠠᠨ ᠤᠡᠭᠭᠤᠨ ᠡᠴᠠ ᠠᠰ ᠡᠮᠣᠨ᠎ᠡ 6 ᠺᠢᠯᠣᠮᠸᠲ᠋ᠷ ᠵᠠᠶᠢᠲᠠᠢ ᠃
       ᠲᠣᠰ ᠣᠡᠭᠭᠣᠨ ‍ᠤ ᠣᠷᠴᠢᠨ ᠳ᠋ᠥ ᠯᠢᠶᠣᠤ ᠣᠯᠣᠰ ‍ᠤᠨ ᠣᠡᠭᠭᠣᠨ ‍ᠤ ᠰᠦᠷᠦᠭ ᠪᠣᠢ ᠃ ᠲᠡᠬᠦᠨ ‍ᠤ ᠲᠣᠭᠣᠷᠢᠨ ᠳ᠋ᠤ ᠨᠢ ᠶᠡᠭᠡ ᠬᠡᠮᠵᠢᠶᠡᠨ ‍ᠤ ᠸᠠᠭᠠᠷ ᠰᠠᠪᠠ ᠂ ᠬᠡ ᠲᠠᠢ ᠭᠡᠯᠲᠡᠷᠭᠡᠢ ᠸᠠᠭᠠᠷ ᠂ ᠴᠢᠯᠠᠭᠤᠨ ᠬᠢᠳᠣᠭ᠎ᠠ ᠂ ᠴᠢᠯᠠᠭᠣᠨ ᠰᠦᠬᠡ ᠂  ᠱᠠᠭᠠᠵᠠᠡᠭ ‍ᠤᠨ ᠬᠠᠭᠠᠷᠬᠠᠢ ᠵᠡᠷᠭᠡ ᠪᠤᠢ ᠃ ᠡᠨᠡ ᠬᠦ ᠬᠠᠭᠤᠴᠢ ᠶ᠋ᠢᠨ ᠡᠵᠡᠯᠡᠵᠣ ᠪᠠᠶᠢᠭ᠎ᠠ ᠭᠠᠵᠠᠷ ᠨᠢ ᠦᠷᠭᠡᠨ ᠢᠶᠠᠷ ᠢᠶᠡᠨ 300 ᠮᠸᠲ᠋ᠷ ᠂ ᠣᠷᠳᠣ ᠪᠡᠷ ᠢᠶᠡᠨ 400 ᠮᠸᠲ᠋ᠷ ᠪᠠᠶᠢᠵᠣ ᠂ ᠪᠠᠷᠣᠭ 12 ᠲᠦᠮᠡᠨ ᠠᠮᠨ ᠮᠸᠲ᠋ᠷ ᠪᠣᠢ ᠃   

 ᠬᠣᠶᠠᠷ ᠂ ᠣᠡᠭᠭᠣᠨ ‍ᠤ ᠪᠦᠳᠣᠴᠡ
 
       ᠣᠡᠭᠭᠣᠨ ‍ᠤ ᠬᠦᠬᠡ ᠸᠠᠭᠠᠷ ‍ᠤᠨ ᠲᠣᠰᠠᠭᠠᠷ ᠲᠠᠰᠣᠭ  ᠲᠦ 3 ᠬᠡᠬᠦᠷ ‍ᠢ ᠬᠠᠮᠲᠤ ᠤᠷᠤᠰᠢᠭᠤᠯᠪᠠ ᠃ ᠲᠡᠬᠦᠨ ‍ᠤ ᠪᠠᠷᠢᠯᠭ᠎ᠠ ᠨᠢ ᠬᠣᠡᠭᠬᠢᠯ ᠂ ᠣᠡᠭᠭᠣᠨ ‍ᠤ ᠦᠷᠣᠭᠡ ᠪᠡᠷ ᠪᠦᠷᠢᠯᠳᠣᠪᠡ  ᠃ ᠲᠠᠯᠪᠢᠭᠰᠠᠨ ᠵᠦᠭ ᠨᠢ ᠵᠡᠬᠦᠨ ᠡᠮᠣᠨ᠎ᠡ ᠡᠴᠠ ᠪᠠᠷᠠᠭᠣᠨ ᠬᠣᠶᠢᠰᠢ ᠴᠢᠭᠯᠡᠯ ᠲᠠᠢ ᠃ ᠣᠡᠭᠭᠣᠨ ‍ᠤ ᠡᠬᠦᠳᠡᠨ ‍ᠤ ᠦᠨᠳᠣᠷ ᠨᠢ 162 ᠰᠡᠨᠲ᠋ᠢᠮᠸᠲ᠋ᠷ ᠂ ᠦᠷᠭᠡᠨ ᠨᠢ 100 ᠰᠡᠨᠲ᠋ᠢᠮᠸᠲ᠋ᠷ ᠂ ᠲᠣᠭᠣᠰᠬ᠎ᠠ ᠪᠡᠷ ᠦᠷᠣᠵᠣ ᠴᠠᠭᠠᠨ ᠴᠣᠬᠣᠢ ᠪᠡᠷ ᠦᠡᠭᠭᠡᠯᠡᠪᠡ ᠃ ᠬᠠᠨ᠎ᠠ ᠶ᠋ᠢᠨ ᠵᠢᠷᠣᠭ (ᠵᠠᠷᠢᠮ ᠨᠢ ᠬᠤᠯᠲᠤᠷᠠᠵᠠᠢ  )ᠲᠠᠢ ᠂ ᠲᠡᠬᠦᠨ ‍ᠤ ᠦᠨᠳᠣᠷ ᠨᠢ 70 ᠰᠡᠨᠲ᠋ᠢᠮᠸᠲ᠋ᠷ ᠂ ᠦᠷᠭᠡᠨ ᠨᠢ 135 ᠰᠡᠨᠲ᠋ᠢᠮᠸᠲ᠋ᠷ ᠪᠤᠢ ᠃ ᠣᠡᠭᠭᠣᠨ ‍ᠤ ᠭᠠᠳᠠᠨ᠎ᠠ 3 ᠳᠠᠪᠬᠤᠷ ᠬᠡᠪᠲᠡᠭᠡ ᠨᠠᠯᠠᠤ ᠬᠡᠯᠪᠡᠷᠢᠲᠦ ᠬᠦᠬᠡ ᠲᠣᠭᠣᠰᠬ᠎ᠠ ᠪᠠᠷ ᠪᠢᠳᠡᠬᠦᠯᠣᠭᠰᠡᠨ ᠡᠬᠦᠳᠡ ᠲᠠᠢ (ᠬᠦᠬᠡ ᠲᠣᠭᠣᠰᠬ᠎ᠠ ᠶ᠋ᠢᠨ ᠬᠡᠮᠵᠢᠶ᠎ᠡ ᠨᠢ 35×15×4 ᠰᠡᠡᠲ᠋ᠢᠮᠸᠲ᠋ᠷ  )᠃ ᠲᠤᠭᠤᠰᠬ᠎ᠠ ᠪᠠᠷ ᠪᠠᠷᠢᠭᠰᠠᠨ ᠣᠡᠭᠭᠣᠨ ‍ᠤ ᠬᠤᠡᠭᠬᠢᠯ ᠨᠢ ᠮᠦᠭᠡᠷᠦᠯᠵᠢᠨ ᠬᠡᠯᠪᠡᠷᠢ ᠲᠠᠢ ᠃ ᠰᠢᠪᠠᠭᠠᠰᠣ ᠶ᠋ᠢᠨ ᠵᠣᠵᠠᠭᠠᠨ ᠨᠢ 0.5 —1ᠰᠡᠡᠲ᠋ᠢᠮᠸᠲ᠋ᠷ ᠪᠤᠢ ᠃ ᠴᠠᠭᠠᠨ ᠲᠣᠬᠣᠢ ᠪᠡᠷ ᠦᠡᠭᠭᠡᠯᠡᠵᠡᠢ ᠃ ᠬᠤᠡᠭᠬᠢᠯ ‍ᠤᠨ ᠣᠷᠳᠣ ᠨᠢ 300 ᠰᠡᠨᠲ᠋ᠢᠮᠸᠲ᠋ᠷ ᠂ ᠦᠷᠭᠡᠨ ᠨᠢ 100 ᠰᠡᠨᠲ᠋ᠢᠮᠸᠲ᠋ᠷ ᠂ ᠦᠨᠳᠣᠷ ᠨᠢ 162 ᠰᠡᠨᠲ᠋ᠢᠮᠸᠲ᠋ᠷ ᠪᠣᠢ ᠃ ᠬᠤᠡᠭᠬᠢᠯ ᠪᠠ ᠣᠡᠭᠭᠣᠨ ‍ᠤ ᠵᠠᠯᠭᠠᠯᠳᠣᠭᠰᠠᠨ ᠭᠠᠵᠠᠷ ᠲᠤ ᠨᠢ ᠮᠦᠭᠡᠷᠦᠯᠵᠢᠨ ᠬᠡᠯᠪᠡᠷᠢ ᠶ᠋ᠢᠨ ᠮᠣᠳᠣᠨ ᠡᠬᠦᠳᠡ ᠲᠠᠢ ᠃ ᠲᠡᠷᠨ ᠨᠢ ᠡᠰᠡᠷᠬᠦᠯᠡᠵᠦ ᠨᠡᠭᠡᠭᠡᠳᠡᠭ ᠬᠣᠣᠰ ᠮᠤᠳᠤᠨ ᠬᠠᠭᠠᠯᠭ᠎ᠠ ᠠᠵᠢ ᠃ ᠦᠨᠳᠣᠷ ᠢᠶᠠᠷ ᠢᠶᠡᠨ 137 ᠰᠡᠨᠲ᠋ᠢᠮᠸᠲ᠋ᠷ ᠂ ᠲᠠᠡᠭ ᠬᠠᠭᠠᠯᠭ᠎ᠠ ᠶ᠋ᠢᠨ ᠦᠷᠭᠡᠨ ᠨᠢ 40 ᠰᠡᠨᠲ᠋ᠢᠮᠸᠲ᠋ᠷ ᠂ ᠵᠣᠵᠠᠭᠠᠨ ᠨᠢ 2.7 ᠰᠡᠨᠲ᠋ᠢᠮᠸᠲ᠋ᠷ ᠪᠣᠢ ᠃ ᠬᠣᠶᠠᠷ ᠮᠣᠳᠣᠨ ᠬᠠᠭᠠᠯᠭᠠᠨ ᠲᠡᠭᠡᠷ᠎ᠡ 7.5×7.5 ᠰᠡᠨᠲ᠋ᠢᠮᠸᠲ᠋ᠷ ‍ᠤᠨ ᠤᠭᠠᠯᠵᠨ ᠤᠷᠠᠯᠠᠭᠰᠠᠨ ᠲᠡᠮᠦᠷᠯᠢᠭ ᠵᠢᠮᠰᠡᠭ ᠰᠢᠬᠢᠳᠭᠡᠪᠡ ᠃ ᠵᠣᠵᠠᠭᠠᠨ ᠨᠢ 0.2ᠰᠡᠨᠲ᠋ᠢᠮᠸᠲ᠋ᠷ ᠃ ᠲᠡᠭᠦᠨ ‍ᠤ ᠳᠡᠭᠡᠷ᠎ᠡ ᠲᠡᠮᠦᠷᠯᠢᠭ ᠭᠠᠷᠠᠬ᠎ᠠ ᠲᠠᠭᠠᠷᠠᠭᠤᠯᠪᠠ ᠃ ᠮᠣᠳᠣᠨ ᠡᠬᠦᠳᠡᠨ ᠳᠡᠭᠡᠷ᠎ᠡ ᠭᠣᠷᠪᠠᠨ ᠮᠦᠷ ᠵᠢᠭᠳᠡᠷᠡᠬᠦᠯᠣᠨ ᠬᠠᠳᠠᠭᠰᠠᠨ ᠲᠡᠪ ᠬᠠᠲᠠᠭᠠᠰᠤ ᠲᠠᠢ ᠂ ᠮᠦᠷ ᠪᠦᠷᠢ ᠳ᠋ᠤ ᠨᠢ 8 ᠬᠠᠳᠠᠭᠠᠰᠤ ᠪᠤᠢ ᠃ ᠬᠦᠷᠢᠶᠡᠨ ‍ᠤ ᠣᠷᠳᠣ ᠨᠢ 2.5ᠰᠡᠨᠲ᠋ᠢᠮᠸᠲ᠋ᠷ ᠂ ᠬᠠᠴᠠᠪᠴᠢ ᠨᠢ 10 × 8 ᠰᠡᠨᠲ᠋ᠢᠮᠸᠲ᠋ᠷ ᠃ ᠡᠬᠦᠳᠡᠨ ‍ᠤ ᠲᠡᠭᠡᠷ᠎ᠡ ᠲᠠᠯ᠎ᠠ ᠨᠢ ᠨᠣᠮᠣ ᠶ᠋ᠢᠨ ᠬᠦᠪᠴᠢ ᠶ᠋ᠢᠨ ᠬᠡᠯᠪᠡᠷᠢ ᠲᠠᠢ ᠃ ᠣᠳᠠᠭᠠᠨ ᠣᠨ ᠪᠣᠯᠣᠭᠰᠠᠨ ᠡᠴᠠ ᠮᠣᠳᠣ ᠨᠢ ᠢᠯᠵᠠᠷᠠᠵᠣ ᠬᠤᠭᠵᠢᠷᠠᠪᠠ ᠃ ᠦᠷᠭᠡᠨ ᠢᠶᠠᠷ ᠢᠶᠡᠨ 8 ᠰᠡᠨᠲ᠋ᠢᠮᠸᠲ᠋ᠷ ᠂ ᠬᠦᠨ ᠨᠢ 3 ᠰᠡᠨᠲ᠋ᠢᠮᠸᠲ᠋ᠷ ᠪᠤᠢ ᠃ ᠡᠳᠡᠭᠡᠷ ᠡᠴᠠ ᠭᠠᠳᠠᠨ᠎ᠠ ᠬᠠᠴᠠᠪᠴᠢ ᠶ᠋ᠢᠨ ᠬᠤᠪᠢᠯ ‍ᠤᠨ ᠤᠷᠤᠮ ᠯᠠ ᠬᠠᠷᠠᠭᠳᠠᠨ᠎ᠠ ᠃ ᠣᠡᠭᠭᠣᠨ ‍ᠤ ᠦᠷᠣᠭᠡᠨ ‍ᠤ ᠲᠣᠣᠷ᠎ᠠ ᠬᠡᠰᠡᠭ ᠨᠢ ᠲᠡᠭᠰᠢ ᠲᠦᠷᠪᠡᠯᠵᠢᠨ ᠬᠡᠯᠪᠡᠷᠢ ᠲᠠᠢ ᠂ ᠲᠣᠣᠷ᠎ᠠ ᠬᠦᠪᠡᠭᠡ ᠶ᠋ᠢᠨ ᠣᠷᠳᠣ ᠨᠢ 370 × 370 ᠰᠡᠨᠲ᠋ᠢᠮᠸᠲ᠋ᠷ ᠃ ᠣᠡᠭᠭᠣᠨ ‍ᠤ ᠣᠷᠣᠢ ᠨᠢ ᠱᠠᠷᠢᠯ ‍ᠤᠨ ᠰᠣᠪᠣᠷᠭᠠᠨ ‍ᠤ ᠬᠡᠯᠪᠡᠷᠢ ᠲᠠᠢ ᠃ ᠣᠡᠭᠭᠣᠨ ‍ᠤ ᠲᠣᠳᠣᠷᠠᠬᠢ ᠬᠡᠷᠡᠮ ‍ᠤᠨ ᠦᠨᠳᠣᠷ ᠨᠢ 170 ᠰᠡᠨᠲ᠋ᠢᠮᠸᠲ᠋ᠷ ᠂ ᠣᠡᠭᠭᠣᠨ ‍ᠤ ᠰᠠᠭᠣᠷᠢ ᠲᠠᠯ᠎ᠠ ᠡᠴᠠ ᠣᠷᠣᠢ  ᠳ᠋ᠥ ᠲᠣᠯᠳᠠᠯ᠎ᠠ  370 ᠰᠡᠨᠲ᠋ᠢᠮᠸᠲ᠋ᠷ  ᠪᠣᠢ ᠃ ᠱᠠᠯᠨ ᠳᠡᠭᠡᠷ᠎ᠡ ᠨᠢ ᠬᠦᠭᠡ ᠲᠤᠭᠤᠰᠬ᠎ᠠ ᠳᠡᠪᠢᠰᠴᠠᠢ ᠃ ᠬᠡᠷᠡᠮ ᠂ ᠱᠠᠯᠨ ᠶ᠋ᠢᠨ ᠨᠢᠭᠣᠷ ‍ᠢ ᠨᠢ ᠴᠠᠭᠠᠨ ᠲᠣᠬᠣᠢ ᠪᠡᠷ ᠦᠡᠭᠭᠡᠯᠡᠪᠡ ᠃ ᠦᠡᠭᠭᠡᠯᠡᠭᠰᠡᠨ ᠱᠠᠯᠨ ᠶ᠋ᠢᠨ ᠵᠣᠵᠠᠭᠠᠨ ᠨᠢ 1ᠰᠡᠨᠲ᠋ᠢᠮᠸᠲ᠋ᠷ ᠂ ᠬᠠᠨ᠎ᠠ ᠶ᠋ᠢᠨ ᠵᠤᠵᠠᠭᠠᠨ ᠨᠢ 0.5 ~ 1 ᠰᠡᠨᠲ᠋ᠢᠮᠸᠲ᠋ᠷ ᠪᠠᠶᠢᠭ᠎ᠠ ᠠᠵᠢ ᠃

 ᠭᠣᠷᠪᠠ ᠂ ᠬᠣᠶᠢᠯᠭ᠎ᠠ ᠶ᠋ᠢᠨ ᠡᠳ᠋

       ᠲᠣᠰ ᠣᠡᠭᠭᠣᠨ ᠨᠢ ᠯᠢᠶᠣᠤ ᠣᠯᠣᠰ ‍ᠤᠨ ᠡᠷᠳ᠋ᠨ ᠦᠶ᠎ᠡ ᠶ᠋ᠢᠨ ᠤᠡᠭᠭᠤᠨ ᠶᠤᠮ ᠃ ᠤᠪᠤᠭ᠎ᠠ ᠪᠦᠷᠢᠨ ᠪᠦᠳᠣᠨ ᠬᠠᠳᠠᠭᠠᠯᠠᠭᠳᠠᠵᠤ ᠪᠤᠢ ᠃ ᠡᠷᠳ᠋ᠨ ᠦᠶ᠎ᠡ ᠳ᠋ᠤ ᠪᠠᠨ ᠬᠣᠯᠠᠭᠠᠶᠢᠯᠠᠭᠳᠠᠭᠰᠠᠨ ᠦᠬᠡᠢ ᠃ ᠰᠡᠬᠦᠯ ‍ᠤᠨ ᠦᠶ᠎ᠡ ᠳ᠋ᠤ ᠬᠤᠯᠠᠭᠠᠶᠢᠯᠠᠭᠳᠠᠪᠠ ᠃ ᠲᠣᠳᠣᠭᠠᠳᠣ ᠶ᠋ᠢ ᠬᠠᠮᠠᠭᠠᠯᠠᠬᠣ ᠪᠠᠶᠢᠭᠣᠯᠭ᠎ᠠ ᠶ᠋ᠢᠨ ᠬᠣᠷᠢᠶᠠᠵᠣ ᠠᠪᠣᠭᠰᠠᠨ ᠪᠠ ᠴᠡᠪᠡᠷᠯᠡᠨ ᠲᠣᠳᠣᠯᠠᠭᠰᠠᠨ ᠬᠣᠶᠢᠯᠭ᠎ᠠ ᠶ᠋ᠢᠨ ᠡᠳ᠋ ᠨᠢ ᠠᠪᠰᠠ ᠲᠠᠯᠪᠢᠬᠤ ᠵᠢᠵᠢᠭ ᠦᠷᠦᠭᠡ ᠂ ᠸᠠᠭᠠᠷ ᠱᠠᠭᠠᠵᠠᠡᠭ ‍ᠤᠨ ᠡᠳ᠋ᠯᠡᠯ ᠂ ᠮᠦᠡᠭᠬᠦᠨ ᠡᠳ᠋ᠯᠡᠯ ᠂ ᠵᠡᠰ ᠡᠳ᠋ᠯᠡᠯ ᠂ ᠬᠠᠰ ᠡᠳ᠋ᠯᠡᠯ ᠂ ᠬᠣᠪᠠ ᠵᠡᠷᠭᠡ ᠪᠣᠢ ᠃
       ( 1  )ᠠᠪᠰᠠ ᠲᠠᠯᠪᠢᠬᠤ ᠵᠢᠵᠢᠭ ᠦᠷᠦᠭᠡ
        ᠠᠪᠰᠠ ᠲᠠᠯᠪᠢᠬᠤ ᠵᠢᠵᠢᠭ ᠦᠷᠦᠭᠡ ᠶ᠋ᠢᠨ ᠬᠡᠮᠵᠢᠶ᠎ᠡ ᠨᠢ 260 × 260 × 230 ᠰᠡᠨᠲ᠋ᠢᠮᠸᠲ᠋ᠷ ᠃ ᠠᠪᠰᠠ ᠲᠠᠯᠪᠢᠬᠤ ᠵᠢᠵᠢᠭ ᠦᠷᠦᠭᠡ ᠶ᠋ᠢ ᠮᠠᠶᠢᠯᠠᠰᠣᠨ ᠮᠣᠳᠣ ᠪᠡᠷ ᠤᠷᠠᠯᠠᠪᠠ ᠃ ᠠᠮᠠ ᠰᠡᠭᠡᠷ ‍ᠢ ᠨᠢ ᠵᠤᠯᠭᠠᠭᠤᠯᠤᠭᠰᠠᠨ ᠪᠦᠳᠣᠴᠡ ᠲᠠᠢ ᠃ ᠲᠣᠣᠷ᠎ᠠ ᠬᠦᠪᠡᠬᠡ ᠨᠢ 10 ×10 ᠰᠡᠨᠲ᠋ᠢᠮᠸᠲ᠋ᠷ ‍ᠤᠨ ᠮᠠᠶᠢᠯᠠᠰᠣᠨ ᠮᠣᠳᠣ ᠂ ᠲᠦᠷᠪᠡᠨ ᠦᠨᠴᠣᠭ᠌ ‍ᠤᠨ ᠨᠢᠷᠣᠭᠣᠴᠢᠯᠠᠨ ᠵᠠᠯᠭᠠᠭᠰᠠᠨ ᠭᠡᠰᠡᠭ ᠨᠢ ᠵᠠᠭᠣᠵᠣ ᠲᠠᠭᠠᠷᠠᠪᠠ ᠃ ᠢᠷᠣᠭᠠᠷ ᠭᠡᠰᠡᠭ ‍ᠤᠨ ᠲᠦᠷᠪᠡᠯᠵᠢᠨ ᠮᠣᠳᠣ ᠨᠢ 2.7 ᠰᠡᠨᠲ᠋ᠢᠮᠸᠲ᠋ᠷ ᠦᠷᠭᠡᠨ ᠂ ᠬᠦᠨᠴᠡ ᠨᠢ 1ᠰᠡᠨᠲ᠋ᠢᠮᠸᠲ᠋ᠷ ‍ᠤᠨ ᠬᠤᠪᠢᠯ ᠲᠠᠢ ᠃ ᠬᠤᠪᠢᠯ ᠨᠢ ᠦᠷᠦᠭᠡᠨ ‍ᠤ ᠲᠦᠷᠪᠡᠨ ᠲᠠᠯ᠎ᠠ ᠶ᠋ᠢᠨ ᠬᠠᠪᠲᠠᠰᠤ ᠶ᠋ᠢ ᠲᠠᠭᠠᠷᠠᠭᠤᠯᠬᠤ ᠳ᠋ᠤ ᠭᠡᠷᠡᠭᠰᠡᠨ᠎ᠡ ᠃ ᠲᠦᠷᠪᠡᠨ ᠦᠨᠴᠣᠭ᠌ ᠲᠤ ᠨᠢ  ᠠᠮᠠ ᠰᠡᠭᠡᠷ ᠪᠦᠬᠦᠢ ᠲᠦᠷᠪᠡᠨ ᠲᠤᠯᠭᠠᠭᠤᠷ ᠪᠣᠰᠬᠠᠵᠡᠢ ᠃ ᠦᠨᠳᠣᠷ ‍ᠤᠨ ᠬᠡᠮᠵᠢᠶ᠎ᠡ ᠨᠢ 163 ᠰᠡᠨᠲ᠋ᠢᠮᠸᠲ᠋ᠷ  ᠂ ᠲᠤᠯᠭᠠᠭᠤᠷ ‍ᠤᠨ ᠪᠤᠰᠤᠳ ᠬᠡᠮᠵᠢᠶ᠎ᠡ ᠨᠢ 11.5×10.5 ᠰᠡᠨᠲ᠋ᠢᠮᠸᠲ᠋ᠷ ᠪᠤᠢ ᠃ ᠵᠡᠬᠦᠨ ᠂ ᠪᠠᠷᠠᠭᠣᠨ ᠂ ᠬᠣᠶᠢᠨ᠎ᠠ ᠭᠣᠷᠪᠠᠨ ᠨᠢᠭᠣᠷ ᠲᠠᠯ᠎ᠠ ᠲᠠᠢ ᠃ ᠦᠡᠴᠦᠭ ‍ᠤᠨ ᠲᠤᠯᠭᠠᠭᠤᠷ ᠶ᠋ᠢᠨ ᠳᠤᠮᠳᠠ ᠨᠢ ᠲᠣᠰ ᠪᠦᠷᠢ ᠬᠣᠶᠠᠷ ᠲᠣᠳᠣᠷ᠎ᠠ ᠪᠠᠭᠠᠨ᠎ᠠ ᠲᠠᠢ ᠂ ᠲᠣᠳᠣᠷ᠎ᠠ ᠪᠠᠭᠠᠨ᠎ᠠ ᠨᠢ 11.5×10.5 ᠰᠡᠨᠲ᠋ᠢᠮᠸᠲ᠋ᠷ ᠃ ᠡᠨᠡ ᠨᠢ ᠲᠠᠯ᠎ᠠ ᠪᠦᠷᠢ ᠶ᠋ᠢ ᠭᠤᠷᠪᠠ ᠠᠡᠭᠬᠢᠯᠠᠪᠠ ᠃ ᠲᠠᠯ᠎ᠠ ᠪᠦᠷᠢ ᠶ᠋ᠢᠨ ᠲᠤᠯᠭᠠᠭᠤᠷ ‍ᠤᠨ ᠲᠣᠮᠳᠠ 2.6 ᠰᠡᠨᠲ᠋ᠢᠮᠸᠲ᠋ᠷ ᠵᠣᠵᠠᠭᠠᠨ ᠮᠠᠶᠢᠯᠠᠰᠣᠨ ᠬᠠᠪᠳᠠᠰᠣ ᠲᠠᠢ ᠃ ᠭᠣᠣᠯ ᠲᠠᠯ᠎ᠠ ᠶ᠋ᠢᠨ ᠲᠣᠮᠳᠠ ᠮᠣᠳᠣᠨ ᠬᠠᠭᠠᠯᠭ᠎ᠠ ᠨᠢᠬᠡ ᠬᠣᠣᠰ ᠪᠣᠢ ᠃ ᠬᠠᠭᠠᠯᠭ᠎ᠠ ᠨᠢ ᠦᠷᠭᠡᠨ ᠢᠶᠠᠷ ᠢᠶᠡᠨ 80 ᠰᠡᠨᠲ᠋ᠢᠮᠸᠲ᠋ᠷ ᠂ ᠦᠨᠳᠣᠷ ᠢᠶᠠᠷ ᠢᠶᠡᠨ 120 ᠰᠡᠨᠲ᠋ᠢᠮᠸᠲ᠋ᠷ ᠂ ᠵᠣᠵᠠᠭᠠᠨ ᠨᠢ 2.5 ᠰᠡᠨᠲ᠋ᠢᠮᠸᠲ᠋ᠷ ᠃ ᠮᠤᠳᠤᠨ ᠬᠠᠭᠠᠯᠭᠠᠨ ᠳᠡᠭᠡᠷ᠎ᠡ ᠭᠣᠷᠪᠠᠨ ᠮᠦᠷ ᠬᠠᠳᠠᠭᠠᠰᠤ ᠲᠠᠢ ᠃ ᠮᠦᠷ ᠪᠦᠷᠢ ᠳ᠋ᠤ 10 ᠬᠠᠳᠠᠭᠠᠰᠤ ᠪᠤᠢ ᠃ ᠮᠤᠳᠤᠨ ᠬᠠᠭᠠᠯᠭᠠᠨ ᠲᠡᠭᠡᠷ᠎ᠡ ᠭᠠᠷᠠᠬ᠎ᠠ ᠲᠠᠢ ᠪᠠᠶᠢᠪᠠ ᠃ ᠭᠠᠷᠠᠬ᠎ᠠ ᠶ᠋ᠢᠨ ᠲᠣᠣᠷ᠎ᠠ ᠨᠢ ᠤᠭᠠᠯᠵᠨ ᠤᠷᠠᠯᠠᠭᠰᠠᠨ ᠲᠡᠮᠦᠷᠯᠢᠭ ᠬᠠᠪᠲᠠᠰᠤ ᠪᠤᠢ ᠃ ᠬᠠᠭᠠᠯᠭᠠᠨ ‍ᠤ ᠬᠣᠶᠠᠷ ᠬᠠᠵᠠᠭᠣ ᠳ᠋ᠤ ᠬᠢ ᠪᠤᠰᠤᠭ᠎ᠠ ᠲᠤᠯᠭᠠᠭᠤᠷ ‍ᠤᠨ ᠭᠠᠳᠠᠨ᠎ᠠ ᠬᠠᠷ᠎ᠠ ᠦᠡᠭᠭᠡᠲᠦ ᠢᠷᠣᠭᠠᠷ ‍ᠤᠨ ᠬᠠᠪᠳᠠᠰᠣ ᠪᠣᠢ ᠃ ᠲᠡᠭᠡᠷ᠎ᠡ ᠨᠢ ᠲᠦᠷᠪᠡᠨ ᠰᠠᠯᠠᠭ᠎ᠠ ᠲᠠᠢ ᠴᠡᠴᠡᠭ ‍ᠤᠨ ᠨᠠᠪᠴᠢ ᠪᠣᠯᠣᠨ ᠲᠦᠷᠪᠡᠨ ᠦᠷᠣᠮ᠎ᠡ ᠬᠣᠯᠠᠭᠠᠶᠢᠴᠢ ᠶ᠋ᠢᠨ ᠵᠢᠷᠣᠭ ᠵᠢᠷᠣᠵᠣ ᠂ ᠭᠠᠳᠠᠷ ᠲᠠᠯ᠎ᠠ ᠳ᠋ᠤ ᠨᠢ ᠪᠤᠲᠤᠭᠲᠤ ᠡᠬᠦᠳᠡᠨ ᠰᠠᠬᠢᠭᠣᠯᠰᠣᠨ ‍ᠤ ᠵᠢᠷᠣᠭ ᠵᠢᠷᠤᠵᠠᠢ ᠃ ᠦᠨᠳᠣᠷ ᠢᠶᠠᠷ ᠢᠶᠡᠨ 163 ᠰᠡᠨᠲ᠋ᠢᠮᠸᠲ᠋ᠷ ᠂ ᠦᠷᠭᠡᠨ ᠢᠶᠠᠷ ᠢᠶᠡᠨ 51 ᠰᠡᠨᠲ᠋ᠢᠮᠸᠲ᠋ᠷ ᠪᠣᠢ ᠃ ᠠᠪᠰᠨ ᠲᠠᠯᠪᠢᠬᠤ ᠵᠢᠵᠢᠭ ᠦᠷᠦᠭᠡᠨ ‍ᠤ ᠲᠡᠭᠡᠷ᠎ᠡ ᠲᠠᠯ᠎ᠠ ᠨᠢ ᠲᠦᠷᠪᠡᠨ ᠲᠠᠯ᠎ᠠ ᠶ᠋ᠢᠨ ᠬᠦᠷᠢᠶᠡᠯᠡᠭᠰᠡᠨ ᠬᠠᠪᠳᠠᠰᠣ ᠲᠠᠢ ᠪᠠᠨ ᠠᠮᠠ ᠰᠡᠭᠡᠷ ᠨᠡᠶᠢᠯᠡᠨ ᠂ ᠲᠦᠷᠪᠡᠨ ᠦᠨᠴᠣᠭ᠌ ᠨᠢ ᠲᠣᠰ ᠪᠦᠷᠢ ᠭᠠᠳᠠᠭᠰᠢ 6 ᠰᠡᠨᠲ᠋ᠢᠮᠸᠲ᠋ᠷ ᠰᠤᠨᠤᠭᠰᠠᠨ ᠠᠵᠢ ᠃ ᠬᠠᠪᠢᠰᠣᠯᠳᠣᠨ ᠵᠠᠯᠭᠠᠯᠳᠣᠭᠰᠠᠨ ᠨᠢ ᠶᠠᠭ ᠢᠮᠠᠭᠠᠨ ᠡᠪᠡᠷ ‍ᠤᠨ ᠭᠡᠯᠪᠡᠷᠢ ᠲᠠᠢ ᠃ ᠡᠬᠦᠳᠡ ᠶ᠋ᠢᠨ ᠲᠡᠭᠡᠷ᠎ᠡ ᠲᠠᠯ᠎ᠠ ᠶ᠋ᠢᠨ ᠲᠣᠮᠳᠠ ᠭᠡᠰᠡᠭ ᠲᠤ ᠬᠣᠣᠰ ᠴᠡᠴᠡᠭ ᠨᠠᠪᠴᠢ ᠵᠢᠷᠤᠵᠠᠢ ᠃ ᠬᠤᠶᠠᠷ ᠲᠠᠯ᠎ᠠ ᠳ᠋ᠤ ᠨᠢ ᠲᠤᠰ ᠲᠤᠰ ᠭᠤᠷᠪᠠᠨ ᠵᠢᠵᠢᠭ ᠬᠤᠸᠠᠷ ᠂ ᠬᠣᠣᠰ ᠡᠷᠪᠡᠭᠡᠢ ᠂ ᠭᠣᠷᠪᠠᠨ ᠦᠷᠣᠮ᠎ᠡ ᠬᠣᠯᠠᠭᠠᠶᠢᠴᠢ ᠵᠢᠷᠤᠪᠠ ᠃ ᠴᠡᠴᠡᠭ ‍ᠤᠨ ᠨᠠᠪᠴᠢᠨ ᠲᠡᠭᠡᠷ᠎ᠡ ᠬᠦᠳᠦᠭᠦᠷ ᠰᠡᠶᠢᠯᠣᠮᠠᠯ ᠤᠭᠠᠯᠵᠨ ᠲᠠᠢ ᠃ ᠤᠭᠠᠯᠵᠠᠨ ‍ᠤ ᠬᠣᠶᠠᠷ ᠬᠠᠵᠠᠭᠣ   ᠳ᠋ᠦ ᠨᠢᠭᠡ ᠭᠠᠷᠣᠳᠢ ᠂ ᠬᠣᠶᠠᠷ ᠲᠠᠰ ᠵᠢᠷᠤᠭᠠᠰᠤᠲᠠᠢ ᠃ ᠲᠠᠪᠬᠣᠷᠯᠢᠭ ᠰᠠᠷᠠᠪᠴᠢ ᠲᠣᠣᠷ᠎ᠠ ᠂ ᠡᠮᠣᠨ᠎ᠡ ᠂ ᠬᠣᠶᠢᠨ᠎ᠠ ᠂ ᠵᠡᠬᠦᠨ ᠂ ᠪᠠᠷᠠᠭᠣᠨ ᠲᠦᠷᠪᠡᠨ ᠲᠠᠯ᠎ᠠ ᠪᠡᠷ ᠨᠢ 10 ᠭᠣᠯᠳᠣᠡᠭ (ᠵᠠᠭ᠎ᠠ  )ᠡᠯᠬᠦᠵᠣ ᠂ ᠭᠣᠯᠳᠣᠡᠭ ‍ᠤᠨ ᠬᠣᠶᠠᠷ ᠬᠠᠵᠠᠭᠣ  ᠳ᠋ᠥ ᠬᠦᠳᠣᠬᠦᠷ ᠬᠣᠳᠣᠭᠣᠷ ᠤᠭᠠᠯᠵᠨ ᠰᠡᠶᠢᠯᠪᠦᠷᠢᠯᠡᠨ ᠦᠡᠭᠭᠡ ᠪᠣᠳᠣᠭ ᠰᠠᠭᠣᠯᠭᠠᠭᠰᠠᠨ ᠪᠠᠶᠢᠨ᠎ᠠ ᠃ ᠠᠪᠰᠠ ᠲᠠᠯᠪᠢᠬᠤ ᠵᠢᠵᠢᠭ ᠦᠷᠦᠭᠡ ᠨᠢ ᠭᠣᠷᠪᠠᠨ ᠲᠠᠰᠣᠯᠭ᠎ᠠ ᠪᠤᠢ ᠃ ᠲᠣᠳᠣᠷ᠎ᠠ ᠨᠢ ᠬᠣᠶᠠᠷ ᠶᠡᠭᠡ ᠲᠠᠮ ᠨᠢᠷᠣᠭᠣ ᠲᠠᠢ ᠂ ᠨᠢᠷᠣᠭᠣ ᠶ᠋ᠢᠨ ᠦᠨᠳᠣᠷ ᠨᠢ 65 ᠰᠡᠨᠲ᠋ᠢᠮᠸᠲ᠋ᠷ ᠂ ᠲᠡᠭᠡᠷ᠎ᠡ ᠨᠢᠷᠣᠭᠣ ᠶ᠋ᠢᠨ ᠣᠷᠳᠣ ᠨᠢ 131 ᠰᠡᠨᠲ᠋ᠢᠮᠸᠲ᠋ᠷ ᠪᠤᠢ ᠃ ᠦᠷᠣᠭᠡ ᠶ᠋ᠢᠨ ᠣᠷᠣᠢ ᠶ᠋ᠢ ᠮᠠᠶᠢᠯᠠᠰᠣᠨ ᠬᠠᠪᠳᠠᠰᠣ ᠪᠡᠷ ᠲᠡᠭᠡᠪᠣᠷᠢᠯᠡᠵᠣ ᠂ ᠵᠣᠵᠠᠭᠠᠨ ᠨᠢ 2.5 ᠰᠡᠨᠲ᠋ᠢᠮᠸᠲ᠋ᠷ (ᠵᠢᠵᠢᠭ ᠦᠷᠣᠭᠡ ᠶ᠋ᠢᠨ ᠣᠷᠣᠢ ᠶ᠋ᠢ ᠣᠡᠭᠭᠣᠨ ᠬᠤᠯᠠᠭᠠᠶᠢᠯᠠᠭᠴᠢ ᠡᠪᠳᠡᠵᠣ ᠂ ᠴᠡᠪᠡᠷᠯᠡᠬᠦ ᠦᠶ᠎ᠡ ᠳ᠋ᠤ ᠵᠦᠪᠬᠡᠨ 0.5 ᠠᠮᠨ ᠮᠸᠲ᠋ᠷ ᠬᠡᠰᠡᠭ ᠨᠢ ᠪᠦᠷᠢᠨ ᠪᠦᠳᠣᠨ ᠪᠠᠶᠢᠯ᠎ᠠ ᠃ ᠲᠡᠪᠢᠰᠣᠭᠰᠡᠨ ᠬᠠᠪᠲᠠᠰᠤ ᠪᠠᠨ ᠮᠠᠶᠢᠯᠠᠰᠤᠨ ᠮᠤᠳᠤ ᠪᠠᠷ ᠳᠠᠷᠤᠭᠤᠯᠤᠨ ᠬᠠᠳᠠᠵᠠᠢ ᠃ ᠵᠢᠵᠢᠭ ᠦᠷᠣᠭᠡ ᠶ᠋ᠢ ᠵᠢᠬᠢᠷᠢᠭᠯᠡᠨ ᠨᠠᠭᠠᠭᠰᠠᠨ ᠲᠣᠷᠭ᠎ᠠ ᠶ᠋ᠢ ᠣᠡᠭᠭᠣᠨ ᠠᠭᠣᠳᠠᠯᠠᠭᠴᠢ ᠡᠳᠡᠭᠡᠳ ᠡᠪᠳᠡᠵᠡᠢ  )᠃
       ᠠᠪᠰᠨ ᠲᠠᠯᠪᠢᠬᠤ ᠵᠢᠵᠢᠭ ᠦᠷᠦᠭᠡᠨ ‍ᠤ ᠲᠣᠳᠣᠷ᠎ᠠ ᠨᠢ AB ᠬᠤᠶᠠᠷ ᠬᠡᠬᠦᠷ ‍ᠤᠨ ᠣᠷᠣ ᠲᠠᠢ ᠂ ᠨᠢᠭᠡ ᠨᠢ ᠶᠡᠭᠡ ᠂ ᠨᠢᠭᠡ ᠨᠢ ᠪᠠᠭ᠎ᠠ ᠃ A ᠣᠷᠣ ᠨᠢ ᠣᠷᠳᠣ ᠪᠡᠷ ᠢᠶᠡᠨ 224 ᠰᠡᠨᠲ᠋ᠢᠮᠸᠲ᠋ᠷ ᠂ ᠦᠷᠭᠡᠨ ᠢᠶᠠᠷ ᠢᠶᠡᠨ 115  ᠰᠡᠨᠲ᠋ᠢᠮᠸᠲ᠋ᠷ ᠂ ᠦᠨᠳᠣᠷ ᠢᠶᠠᠷ ᠢᠶᠡᠨ 30 ᠰᠡᠨᠲ᠋ᠢᠮᠸᠲ᠋ᠷ ᠃ ᠬᠡᠬᠦᠷ ‍ᠤᠨ ᠣᠷᠣ ᠶ᠋ᠢᠨ ᠵᠡᠬᠦᠨ ᠂ ᠪᠠᠷᠠᠭᠣᠨ ᠂ ᠬᠣᠶᠢᠨ᠎ᠠ ᠭᠣᠷᠪᠠᠨ ᠲᠠᠯ᠎ᠠ ᠶ᠋ᠢᠨ ᠬᠦᠷᠢᠶ᠎ᠡ ᠨᠢ 12 ᠰᠡᠭᠡᠷ ᠨᠦᠬᠡ ᠲᠠᠢ ᠃ ᠬᠡᠪᠡᠴᠣ ᠮᠣᠳᠣᠨ ᠰᠡᠶᠢᠯᠣᠮᠡᠯ ᠨᠢ ᠦᠬᠡᠢ ᠪᠣᠯᠵᠡᠢ (ᠣᠡᠭᠭᠣᠨ ᠠᠭᠣᠳᠠᠯᠠᠭᠴᠢ ᠶ᠋ᠢᠨ ᠡᠪᠳᠡᠯᠭᠡ ᠡᠴᠠ ᠪᠤᠯᠵᠤ ᠲᠣᠳᠣᠷᠠᠬᠢ ᠶᠠᠭᠣᠮ᠎ᠠ ᠨᠢ ᠠᠯᠠᠭ᠎ᠠ ᠪᠣᠯᠵᠡᠢ  )᠃ B ᠣᠷᠣ ᠨᠢ A ᠣᠷᠣ ᠲᠠᠢ ᠪᠠᠨ ᠨᠠᠭᠠᠯᠳᠣᠵᠣ ᠪᠤᠢ ᠃ ᠣᠷᠳᠣ ᠪᠡᠷ ᠢᠶᠡᠨ 208 ᠰᠡᠨᠲ᠋ᠢᠮᠸᠲ᠋ᠷ ᠂ ᠦᠷᠭᠡᠨ ᠢᠶᠠᠷ ᠢᠶᠡᠨ 45  ᠰᠡᠨᠲ᠋ᠢᠮᠸᠲ᠋ᠷ ᠂ ᠦᠨᠳᠣᠷ ᠢᠶᠠᠷ ᠢᠶᠡᠨ 24 ᠰᠡᠨᠲ᠋ᠢᠮᠸᠲ᠋ᠷ ᠪᠠᠶᠢᠨ᠎ᠠ  ᠃
      (2  )ᠮᠦᠡᠭᠬᠦᠨ ᠡᠳ᠋ᠯᠡᠯ
      ᠮᠦᠡᠭᠭᠦᠨ ᠳᠡᠭᠡᠷ᠎ᠡ ᠠᠯᠲᠠ ᠪᠤᠯᠬᠠᠭᠰᠠᠨ ᠬᠣᠣᠰ ᠪᠠᠭ ᠢᠶᠠᠷ ᠲᠠᠯᠶᠢᠭᠴᠢ ᠶ᠋ᠢᠨ ᠨᠢᠭᠣᠷ ‍ᠢ ᠪᠦᠲᠡᠭᠡᠭᠰᠡᠨ ᠪᠠᠶᠢᠨ᠎ᠠ (ᠲᠡᠬᠦᠨ ‍ᠤ ᠲᠣᠳᠣᠷᠠᠬᠢ ᠨᠢᠬᠡ ᠪᠠᠭ ‍ᠤᠨ ᠬᠢᠨᠢ ᠬᠦᠮᠣᠰᠭᠡ ᠶ᠋ᠢᠨ ᠬᠣᠭᠣᠷᠣᠨᠳᠣ ᠴᠠᠪ ᠭᠠᠷᠣᠨ ᠂ ᠨᠦᠬᠦᠬᠡ ᠨᠢ ᠣᠡᠭᠭᠣᠨ ᠴᠡᠪᠡᠷᠯᠡᠬᠦ ᠦᠶ᠎ᠡ  ᠳ᠋ᠦ ᠵᠦᠪᠬᠡᠨ ᠠᠮᠨ ᠣᠷᠣᠭᠣᠯ ‍ᠤᠨ ᠭᠡᠰᠡᠭ ᠨᠢ ᠦᠯᠡᠳᠡᠪᠡ ᠃ ᠰᠣᠨᠣᠰᠣᠯᠳᠡ ᠪᠡᠷ ᠲᠣᠬᠠᠢ ᠶ᠋ᠢᠨ ᠦᠶ᠎ᠡ  ᠳ᠋ᠦ ᠤᠡᠭᠭᠤᠨ ᠬᠤᠯᠠᠭᠠᠶᠢᠯᠠᠭᠴᠢ ᠡᠳ᠋ ᠡᠷᠳᠡᠨᠢᠰ ‍ᠢ ᠨᠢ ᠪᠣᠯᠢᠶᠠᠯᠳᠣᠬᠣ ᠳ᠋ᠤ ᠪᠠᠨ ᠡᠪᠳᠡᠵᠡᠢ  )᠃ ᠨᠡᠯᠢᠶᠡᠳ ᠪᠦᠷᠢᠨ ᠪᠦᠳᠣᠨ ᠢᠶᠠᠷ ᠦᠯᠡᠳᠡᠭᠰᠡᠨ ᠨᠢ ᠡᠮᠡᠭᠲᠠᠢ ᠬᠦᠮᠣᠨ ‍ᠤ ᠨᠢᠭᠤᠷ ‍ᠤᠨ ᠪᠠᠭ ᠪᠣᠯᠣᠨ᠎ᠠ ᠃ ᠲᠡᠬᠦᠨ ‍ᠤ ᠴᠢᠷᠠᠢ ᠶ᠋ᠢᠨ ᠲᠦᠯᠣᠪ ᠨᠢ ᠵᠢᠭᠠᠬᠠᠨ ᠣᠷᠳᠣ ᠂ ᠨᠢᠳᠣ ᠨᠢ ᠵᠢᠭᠠᠬᠠᠨ ᠠᠨᠢᠭᠰᠠᠨ ᠰᠢᠭ᠋ ᠂ ᠣᠷᠣᠭᠣᠯ ᠨᠢ ᠨᠢᠮᠭᠡᠨ ᠂ ᠵᠠᠪᠠᠵᠢᠨ ‍ᠤ ᠲᠦᠯᠣᠪ ᠪᠠᠶᠢᠳᠠᠯ ᠨᠢ ᠲᠣᠳᠣ ᠪᠠᠶᠢᠪᠠ ᠃ ᠡᠨᠡ ᠬᠦ ᠪᠠᠭ ᠨᠢ ᠦᠨᠳᠣᠷ ᠢᠶᠠᠷ ᠢᠶᠡᠨ 20 ᠰᠡᠨᠲ᠋ᠢᠮᠸᠲ᠋ᠷ ᠂ ᠮᠠᠡᠭᠨᠠᠢ ᠶ᠋ᠢᠨ ᠦᠷᠭᠡᠨ ᠨᠢ 18 ᠰᠡᠨᠲ᠋ᠢᠮᠸᠲ᠋ᠷ ᠪᠠᠶᠢᠪᠠ  ᠃
      (3  )ᠵᠡᠰ ‍ᠤᠨ ᠡᠳ᠋ᠯᠡᠯ
 ᠮᠦᠡᠭᠬᠦ ᠪᠡᠷ ᠪᠤᠯᠬᠠᠭᠰᠠᠨ ᠵᠡᠰ ᠲᠣᠯᠢ ᠨᠢᠬᠡ ᠪᠤᠢ ᠃ ᠳ᠋ᠢᠶᠠᠮᠸᠲ᠋ᠷ ᠨᠢ 20 ᠰᠡᠨᠲ᠋ᠢᠮᠸᠲ᠋ᠷ ᠂ ᠵᠣᠵᠠᠭᠠᠨ ᠨᠢ 1ᠰᠡᠨᠲ᠋ᠢᠮᠸᠲ᠋ᠷ ᠃ ᠲᠣᠯᠢ ᠶ᠋ᠢᠨ ᠠᠷᠣ ᠳ᠋ᠣ ᠨᠢ ᠦᠵᠣᠮ ᠶ᠋ᠢᠨ ᠤᠭᠠᠯᠵᠨ ᠲᠠᠢ ᠂ ᠬᠦᠬᠦᠷᠭᠡᠨ ᠬᠡᠯᠪᠡᠷᠢᠲᠦ ᠰᠠᠨᠵᠢ ᠲᠠᠢ ᠃ ᠮᠦᠡᠭᠬᠦᠨ ᠪᠣᠯᠬᠠᠭᠠᠷᠢ ᠨᠢ ᠬᠡᠷᠡᠯ ᠰᠠᠴᠣᠷᠠᠵᠣ ᠂ ᠮᠢᠡᠭᠭᠠᠨ ᠣᠨ ᠪᠤᠯᠠᠭᠳᠠᠭᠰᠠᠨ ᠪᠣᠯᠪᠠᠴᠣ ᠮᠦᠨ ᠲᠤᠯᠢᠳᠠᠵᠤ ᠪᠤᠯᠳᠠᠭ ᠃
         ᠵᠡᠰ ᠰᠢᠨᠠᠭ᠎ᠠ ᠨᠢᠬᠡ ᠪᠤᠢ ᠃ ᠵᠡᠰ ᠰᠢᠨᠠᠭ᠎ᠠ ᠨᠢ ᠬᠠᠪᠳᠠᠭᠠᠢ ᠵᠣᠣᠪᠠᠡᠭ ᠬᠡᠯᠪᠡᠷᠢ ᠲᠠᠢ ᠂  ᠪᠠᠷᠢᠭᠣᠯ ᠨᠢ ᠣᠷᠳᠣ ᠮᠦᠷᠲᠡᠭᠡᠨ ᠮᠣᠷᠣᠢ ᠃ ᠰᠢᠨᠠᠭ᠎ᠠ ᠶ᠋ᠢᠨ ᠡᠰᠢ ᠨᠢ ᠬᠡᠯᠳᠡᠷᠭᠡᠢ ᠂ ᠣᠷᠳᠣ ᠨᠢ 27 ᠰᠡᠨᠲ᠋ᠢᠮᠸᠲ᠋ᠷ ᠪᠤᠢ ᠃
 ᠠᠯᠳᠠ ᠪᠡᠷ ᠪᠤᠯᠬᠠᠭᠰᠠᠨ ᠵᠡᠰ ᠪᠤᠷᠴᠠᠭ ᠨᠢᠬᠡ ᠪᠤᠢ ᠃ ᠲᠡᠬᠦᠨ ‍ᠤ ᠳ᠋ᠢᠶᠠᠮᠸᠲ᠋ᠷ ᠨᠢ 19.6 ᠰᠡᠨᠲ᠋ᠢᠮᠸᠲ᠋ᠷ ᠂ ᠦᠵᠦᠬᠦᠷ ‍ᠤᠨ ᠳ᠋ᠢᠶᠠᠮᠸᠲ᠋ᠷ ᠨᠢ 11ᠰᠡᠨᠲ᠋ᠢᠮᠸᠲ᠋ᠷ ᠂ ᠦᠨᠳᠣᠷ ᠨᠢ 5.7 ᠰᠡᠨᠲ᠋ᠢᠮᠸᠲ᠋ᠷ ᠂ ᠪᠦᠷᠢᠨ ᠪᠦᠳᠣᠨ ᠃
 ᠠᠯᠳᠠ ᠪᠡᠷ ᠪᠣᠯᠬᠠᠭᠰᠠᠨ ᠵᠡᠰ ᠠᠶᠠᠭ᠎ᠠ ᠨᠢᠬᠡ ᠪᠤᠢ ᠃ ᠳ᠋ᠢᠶᠠᠮᠸᠲ᠋ᠷ ᠨᠢ 17.5 ᠰᠡᠨᠲ᠋ᠢᠮᠸᠲ᠋ᠷ ᠂ ᠦᠨᠳᠣᠷ ᠨᠢ 8.5 ᠰᠡᠨᠲ᠋ᠢᠮᠸᠲ᠋ᠷ ᠂ ᠢᠷᠣᠭᠠᠷ ‍ᠤᠨ ᠳ᠋ᠢᠶᠠᠮᠸᠲ᠋ᠷ ᠨᠢ 9.5 ᠰᠡᠨᠲ᠋ᠢᠮᠸᠲ᠋ᠷ  ᠃ ᠪᠦᠷᠢᠨ ᠪᠦᠳᠣᠨ ᠃
       (4  )ᠸᠠᠭᠠᠷ ᠱᠠᠭᠠᠵᠠᠡᠭ ‍ᠤᠨ ᠡᠳ᠋ᠯᠡᠯ
        ᠴᠠᠭᠠᠨ ᠰᠢᠯ ᠪᠣᠳᠣᠭ ᠲᠠᠢ ᠬᠣᠸᠠᠷ ᠰᠡᠶᠢᠯᠣᠭᠰᠡᠨ ᠪᠠᠷᠢᠭᠣᠯ ᠲᠠᠢ ᠲᠠᠡᠭᠬᠣ ᠨᠢᠬᠡ ᠢᠵᠢ ᠪᠤᠢ ᠃ ᠠᠶᠠᠭᠠᠨ ᠠᠮᠠᠰᠠᠷ ‍ᠤᠨ ᠳ᠋ᠢᠶᠠᠮᠸᠲ᠋ᠷ ᠨᠢ 18 ᠰᠡᠨᠲ᠋ᠢᠮᠸᠲ᠋ᠷ ᠂ ᠢᠷᠣᠭᠠᠷ ‍ᠤᠨ ᠳ᠋ᠢᠶᠠᠮᠸᠲ᠋ᠷ ᠨᠢ 9 ᠰᠡᠨᠲ᠋ᠢᠮᠸᠲ᠋ᠷ ᠂ ᠦᠨᠳᠣᠷ ᠨᠢ 11.5 ᠰᠡᠨᠲ᠋ᠢᠮᠸᠲ᠋ᠷ ᠃ ᠪᠠᠷᠢᠭᠣᠯ ᠲᠠᠢ ᠲᠠᠡᠭᠬᠣ ᠶ᠋ᠢᠨ ᠦᠨᠳᠣᠷ ᠨᠢ 17 ᠰᠡᠨᠲ᠋ᠢᠮᠸᠲ᠋ᠷ  ᠂ ᠲᠠᠡᠭᠬᠣ ᠶ᠋ᠢᠨ ᠠᠮᠠ ᠶ᠋ᠢᠨ ᠳ᠋ᠢᠶᠠᠮᠸᠲ᠋ᠷ ᠨᠢ 5 ᠰᠡᠨᠲ᠋ᠢᠮᠸᠲ᠋ᠷ ᠂ ᠭᠣᠣᠯ ᠪᠡᠶ᠎ᠡ ᠶ᠋ᠢᠨ ᠬᠦᠳᠣᠬᠦᠷ ᠬᠡᠰᠡᠭ ᠶ᠋ᠢᠨ ᠳ᠋ᠢᠶᠠᠮᠸᠲ᠋ᠷ ᠨᠢ 8 ᠰᠡᠨᠲ᠋ᠢᠮᠸᠲ᠋ᠷ ᠂ ᠠᠮᠠᠰᠠᠷ ᠨᠢ ᠪᠠᠬᠠᠨ ᠬᠡᠯᠳᠡᠷᠭᠡᠢ ᠃
        ᠨᠤᠯᠮᠤᠰᠤᠨ ‍ᠤ ᠬᠤᠪᠢᠡᠭ 1 ᠬᠣᠪᠢ ᠪᠤᠢ ᠃ ᠨᠠᠷᠢᠨ ᠬᠦᠵᠣᠬᠦᠤ ᠂ ᠦᠷᠭᠡᠨ ᠠᠮᠠᠰᠠᠷ ᠂ ᠬᠦᠳᠣᠬᠦᠷ ᠬᠡᠪᠡᠯᠢ ᠂ ᠲᠣᠭᠣᠷᠢᠭ ᠰᠠᠭᠣᠷᠢ ᠂ ᠲᠦᠬᠦᠷᠢᠭ ᠬᠦᠯ ᠲᠠᠢ ᠃ ᠠᠮᠠᠰᠠᠷ ‍ᠤᠨ ᠳ᠋ᠢᠶᠠᠮᠸᠲ᠋ᠷ ᠨᠢ 18.5 ᠰᠡᠨᠲ᠋ᠢᠮᠸᠲ᠋ᠷ ᠂ ᠰᠠᠭᠣᠷᠢ ᠶ᠋ᠢᠨ ᠳ᠋ᠢᠶᠠᠮᠸᠲ᠋ᠷ ᠨᠢ 8 ᠰᠡᠨᠲ᠋ᠢᠮᠸᠲ᠋ᠷ ᠂ ᠦᠨᠳᠣᠷ ᠨᠢ 13 ᠰᠡᠨᠲ᠋ᠢᠮᠸᠲ᠋ᠷ ᠂ ᠬᠡᠪᠡᠯᠢ ᠶ᠋ᠢᠨ ᠳ᠋ᠢᠶᠠᠮᠸᠲ᠋ᠷ ᠨᠢ 11ᠰᠡᠨᠲ᠋ᠢᠮᠸᠲ᠋ᠷ ᠂ ᠪᠦᠷᠢᠨ ᠪᠦᠳᠣᠨ ᠃
         ᠬᠣᠸᠠᠷ ‍ᠤᠨ ᠬᠡᠯᠪᠡᠷᠢᠳᠣ ᠠᠮᠠᠰᠠᠷ ᠲᠠᠢ ᠬᠦᠬᠡ ᠱᠠᠭᠠᠵᠠᠡᠭ ᠠᠶᠠᠭ᠎ᠠ 4 ᠪᠤᠢ ᠃ ᠠᠮᠠᠰᠠᠷ ᠨᠢ ᠨᠢᠮᠭᠡᠨ ᠂ ᠭᠠᠳᠠᠭᠰᠢ ᠰᠠᠷᠪᠠᠭᠠᠷ ᠂ ᠨᠣᠮᠣᠨ ᠭᠡᠯᠪᠡᠷᠢᠳᠣ ᠭᠡᠪᠡᠯᠢ ᠲᠠᠢ ᠂ ᠲᠠᠪᠣᠨ ᠬᠣᠸᠠᠷ ‍ᠤᠨ ᠲᠡᠯᠪᠢ ᠲᠠᠢ ᠂ ᠴᠠᠭᠠᠨ ᠦᠡᠭᠭᠡᠨ ᠳᠡᠭᠡᠷ᠎ᠡ ᠬᠦᠬᠡ ᠰᠢᠯ ᠪᠣᠳᠣᠭ ᠲᠠᠢ ᠃ ᠠᠮᠠᠰᠠᠷ ‍ᠤᠨ ᠳ᠋ᠢᠶᠠᠮᠸᠲ᠋ᠷ ᠨᠢ 12 ᠰᠡᠨᠲ᠋ᠢᠮᠸᠲ᠋ᠷ  ᠂ ᠰᠠᠭᠣᠷᠢ ᠶ᠋ᠢᠨ ᠳ᠋ᠢᠶᠠᠮᠸᠲ᠋ᠷ ᠨᠢ 4 ᠰᠡᠨᠲ᠋ᠢᠮᠸᠲ᠋ᠷ ᠂ ᠦᠨᠳᠣᠷ ᠨᠢ 4 ᠰᠡᠨᠲ᠋ᠢᠮᠸᠲ᠋ᠷ ᠃ ᠪᠦᠷᠢᠨ ᠪᠦᠳᠣᠨ ᠃
 ᠨᠣᠭᠣᠭᠠᠨ ᠦᠡᠭᠭᠡᠳᠣ ᠲᠠᠬᠢᠶᠠᠨ ᠴᠡᠴᠡᠭ ᠶ᠋ᠢᠨ ᠲᠠᠡᠭᠬᠣ 2 ᠬᠣᠪᠢ ᠪᠤᠢ ᠃ ᠲᠠᠡᠭᠬᠣ ᠶ᠋ᠢᠨ ᠪᠡᠶ᠎ᠡ ᠨᠢ ᠲᠦᠷᠪᠡᠯᠵᠢᠨ ᠭᠡᠯᠪᠡᠷᠢ ᠲᠠᠢ ᠂ ᠣᠨᠵᠶᠢᠭᠰᠠᠨ ᠭᠡᠪᠡᠯᠢ ᠂ ᠰᠢᠯᠣᠭᠣᠨ ᠠᠮᠠᠰᠠᠷ ᠲᠠᠢ ᠃ ᠴᠢᠬᠢ ᠨᠢ ᠬᠣᠶᠠᠷ ᠲᠦᠷᠪᠡᠯᠵᠢᠨ ᠨᠦᠬᠡ ᠲᠠᠢ ᠂ ᠴᠢᠬᠢᠨ ᠲᠣᠮᠳᠠ ᠨᠢ ᠡᠮᠡᠭᠡᠯ ‍ᠤᠨ ᠭᠡᠯᠪᠡᠷᠢ ᠲᠠᠢ ᠂ ᠬᠡᠪᠡᠯᠢ ᠳ᠋ᠤ ᠨᠢ ᠣᠭᠠᠯᠵᠠ ᠵᠢᠷᠣᠭ ᠲᠠᠢ ᠂ ᠬᠠᠵᠠᠭᠤ ᠲᠠᠯ᠎ᠠ ᠳ᠋ᠤ ᠨᠢ ᠬᠦᠳᠣᠶᠢᠵᠣ ᠭᠠᠷᠣᠭᠰᠠᠨ ᠲᠠᠭᠣᠷᠢᠶᠠᠮᠠᠯ ᠠᠷᠠᠰᠤᠨ ᠣᠶᠣᠳᠠᠯ ‍ᠤᠨ ᠣᠭᠠᠯᠵᠠ ᠲᠠᠢ ᠃ ᠡᠤᠤᠯ ᠬᠡᠪ ᠨᠢ ᠣᠯᠠᠭᠠᠨ ᠪᠣᠷᠣ ᠦᠡᠭᠭᠡ ᠲᠠᠢ ᠂ ᠨᠣᠭᠣᠭᠠᠨ ᠢᠶᠠᠷ ᠰᠢᠷᠳᠡᠭᠰᠡᠨ ᠪᠠᠶᠢᠳᠠᠭ ᠂ ᠦᠨᠳᠣᠷ ᠨᠢ 20.5 ᠰᠡᠨᠲ᠋ᠢᠮᠸᠲ᠋ᠷ ᠂ ᠰᠣᠶᠢᠳᠣᠯ ᠦᠬᠡᠢ ᠪᠦᠷᠢᠨ ᠪᠦᠳᠣᠨ ᠃
ᠪᠡᠭᠡ ᠵᠢᠭᠤᠷᠠᠬᠤ ᠳ᠋ᠤ ᠭᠡᠷᠡᠭᠯᠡᠳᠡᠭ ᠴᠠᠭᠠᠨ ᠦᠡᠭᠭᠡᠲᠦ ᠤᠰᠤᠨ ‍ᠤ ᠰᠠᠪᠠ ᠨᠢᠬᠡ ᠪᠤᠢ ᠃ ᠠᠮᠠᠰᠠᠷ ‍ᠤᠨ ᠳ᠋ᠢᠶᠠᠮᠸᠲ᠋ᠷ ᠨᠢ 4 ᠰᠡᠨᠲ᠋ᠢᠮᠸᠲ᠋ᠷ  ᠂ ᠢᠷᠣᠭᠠᠷ ‍ᠤᠨ ᠳ᠋ᠢᠶᠠᠮᠸᠲ᠋ᠷ ᠨᠢ 9.5 ᠰᠡᠨᠲ᠋ᠢᠮᠸᠲ᠋ᠷ ᠂ ᠦᠨᠳᠣᠷ ᠢᠶᠠᠷ ᠢᠶᠡᠨ 9.5 ᠰᠡᠨᠲ᠋ᠢᠮᠸᠲ᠋ᠷ ᠃ ᠪᠦᠷᠢᠨ ᠪᠦᠳᠣᠨ ᠃
       (5  ) ᠬᠠᠰ ᠡᠳ᠋ᠯᠡᠯ
        ᠴᠠᠭᠠᠨ ᠬᠠᠰ ‍ᠤᠨ ᠬᠣᠣᠰ ᠵᠢᠭᠠᠰᠣᠨ ᠡᠳ᠋ᠯᠡᠯ 1 ᠬᠣᠪᠢ ᠪᠤᠢ ᠃ ᠣᠷᠳᠣ ᠨᠢ 2.5 ᠰᠡᠨᠲ᠋ᠢᠮᠸᠲ᠋ᠷ  ᠂ ᠦᠷᠭᠡᠨ ᠨᠢ 2 ᠰᠡᠨᠲ᠋ᠢᠮᠸᠲ᠋ᠷ  ᠃ ᠪᠦᠷᠢᠨ ᠪᠦᠳᠣᠨ ᠃
       (6  )ᠲᠡᠮᠦᠷᠯᠢᠭ ᠡᠳ᠋ᠯᠡᠯ
        ᠲᠡᠮᠦᠷ ᠵᠢᠭᠠᠰᠣᠨ ᠭᠣᠬ᠎ᠠ 2 ᠬᠣᠪᠢ ᠪᠤᠢ ᠃ ᠨᠢᠬᠡ ᠨᠢ ᠪᠦᠷᠢᠨ ᠂ ᠨᠦᠬᠦᠭᠡ ᠨᠢ ᠪᠦᠷᠢᠨ ᠪᠣᠰᠣ ᠂ ᠣᠷᠳᠣ ᠨᠢ  24 ᠰᠡᠨᠲ᠋ᠢᠮᠸᠲ᠋ᠷ  ᠂ ᠭᠣᠬ᠎ᠠ ᠶ᠋ᠢᠨ ᠦᠵᠦᠬᠦᠷ ‍ᠤᠨ ᠦᠷᠭᠡᠨ ᠨᠢ 2.7 ᠰᠡᠨᠲ᠋ᠢᠮᠸᠲ᠋ᠷ  ᠃
 ᠲᠡᠮᠦᠷ ᠵᠢᠭᠠᠰᠣᠨ ᠰᠡᠷᠡᠭᠡ 1ᠬᠣᠪᠢ ᠪᠤᠢ ᠃ ᠰᠡᠷᠡᠭᠡ ᠨᠢ 《 山  》 ᠦᠰᠣᠭ᠌ ‍ᠤᠨ ᠭᠡᠯᠪᠡᠷᠢ ᠲᠠᠢ ᠂ ᠪᠤᠷᠤᠭᠤ ᠬᠠᠡᠳᠤᠭᠰᠠᠨ ᠳᠡᠭᠡᠭᠡ ᠲᠠᠢ ᠃ ᠰᠡᠷᠡᠭᠡ ᠶ᠋ᠢᠨ ᠬᠡᠰᠡᠭ ‍ᠤᠨ ᠦᠷᠭᠡᠨ ᠨᠢ 4 ᠰᠡᠨᠲ᠋ᠢᠮᠸᠲ᠋ᠷ ᠂ ᠣᠷᠳᠣ ᠨᠢ 26 ᠰᠡᠨᠲ᠋ᠢᠮᠸᠲ᠋ᠷ ᠃
        ᠲᠡᠮᠦᠷ ᠰᠦᠬᠡ 1 ᠬᠣᠪᠢ ᠪᠤᠢ ᠃ ᠣᠷᠳᠣ ᠨᠢ 13 ᠰᠡᠨᠲ᠋ᠢᠮᠸᠲ᠋ᠷ ᠂ ᠰᠦᠬᠡ ᠶ᠋ᠢᠨ ᠳᠤᠬᠤ ᠶ᠋ᠢᠨ ᠦᠷᠭᠡᠨ ᠨᠢ 2.7 ᠰᠡᠨᠲ᠋ᠢᠮᠸᠲ᠋ᠷ  ᠂ ᠢᠷ ‍ᠤᠨ ᠬᠡᠰᠡᠭ ‍ᠤᠨ ᠤᠷᠲᠤ ᠨᠢ 4 ᠰᠡᠨᠲ᠋ᠢᠮᠸᠲ᠋ᠷ ᠃
 
ᠲᠡᠬᠦᠰᠭᠡᠯ ‍ᠤᠨ ᠦᠬᠡ

        ᠴᠢᠡᠭ ᠯᠦᠡᠭ ᠱᠠᠨ ‍ᠤ ᠪᠠᠷᠠᠭᠣᠨ ᠬᠠᠷ᠎ᠠ ᠭᠣᠤ ᠶ᠋ᠢᠨ ᠯᠢᠶᠣᠤ ᠣᠯᠣᠰ ‍ᠤᠨ ᠣᠡᠭᠭᠣᠨ ‍ᠢ ᠴᠡᠪᠡᠷᠯᠡᠭᠰᠡᠨ ᠪᠠᠶᠢᠳᠠᠯ ‍ᠢ ᠵᠦᠪᠬᠡᠨ ᠬᠣᠪᠢ ᠬᠦᠮᠣᠨ ‍ᠤ ᠣᠡᠭᠭᠣᠨ ‍ᠢ ᠴᠡᠪᠡᠷᠯᠡᠵᠣ ᠲᠡᠭᠰᠢᠯᠡᠭᠰᠡᠨ ᠪᠠᠶᠢᠳᠠᠯ ᠢᠶᠡᠨ ᠦᠨᠳᠣᠰᠣᠯᠡᠵᠣ ᠨᠠᠶᠢᠷᠠᠭᠣᠯᠣᠭᠰᠠᠨ ᠪᠠᠶᠢᠨ᠎ᠠ ᠃ ᠮᠠᠲ᠋ᠸᠷᠢᠶᠠᠯ  ᠳ᠋ᠦ ᠲᠣᠷᠠᠳᠣᠭᠰᠠᠨ ᠣᠡᠭᠭᠣᠨ ‍ᠤ ᠭᠡᠯᠪᠡᠷᠢ ᠂ ᠣᠡᠭᠭᠣᠨ ‍ᠤ ᠲᠣᠳᠣᠷᠠᠬᠢ ᠠᠪᠰᠠ ᠶ᠋ᠢᠨ ᠵᠢᠵᠢᠭ ᠦᠷᠣᠭᠡ ᠵᠢᠴᠢ ᠮᠠᠯᠳᠠᠵᠣ ᠭᠠᠷᠭᠠᠭᠰᠠᠨ ᠬᠠᠭᠣᠴᠢ ᠡᠳ᠋ ᠪᠣᠯᠣᠨ ᠨᠠᠢᠮᠠᠨ ᠬᠣᠰᠢᠭᠣᠨ ‍ᠤ ᠲᠣᠳᠣᠭᠠᠳᠣ ᠶ᠋ᠢ ᠬᠠᠮᠠᠭᠠᠯᠠᠬᠣ ᠲᠣᠪᠴᠢᠶ᠎ᠠ ᠶ᠋ᠢᠨ ᠬᠣᠷᠢᠶᠠᠮᠵᠢᠯᠡᠵᠣ ᠠᠪᠣᠭᠰᠠᠨ ᠲᠡᠣᠭᠡ ᠶ᠋ᠢᠨ ᠬᠠᠭᠣᠴᠢ ᠪᠣᠳᠠᠰ ‍ᠢ ᠵᠦᠪᠬᠡᠨ ᠣᠡᠭᠭᠣᠨ ‍ᠤ ᠪᠣᠳᠠᠳᠣ ᠪᠠᠶᠢᠳᠠᠯ ᠪᠠ ᠶᠠᠯᠠᠳᠠᠳ ‍ᠤᠨ ᠲᠣᠰᠢᠶᠠᠭᠰᠠᠨ ᠲᠡᠮᠳᠡᠭᠯᠡᠯ ᠲᠠᠢ ᠬᠠᠷᠢᠴᠠᠭᠣᠯᠵᠣ ᠂ ᠲᠣᠪᠴᠢ ᠪᠡᠷ ᠲᠠᠶᠢᠯᠪᠣᠷᠢᠯᠠᠭᠰᠠᠨ ᠪᠠᠶᠢᠨ᠎ᠠ ᠃ ᠬᠡᠬᠦᠷ ᠠᠭᠣᠳᠠᠯᠠᠭᠴᠢ ᠡᠳᠡᠭᠡᠳ ‍ᠢ ᠪᠦᠷᠢᠮᠣᠰᠣᠨ ᠪᠠᠷᠢᠪᠴᠢᠯᠡᠵᠣ ᠲᠡᠶᠢᠯᠣᠭᠰᠡᠨ ᠦᠬᠡᠢ ᠲᠣᠯᠠ ᠲᠠᠨᠢᠯᠴᠠᠭᠣᠯᠣᠭᠰᠠᠨ ᠨᠢ ᠵᠦᠪᠬᠡᠨ ᠨᠢᠬᠡᠨ ᠬᠡᠰᠡᠭ ᠪᠣᠯᠣᠨ᠎ᠠ ᠃
       ᠪᠠᠷᠠᠭᠣᠨ ᠬᠠᠷ᠎ᠠ ᠭᠣᠤ ᠳ᠋ᠤ ᠯᠢᠶᠣᠤ ᠣᠯᠣᠰ ‍ᠤᠨ ᠡᠷᠳᠡ ᠦᠶ᠎ᠡ ᠶ᠋ᠢᠨ ᠢᠵᠠᠭᠣᠷᠳᠠᠨ ‍ᠤ ᠣᠡᠭᠭᠣᠨ ‍ᠤ ᠰᠦᠷᠣᠭ᠌ ᠪᠠᠶᠢᠭ᠎ᠠ ᠶᠤᠮ ᠃ 100 ᠮᠸᠲ᠋ᠷ ‍ᠤᠨ ᠴᠠᠭᠠᠨ᠎ᠠ 4 ᠰᠠᠭᠣᠷᠢ ᠠᠭᠣᠳᠠᠯᠠᠭᠳᠠᠭᠰᠠᠨ ᠣᠡᠭᠭᠣᠨ ᠪᠣᠢ ᠃ ᠡᠨᠳᠡ ᠴᠡᠪᠡᠷᠯᠡᠨ ᠲᠡᠭᠰᠢᠯᠡᠭᠰᠡᠨ ᠣᠡᠭᠭᠣᠨ ᠨᠢ ᠡᠷᠳᠡ ᠦᠶ᠎ᠡ ᠶ᠋ᠢᠨ ᠠᠭᠣᠳᠠᠯᠠᠭᠳᠠᠭᠰᠠᠨ ᠦᠬᠡᠢ ᠪᠦᠷᠢᠨ ᠪᠦᠳᠣᠨ ᠣᠡᠭᠭᠣᠨ ᠪᠣᠯᠠᠢ (ᠣᠡᠭᠭᠣᠨ ᠬᠤᠯᠠᠭᠠᠶᠢᠯᠠᠭᠴᠢ ᠡᠳᠡᠭᠡᠳ ᠣᠡᠭᠭᠣᠨ ‍ᠤ ᠣᠷᠣᠢ ᠡᠴᠠ ᠠᠭᠣᠳᠠᠯᠠᠵᠣ 50 ×70 ᠰᠡᠨᠲ᠋ᠢᠮᠸᠲ᠋ᠷ  ‍ᠤᠨ ᠨᠦᠬᠡ ᠭᠠᠷᠭᠠᠵᠡᠢ  )᠃ ᠲᠣᠰ ᠣᠡᠭᠭᠣᠨ ‍ᠤ ᠪᠠᠷᠠᠭᠣᠨ ᠡᠮᠣᠨ᠎ᠡ 100 ᠮᠸᠲ᠋ᠷ ‍ᠤᠨ ᠴᠠᠭᠠᠨ᠎ᠠ 2003 ᠣᠨ ᠳ᠋ᠣ ᠪᠠᠷᠠᠭᠣᠨ ᠬᠠᠷ᠎ᠠ ᠭᠣᠤ ᠲᠣᠰᠬᠣᠨ ‍ᠤ ᠵᠠᠡᠭ xx ᠵᠡᠷᠭᠡ ᠲᠠᠪᠣᠨ ᠬᠦᠮᠣᠨ ‍ᠤ ᠮᠠᠯᠳᠠᠭᠰᠠᠨ ᠯᠢᠶᠣᠤ ᠶ᠋ᠢᠨ ᠣᠡᠭᠭᠣᠨ ᠪᠤᠢ ᠃ ᠲᠡᠳᠡ  ᠬᠦᠮᠣᠨ ‍ᠤ ᠬᠦᠭᠵᠢᠮ ᠦᠯᠢᠶᠡᠵᠣ ᠪᠠᠶᠢᠭ᠎ᠠ ᠵᠢᠷᠤᠭ ᠪᠦᠬᠦᠢ ᠬᠠᠰ ᠪᠦᠰᠡ ᠶ᠋ᠢᠨ 9 ᠭᠡᠰᠡᠭ ᠂ ᠪᠠᠭ ᠬᠣᠶᠠᠷ ᠂ ᠱᠠᠭᠠᠵᠠᠡᠭ ᠡᠳ᠋ᠯᠡᠯ 6 ᠬᠣᠪᠢ ᠠᠷᠪᠠᠭᠠᠳ ᠵᠣᠶᠢᠯ ‍ᠤᠨ ᠬᠠᠭᠣᠴᠢ ᠶ᠋ᠢ ᠬᠣᠯᠠᠭᠠᠶᠢᠯᠠᠵᠡᠢ ᠃ ᠬᠡᠪᠡᠴᠣ ᠬᠠᠭᠣᠴᠢ ᠡᠳ᠋ ‍ᠢ ᠵᠠᠡᠭ ᠣᠪᠣᠭᠳᠣ ᠭᠠᠳᠠᠭᠰᠢ ᠬᠣᠳᠠᠯᠳᠣᠨ ᠶᠠᠪᠣᠭᠣᠯᠵᠡᠢ ᠃ ᠣᠳᠣ ᠶᠠᠭ ᠨᠡᠬᠡᠮᠵᠢᠯᠡᠵᠣ ᠪᠠᠶᠢᠨ᠎ᠠ ᠃
        ᠣᠶᠢᠷ᠎ᠡ ᠶ᠋ᠢᠨ ᠬᠣᠶᠠᠷ ᠵᠢᠯ ‍ᠤᠨ ᠲᠣᠷᠰᠢ ᠂ ᠲᠣᠰᠬᠠᠢ ᠮᠡᠷᠭᠡᠵᠢᠳᠡᠳ ᠡᠴᠠ ᠲᠣᠰ ᠭᠠᠵᠠᠷ ᠡᠴᠠ ᠮᠠᠯᠳᠠᠨ ᠭᠠᠷᠭᠠᠭᠰᠠᠨ ᠣᠡᠭᠭᠣᠨ ‍ᠤ ᠡᠵᠡᠨ ‍ᠤ ᠪᠠᠶᠢᠷᠢ ᠰᠠᠭᠣᠷᠢ ᠨᠢ ᠨᠡᠯᠢᠶᠡᠳ ᠦᠨᠳᠣᠷ ᠪᠠᠶᠢᠵᠤ ᠂ ᠮᠠᠰᠢ ᠶᠡᠬᠡ ᠰᠣᠳᠣᠯᠬᠣ ᠦᠨ᠎ᠡ ᠦᠷᠳᠡᠭ ᠲᠠᠢ ᠬᠡᠵᠣ ᠲᠤᠳᠤᠯᠠᠪᠠ ᠃ ᠪᠢᠳᠡ ᠲᠣᠳᠣᠭᠠᠳᠣ ᠶ᠋ᠢ ᠬᠠᠮᠠᠭᠠᠯᠠᠬᠣ ᠲᠣᠪᠴᠢᠶ᠎ᠠ ᠲᠠᠢ ᠬᠠᠮᠳᠣᠷᠠᠵᠣ ᠂ ᠪᠦᠬᠦ ᠬᠦᠴᠣ ᠪᠠᠨ ᠲᠦᠪᠯᠡᠷᠡᠬᠦᠯᠣᠨ ᠬᠠᠮᠠᠭᠠᠯᠠᠬᠣ ᠪᠤᠯᠤᠨ᠎ᠠ ᠃
                          (ᠸᠸᠢ ᠽᠢ ᠿᠦ᠋᠂ ᠴᠢᠤ  ᠬᠦᠸ᠋ᠸ ᠬᠣᠸᠠ ᠂ ᠰᠦᠡᠭ ᠰᠢᠤ ᠵᠸᠨ  ᠪᠢᠴᠢᠵᠦ ᠂ ᠮᠠᠡᠭᠭᠣᠳ ᠪᠦᠬᠡ ᠣᠷᠴᠢᠭᠣᠯᠪᠠ  )
ᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ