ᠬᠤᠰᠢ᠍ᠭᠤ ᠨᠠᠮ ᠤᠨ ᠬᠤᠷᠢ᠍ᠶᠠᠨ ᠤ ᠱᠦᠵᠢ ᠵᠠᠩ ᠬᠤᠸᠠ ᠪᠠᠶᠢᠰᠢᠩᠳᠤ ᠪᠠᠯᠭᠠᠰᠤᠨ ᠳᠤ ᠬᠦᠷᠴᠦ ᠠᠵᠢ᠍ᠯ ᠤᠨ ᠪᠠᠶᠢᠴᠠᠭᠠᠨ ᠵᠢᠯᠤᠭᠤᠳ᠋ᠤᠯᠭ᠎ᠠ ᠬᠢᠪᠡ

ᠣᠩᠰᠢᠭᠰᠠᠨ ᠤᠳᠠᠭ᠎ᠠ ᠄ 5379     ᠨᠡᠶᠢᠳᠡᠯᠡᠭᠰᠡᠨ ᠴᠠᠭ ᠄ 2016/4/30 15:24:26


       4 ᠰᠠᠷ᠎ᠠ ᠶᠢᠨ26 ᠤ ᠡᠳ᠋ᠦᠷ ᠂ ᠬᠤᠰᠢ᠍ᠭᠤ ᠨᠠᠮ ᠤᠨ ᠬᠤᠷᠢ᠍ᠶᠠᠨ ᠤ  ᠱᠦᠵᠢ ᠵᠠᠩ ᠬᠤᠸᠠ  ᠪᠠᠶᠢᠰᠢᠩᠲᠤ ᠪᠠᠯᠭᠠᠰᠤᠨ ᠳᠤ ᠬᠦᠷᠴᠦ ᠠᠵᠢ᠍ᠯ ᠤᠨ  ᠪᠠᠶᠢᠴᠠᠭᠠᠨ ᠵᠢᠯᠤᠭᠤᠳ᠋ᠤᠯᠭ᠎ᠠ ᠬᠢᠪᠡ ᠃ ᠤᠷᠢ᠍ᠳ᠋ᠠᠪᠡᠷ  ᠬᠤᠸᠠᠩ ᠬᠤᠸᠠ ᠲᠦ᠋ᠩ ᠭᠠᠴᠠᠭᠠᠨ ᠳᠤ ᠬᠦᠷᠴᠦ ᠰᠢ᠍ᠨ᠎ᠠ ᠮᠠᠶ᠋ᠢᠭ  ᠤᠨ ᠮᠠᠲ᠋ᠸᠷᠢ᠍ᠶᠠᠯ ᠶᠢᠡᠷ ᠪᠠᠷᠢ᠍ᠭᠰᠠᠨ ᠶᠠᠩᠵᠤ ᠬᠡᠯᠪᠡᠷᠢ ᠶᠢᠨ ᠭᠡᠷ ᠪᠠᠷᠢ᠍ᠯᠭ᠎ᠠ ᠶᠢ ᠦᠵᠡᠵᠦ ᠂ ᠪᠠᠰᠠ  ᠰᠢᠨᠡᠳᠭᠡᠭᠰᠡᠨ ᠲᠠᠷᠢ᠍ᠶᠠᠴᠢ᠍ᠨ ᠡᠷᠦᠬᠡ ᠶᠢᠨ  ᠭᠡᠷ ᠲᠦ ᠤᠷᠤᠵᠤ ᠦᠵᠡᠯ ᠰᠠᠨᠠᠭᠠᠨ ᠤ ᠬᠦᠮᠦᠵᠢ᠍ᠯ ᠬᠢᠪᠡ ᠃ ᠲᠠᠷᠠᠭᠠᠴᠢ ᠪᠡᠷ ᠨᠢ  ᠪᠠᠶᠢᠰᠢᠩᠳᠤ ᠪᠠᠯᠭᠠᠰᠤᠨ ᠤ ᠵᠠᠰᠠᠭ ᠤᠨ ᠤᠷᠳ᠋ᠤᠨ ᠳᠤ  ᠬᠦᠷᠴᠤ ᠪᠦᠬᠦ ᠤᠳ᠋ᠤᠷᠢ᠍ᠳᠬᠤ ᠪᠠᠭ ᠤᠨ ᠬᠡᠰᠢ᠍ᠭᠦᠳ ᠦᠨ ᠬᠤᠷᠠᠯ ᠬᠢᠪᠡ ᠂ ᠬᠤᠷᠠᠯ ᠲᠡᠭᠡᠷ᠎ᠠ ᠪᠠᠯᠭᠠᠰᠤᠨ ᠤ ᠱᠦ᠋ᠵᠢ ᠶᠢᠨ  ᠠᠵᠢᠯ ᠤᠨ ᠮᠡᠳ᠋ᠡᠭᠦᠯᠦᠯᠲᠡ ᠶᠢ ᠰᠤᠨᠤᠰᠪᠠ ᠃ ᠵᠠᠩ   ᠱᠦᠵᠢ  ᠵᠢᠭᠠᠵᠤ ᠭᠠᠷᠭᠠᠭᠰᠠᠨ ᠨᠢ ᠄   ᠪᠠᠶᠢᠰᠢᠩᠲᠤ ᠪᠠᠯᠭᠠᠰᠤᠨ ᠤ  ᠠᠵᠢᠯ ᠤᠨ ᠬᠡᠮᠵᠢ᠍ᠶ᠎ᠠ ᠶᠡᠬᠡ ᠤᠨᠴᠠᠭᠠᠢ᠌ᠯᠠᠨ    ᠲᠦᠭᠰᠢᠬᠦᠷᠢᠳᠡᠢ ᠠᠶᠤᠯ  ᠲᠦᠭᠰᠢᠭᠦᠷᠢ ᠲᠠᠢ ᠭᠡᠷ ᠪᠠᠷᠢ᠍ᠯᠭ᠎ᠠ ᠶᠢ ᠰᠢ᠍ᠨᠡᠳᠭᠡᠬᠦ ᠠᠵᠢ᠍ᠯ ᠪᠤᠯᠪᠠᠯ ᠠᠵᠢ᠍ᠯ ᠤᠨ ᠭᠦᠴᠢ᠍ᠷᠳ᠋ᠡᠯᠭᠡ  ᠮᠦᠷᠲᠡᠭᠡᠨ ᠵᠠᠩᠬᠢᠯᠠᠭ᠎ᠠ  ᠮᠦᠨ ᠭᠡᠵᠠᠢ ᠃ ᠪᠠᠯᠭᠠᠰᠤᠨ ᠤ ᠨᠠᠮ ᠤᠨ ᠬᠤᠷᠢ᠍ᠶ᠎ᠠ ᠪᠠ ᠵᠠᠰᠠᠭ ᠤᠨ ᠤᠷᠳ᠋ᠤᠨ ᠪᠤᠳ᠋ᠠᠳ᠋ᠤ ᠪᠠᠢ᠌ᠳ᠋ᠠᠯ ᠡᠴᠡ ᠡᠭᠦᠰᠴᠦ ᠂ ᠠᠷᠪᠢᠯᠠᠬᠤ ᠵᠠᠷᠴᠢ᠍ᠮ  ᠡᠴᠡ ᠵᠠᠰᠠᠵᠤ ᠰᠢ᠍ᠨᠡᠳᠭᠡᠬᠦ ᠴᠢ᠍ᠬᠤᠯᠠ ᠲᠡᠶ  ᠶ᠋ᠢ ᠨᠢ ᠡᠷᠬᠡᠪᠢᠰᠢ ᠵᠠᠰᠠᠵᠤ ᠰᠢ᠍ᠨᠡᠳᠭᠡᠵᠦ ᠬᠡᠷᠡᠭ᠍ᠳ᠋ᠡᠢ ᠭᠡᠵᠠᠢ ᠃ ᠵᠠᠩ ᠱᠦ᠋ᠵᠢ ᠪᠠᠰᠠ ᠬᠡᠷᠡᠮ ᠬᠠᠰᠢ᠍ᠶ᠎ᠠ ᠶᠢ ᠰᠢ᠍ᠨᠡᠳᠭᠡᠬᠦ ᠂ ᠨᠤᠭᠤᠭᠠᠷᠠᠭᠤᠯᠬᠤ ᠂ ᠵᠡᠭᠡᠯᠢ ᠭᠤᠳ᠋ᠤᠮᠵᠢ ᠶᠢ  ᠬᠠᠳᠠᠷᠠᠭᠤᠯᠬᠤ ᠵᠡᠷᠭᠡ ᠲᠠᠯ᠎ᠠ ᠶᠢᠨ ᠠᠵᠢ᠍ᠯ ᠳᠤ  ᠴᠦᠮ  ᠴᠢ᠍ᠬᠤᠯᠠ ᠵᠢᠭᠠᠪᠤᠷᠢ ᠭᠠᠷᠭᠠᠵᠠᠢ ᠃

 
ᠢᠷᠡᠯᠳᠡ᠄ ᠨᠠᠢᠮᠠᠨ ᠬᠤᠰᠢᠭᠤᠨ ᠤ ᠵᠠᠰᠠᠭ ᠤᠨ ᠣᠷᠳᠣᠨ ᠨᠠᠶᠢᠷᠠᠭᠤᠯᠤᠭᠴᠢ᠄ ᠪᠤᠤ ᠵᠢᠨ ᠯᠢᠶᠠᠨ

ᠬᠠᠮᠢᠶ᠎ᠡ ᠪᠦᠬᠦᠢ ᠰᠣᠨᠢᠨ